ᠭᠡᠲᠦᠯᠦᠯ ᠭᠤᠴᠢᠨ ᠬᠣᠶᠠᠷ
ᠠᠯᠲᠠᠨ ᠲᠤᠭᠤᠯ
1 ᠮᠣᠰᠧ ᠠᠭᠤᠯᠠᠨ ᠠᠴᠠ ᠪᠠᠭᠤᠵᠤ ᠢᠷᠡᠬᠦ ᠦᠭᠡᠢ ᠤᠳᠠᠬᠤ ᠶᠢ ᠠᠷᠠᠳ ᠲᠦᠮᠡᠨ ᠬᠠᠷᠠᠭᠠᠳ᠂ ᠠᠷᠣᠨ ᠤ ᠲᠣᠭᠣᠷᠢᠨ ᠳᠤ ᠴᠤᠭᠯᠠᠷᠠᠵᠤ᠂ ᠲᠡᠭᠦᠨ ᠳᠦ᠄ 《ᠵᠠ᠂ ᠪᠢᠳᠡᠨ ᠦ ᠡᠮᠦᠨ᠎ᠡ ᠶᠠᠪᠤᠬᠤ ᠪᠤᠷᠬᠠᠨ ᠢ ᠪᠦᠲᠦᠭᠡᠵᠦ ᠥᠭ᠃ ᠪᠢᠳᠡᠨ ᠢ ᠶᠧᠵᠢᠫᠲ ᠡᠴᠡ ᠭᠠᠷᠭᠠᠵᠤ ᠠᠪᠴᠢᠷᠠᠭᠰᠠᠨ ᠨᠥᠭᠥᠭᠡ ᠮᠣᠰᠧ ᠳᠤ ᠶᠠᠭᠤ ᠲᠣᠬᠢᠶᠠᠯᠳᠤᠭᠰᠠᠨ ᠢ ᠪᠢᠳᠡ ᠮᠡᠳᠡᠬᠦ ᠦᠭᠡᠢ ᠪᠠᠢᠨ᠎ᠠ》 ᠭᠡᠯᠴᠡᠪᠡ᠃ 2 ᠠᠷᠣᠨ ᠲᠡᠳᠡᠨ ᠳᠦ᠄ 《ᠡᠬᠡᠨᠡᠷ᠂ ᠬᠥᠪᠡᠭᠦᠳ ᠥᠬᠢᠳ ᠤᠨ ᠢᠶᠠᠨ ᠴᠢᠬᠢᠨ ᠳᠤ ᠪᠠᠢᠭ᠎ᠠ ᠠᠯᠲᠠᠨ ᠡᠭᠡᠮᠦᠭ ᠤᠳ ᠢ ᠠᠪᠴᠤ᠂ ᠨᠠᠳᠠ ᠳᠤ ᠠᠪᠴᠢᠷᠠ》 ᠭᠡᠰᠡᠨ ᠳᠦ᠂ 3 ᠠᠷᠠᠳ ᠲᠦᠮᠡᠨ ᠪᠦᠭᠦᠳᠡᠭᠡᠷ ᠴᠢᠬᠢᠨ ᠡᠴᠡ ᠪᠡᠨ ᠠᠯᠲᠠᠨ ᠡᠭᠡᠮᠦᠭ ᠤᠳ ᠢᠶᠠᠨ ᠠᠪᠤᠨ ᠠᠷᠣᠨ ᠳᠤ ᠠᠪᠴᠢᠷᠠᠪᠠ᠃ 4 ᠠᠷᠣᠨ ᠲᠡᠳᠡᠨ ᠦ ᠭᠠᠷ ᠠᠴᠠ ᠲᠡᠳᠡᠭᠡᠷ ᠢ ᠠᠪᠴᠤ᠂ ᠰᠡᠢᠯᠪᠦᠷᠢ ᠶᠢᠨ ᠪᠠᠭᠠᠵᠢ ᠪᠠᠷ ᠤᠷᠠᠯᠠᠨ ᠲᠤᠭᠤᠯ ᠤᠨ ᠴᠢᠳᠬᠤᠮᠠᠯ ᠳᠦᠷᠢ ᠪᠦᠲᠦᠭᠡᠬᠦ ᠳᠦ᠂ ᠲᠡᠳᠡ᠄ 《ᠢᠰᠷᠧᠯ ᠡ᠂ ᠴᠢᠮᠠᠶᠢ ᠶᠧᠵᠢᠫᠲ ᠡᠴᠡ ᠭᠠᠷᠭᠠᠭᠰᠠᠨ ᠴᠢᠨᠦ ᠪᠤᠷᠬᠠᠨ ᠡᠨᠡ ᠪᠠᠢᠨ᠎ᠠ︕》 ᠭᠡᠵᠡᠭᠡᠪᠡ᠃ 5 ᠠᠷᠣᠨ ᠡᠭᠦᠨ ᠢ ᠦᠵᠡᠭᠡᠳ ᠲᠤᠭᠤᠯ ᠤᠨ ᠡᠮᠦᠨ᠎ᠡ ᠲᠠᠬᠢᠯ ᠤᠨ ᠰᠢᠷᠡᠭᠡ ᠪᠣᠰᠬᠠᠵᠤ᠄ 《ᠮᠠᠷᠭᠠᠰᠢ ᠶᠣᠬᠣᠸᠠ ᠳᠤ ᠵᠣᠷᠢᠭᠤᠯᠤᠭᠰᠠᠨ ᠪᠠᠶᠠᠷ ᠨᠠᠭᠠᠳᠤᠮ ᠬᠢᠨ᠎ᠡ》 ᠭᠡᠵᠦ ᠵᠠᠷᠯᠠᠪᠠ᠃ 6 ᠳᠠᠷᠠᠭ᠎ᠠ ᠡᠳᠦᠷ ᠨᠢ ᠲᠡᠳᠡ ᠡᠷᠲᠡᠯᠡᠨ ᠪᠣᠰᠴᠤ᠂ ᠰᠢᠲᠠᠭᠠᠯᠭᠠᠲᠤ ᠲᠠᠬᠢᠯ ᠤᠳ ᠢ ᠡᠷᠭᠦᠵᠦ᠂ ᠡᠪ ᠦᠨ ᠲᠠᠬᠢᠯ ᠤᠳ ᠢ ᠠᠪᠴᠢᠷᠠᠪᠠ᠃ ᠠᠷᠠᠳ ᠲᠦᠮᠡᠨ ᠰᠠᠭᠤᠵᠠᠭᠠᠨ ᠢᠳᠡᠵᠦ ᠤᠤᠭᠤᠵᠤ᠂ ᠪᠣᠰᠴᠠᠭᠠᠨ ᠨᠠᠭᠠᠳᠴᠤ ᠴᠡᠩᠭᠡᠪᠡ᠃
7 ᠲᠡᠭᠡᠲᠡᠯ᠎ᠡ ᠶᠣᠬᠣᠸᠠ ᠮᠣᠰᠧ ᠳᠤ᠄ 《ᠳᠣᠭᠣᠭᠰᠢ ᠪᠠᠨ ᠪᠠᠭᠤ᠃ ᠴᠢᠨᠦ ᠶᠧᠵᠢᠫᠲ ᠡᠴᠡ ᠭᠠᠷᠭᠠᠭᠰᠠᠨ ᠠᠷᠠᠳ ᠲᠦᠮᠡᠨ ᠴᠢᠨᠢ ᠳᠣᠷᠣᠢᠲᠠᠵᠠᠢ᠃ 8 ᠮᠢᠨᠦ ᠲᠡᠳᠡᠨ ᠳᠦ ᠲᠤᠰᠢᠶᠠᠭᠰᠠᠨ ᠵᠠᠮ ᠠᠴᠠ ᠲᠡᠳᠡ ᠬᠤᠷᠳᠤᠨ ᠭᠠᠵᠢᠭᠰᠠᠨ ᠪᠠᠢᠨ᠎ᠠ᠃ ᠲᠡᠳᠡ ᠥᠪᠡᠷᠰᠡᠳ ᠲᠡᠭᠡᠨ ᠴᠢᠳᠬᠤᠮᠠᠯ ᠲᠤᠭᠤᠯ ᠪᠦᠲᠦᠭᠡᠵᠦ᠂ ᠲᠡᠭᠦᠨ ᠳᠦ ᠮᠥᠷᠭᠥᠨ ᠲᠠᠬᠢᠯ ᠡᠷᠭᠦᠵᠦ᠂ 〈ᠢᠰᠷᠧᠯ ᠡ᠂ ᠴᠢᠮᠠᠶᠢ ᠶᠧᠵᠢᠫᠲ ᠡᠴᠡ ᠭᠠᠷᠭᠠᠭᠰᠠᠨ ᠴᠢᠨᠦ ᠪᠤᠷᠬᠠᠨ ᠡᠨᠡ ᠪᠠᠢᠨ᠎ᠠ︕〉 ᠭᠡᠵᠡᠭᠡᠵᠦ ᠪᠠᠢᠨ᠎ᠠ》 ᠭᠡᠪᠡ᠃ 9 ᠶᠣᠬᠣᠸᠠ ᠮᠣᠰᠧ ᠳᠤ᠄ 《ᠪᠢ ᠡᠨᠡ ᠠᠷᠠᠳ ᠲᠦᠮᠡᠨ ᠢ ᠬᠠᠷᠠᠭᠰᠠᠭᠠᠷ ᠪᠠᠢᠯ᠎ᠠ᠃ ᠲᠡᠳᠡ ᠦᠨᠡᠬᠡᠷ ᠵᠥᠷᠢᠭᠦᠳ ᠠᠷᠠᠳ ᠲᠦᠮᠡᠨ ᠪᠠᠢᠨ᠎ᠠ︕ 10 ᠣᠳᠣ ᠨᠠᠮᠠᠶᠢ ᠪᠦᠦ ᠬᠣᠷᠢᠭ᠎ᠠ᠂ ᠪᠢ ᠠᠭᠤᠷ ᠬᠢᠯᠢᠩ ᠢᠶᠠᠨ ᠲᠡᠳᠡᠨ ᠦ ᠡᠰᠡᠷᠭᠦ ᠰᠢᠲᠠᠭᠠᠵᠤ᠂ ᠲᠡᠳᠡᠨ ᠢ ᠤᠰᠠᠳᠬᠠᠨ᠎ᠠ᠃ ᠬᠠᠷᠢᠨ ᠴᠢᠮ᠎ᠠ ᠠᠴᠠ ᠪᠢ ᠠᠭᠤᠤ ᠦᠨᠳᠦᠰᠦᠲᠡᠨ ᠢ ᠡᠭᠦᠰᠭᠡᠨ᠎ᠡ》 ᠭᠡᠵᠦ ᠠᠢᠯᠠᠳᠪᠠ᠃
ᠵᠠᠭᠤᠴᠢᠯᠠᠨ ᠭᠤᠶᠤᠯᠲᠠ
11 ᠮᠣᠰᠧ ᠶᠣᠬᠣᠸᠠ ᠪᠤᠷᠬᠠᠨ ᠠᠴᠠ ᠪᠠᠨ ᠬᠦᠴᠦᠯᠡᠨ ᠭᠤᠶᠤᠵᠤ᠄ 《ᠶᠣᠬᠣᠸᠠ᠂ ᠲᠠ ᠥᠪᠡᠷ ᠦᠨ ᠢᠶᠠᠨ ᠠᠭᠤᠤ ᠬᠦᠴᠦ ᠴᠢᠳᠠᠯ᠂ ᠬᠦᠴᠦᠷᠬᠡᠭ ᠮᠤᠲᠤᠷ ᠢᠶᠠᠷ ᠠᠷᠠᠳ ᠲᠦᠮᠡᠨ ᠢᠶᠡᠨ ᠶᠧᠵᠢᠫᠲ ᠡᠴᠡ ᠭᠠᠷᠭᠠᠭᠰᠠᠨ ᠪᠢᠯᠡ᠂ ᠶᠠᠭᠤᠨ ᠳᠤ ᠲᠠᠨ ᠤ ᠠᠭᠤᠷ ᠬᠢᠯᠢᠩ ᠲᠡᠳᠡᠨ ᠦ ᠡᠰᠡᠷᠭᠦ ᠰᠢᠲᠠᠨ᠎ᠠ ᠪᠤᠢ︖ 12 ᠲᠠ ᠶᠠᠭᠤᠨ ᠳᠤ ᠶᠧᠵᠢᠫᠲ᠋ᠴᠦᠳ ᠢᠶᠡᠷ 〈ᠲᠡᠳᠡᠨ ᠦ ᠪᠤᠷᠬᠠᠨ ᠬᠣᠷᠣᠨ ᠮᠠᠭᠤ ᠰᠠᠨᠠᠭ᠎ᠠ ᠪᠠᠷ ᠲᠡᠳᠡᠨ ᠢ ᠠᠪᠠᠴᠢᠵᠤ ᠠᠭᠤᠯᠠᠨ ᠳᠤ ᠰᠥᠨᠥᠭᠡᠨ᠂ ᠭᠠᠵᠠᠷ ᠤᠨ ᠬᠥᠷᠥᠰᠥᠨ ᠡᠴᠡ ᠤᠰᠠᠳᠬᠠᠵᠠᠢ〉 ᠭᠡᠵᠦ ᠶᠠᠷᠢᠭᠤᠯᠬᠤ ᠶᠣᠰᠣᠲᠠᠢ ᠪᠤᠢ︖ ᠪᠠᠭᠲᠠᠷᠠᠵᠤ ᠪᠤᠢ ᠬᠢᠯᠢᠩ ᠡᠴᠡ ᠪᠡᠨ ᠡᠷᠭᠢᠵᠦ᠂ ᠠᠷᠠᠳ ᠲᠦᠮᠡᠨ ᠳᠡᠭᠡᠨ ᠬᠥᠨᠥᠭᠡᠯ ᠤᠴᠠᠷᠠᠭᠤᠯᠬᠤ ᠰᠠᠨᠠᠭ᠎ᠠ ᠪᠠᠨ ᠥᠭᠡᠷᠡᠴᠢᠯᠡᠭᠡᠴᠢ᠃ 13 ᠥᠪᠡᠷ ᠦᠨ ᠢᠶᠠᠨ ᠵᠠᠷᠤᠴᠠ ᠠᠪᠷᠠᠬᠠᠮ᠂ ᠢᠰᠠᠺ᠂ ᠢᠰᠷᠧᠯ ᠢ ᠰᠠᠨᠠᠭᠠᠴᠢ᠃ ᠲᠠ ᠲᠡᠳᠡᠨ ᠳᠦ ᠥᠪᠡᠷ ᠢᠶᠡᠷ ᠢᠶᠠᠨ ᠲᠠᠩ᠋ᠭᠠᠷᠢᠭᠯᠠᠨ 〈ᠪᠢ ᠦᠷ᠎ᠡ ᠤᠳᠤᠮ ᠢ ᠴᠢᠨᠢ ᠲᠩᠷᠢ ᠶᠢᠨ ᠣᠳᠣ ᠰᠢᠭ᠋ ᠣᠯᠠᠰᠢᠷᠠᠭᠤᠯᠵᠤ᠂ ᠠᠮᠠᠯᠠᠭᠰᠠᠨ ᠪᠦᠬᠦ ᠭᠠᠵᠠᠷ ᠢᠶᠠᠨ ᠦᠷ᠎ᠡ ᠤᠳᠤᠮ ᠳᠤ ᠴᠢᠨᠢ ᠥᠭᠴᠦ᠂ ᠲᠡᠳᠡᠨ ᠳᠦ ᠡᠭᠦᠨ ᠢ ᠡᠭᠦᠷᠢᠳᠡ ᠥᠪᠯᠡᠭᠦᠯᠦᠨ᠎ᠡ〉 ᠭᠡᠵᠦ ᠠᠢᠯᠠᠳᠤᠭᠰᠠᠨ ᠰᠢᠦ ᠳᠠ》 ᠭᠡᠪᠡ᠃ 14 ᠲᠡᠭᠡᠭᠡᠳ ᠶᠣᠬᠣᠸᠠ ᠠᠷᠠᠳ ᠲᠦᠮᠡᠨ ᠦ ᠳᠡᠭᠡᠷ᠎ᠡ ᠪᠠᠭᠤᠯᠭᠠᠨ᠎ᠠ ᠭᠡᠵᠦ ᠠᠢᠯᠠᠳᠤᠭᠰᠠᠨ ᠬᠥᠨᠥᠭᠡᠯ ᠤᠴᠠᠷᠠᠭᠤᠯᠬᠤ ᠰᠠᠨᠠᠭ᠎ᠠ ᠪᠠᠨ ᠥᠭᠡᠷᠡᠴᠢᠯᠡᠪᠡ᠃
15 ᠮᠣᠰᠧ ᠪᠤᠴᠠᠵᠤ ᠠᠭᠤᠯᠠᠨ ᠠᠴᠠ ᠪᠠᠭᠤᠪᠠ᠃ ᠭᠠᠷ ᠲᠤᠨᠢ ᠠᠷᠤ ᠥᠪᠥᠷ ᠦᠭᠡᠢ ᠪᠢᠴᠢᠭᠡᠰᠦ ᠲᠠᠢ ᠭᠡᠷᠡᠴᠢᠯᠡᠯ ᠦᠨ ᠬᠣᠶᠠᠷ ᠬᠠᠪᠲᠠᠰᠤ ᠪᠠᠢᠯ᠎ᠠ᠃ 16 ᠲᠡᠷᠡ ᠬᠠᠪᠲᠠᠰᠤ ᠶᠢ ᠪᠤᠷᠬᠠᠨ ᠥᠪᠡᠷ ᠢᠶᠡᠨ ᠪᠦᠲᠦᠭᠡᠭᠰᠡᠨ ᠪᠥᠭᠡᠳ ᠲᠡᠭᠦᠨ ᠳᠡᠭᠡᠷᠡᠬᠢ ᠪᠢᠴᠢᠭᠡᠰᠦ ᠶᠢ ᠴᠤ ᠪᠤᠷᠬᠠᠨ ᠥᠪᠡᠷ ᠢᠶᠡᠨ ᠰᠡᠢᠯᠵᠦ ᠪᠢᠴᠢᠭᠰᠡᠨ ᠶᠤᠮ᠃ 17 ᠶᠣᠱᠦ᠋ᠶ᠎ᠠ ᠠᠷᠠᠳ ᠲᠦᠮᠡᠨ ᠦ ᠬᠠᠰᠬᠢᠷᠤᠯᠳᠤᠬᠤ ᠱᠤᠤᠭᠢᠶᠠᠨ ᠢ ᠰᠣᠨᠣᠰᠣᠭᠠᠳ᠂ ᠮᠣᠰᠧ ᠳᠤ᠄ 《ᠬᠤᠸᠠᠷᠠᠨ ᠳᠤ ᠲᠤᠯᠤᠯᠳᠤᠬᠤ ᠳᠠᠭᠤ ᠭᠠᠷᠴᠤ ᠪᠠᠢᠨ᠎ᠠ》 ᠭᠡᠰᠡᠨ ᠳᠦ᠂ 18 ᠮᠣᠰᠧ᠄ 《ᠡᠨᠡ ᠪᠣᠯ ᠢᠯᠠᠯᠲᠠ ᠶᠢᠨ ᠳᠠᠭᠤ ᠪᠢᠰᠢ ᠢᠯᠠᠭᠳᠠᠯ ᠤᠨ ᠳᠠᠭᠤ ᠴᠤ ᠪᠢᠰᠢ ᠪᠢ ᠳᠠᠭᠤᠯᠠᠯᠳᠤᠬᠤ ᠴᠢᠮᠡᠭᠡ ᠶᠢ ᠰᠣᠨᠣᠰᠴᠤ ᠪᠠᠢᠨ᠎ᠠ》 ᠭᠡᠪᠡ᠃
19 ᠮᠣᠰᠧ ᠬᠤᠸᠠᠷᠠᠨ ᠳᠤ ᠣᠢᠷᠠᠲᠤᠬᠤ ᠳᠠᠭᠠᠨ ᠲᠤᠭᠤᠯ ᠪᠣᠯᠣᠨ ᠪᠥᠵᠢᠭᠯᠡᠵᠦ ᠪᠤᠢ ᠣᠯᠠᠨ ᠢ ᠬᠠᠷᠠᠭᠠᠳ ᠶᠡᠬᠡᠳᠡ ᠠᠭᠤᠷᠯᠠᠨ᠂ ᠭᠠᠷ ᠲᠠᠭᠠᠨ ᠪᠠᠢᠭ᠎ᠠ ᠬᠣᠶᠠᠷ ᠬᠠᠪᠲᠠᠰᠤ ᠶᠢ ᠬᠠᠶᠠᠵᠤ᠂ ᠠᠭᠤᠯᠠ ᠶᠢᠨ ᠪᠡᠯ ᠳᠦ ᠪᠤᠲᠠᠯᠪᠠ᠃ 20 ᠲᠡᠷᠡ ᠲᠡᠳᠡᠨ ᠦ ᠬᠢᠭᠰᠡᠨ ᠲᠤᠭᠤᠯ ᠢ ᠠᠪᠴᠤ ᠭᠠᠯ ᠳᠤ ᠰᠢᠲᠠᠭᠠᠨ᠂ ᠨᠤᠨᠲᠠᠭᠯᠠᠨ ᠪᠤᠲᠠᠯᠤᠭᠠᠳ ᠤᠰᠤᠨ ᠳᠤ ᠰᠠᠴᠤᠨ ᠲᠠᠷᠬᠠᠭᠠᠵᠤ᠂ ᠲᠡᠷᠡ ᠤᠰᠤ ᠶᠢ ᠢᠰᠷᠧᠯᠴᠦᠳ ᠲᠦ ᠤᠤᠭᠤᠯᠭᠠᠪᠠ᠃
21 ᠮᠣᠰᠧ ᠠᠷᠣᠨ ᠳᠤ᠄ 《ᠡᠨᠡ ᠠᠷᠠᠳ ᠲᠦᠮᠡᠨ ᠴᠢᠮ᠎ᠠ ᠳᠤ ᠶᠠᠭᠤ ᠦᠢᠯᠡᠳᠦᠭᠡᠳ ᠴᠢ ᠡᠳᠡ ᠨᠠᠷ ᠢ ᠡᠢᠮᠦ ᠠᠳᠠᠭ ᠤᠨ ᠨᠢᠭᠦᠯ ᠳᠦ ᠣᠷᠣᠭᠤᠯᠪᠠ︖》 ᠭᠡᠬᠦ ᠳᠦ᠂ 22 ᠠᠷᠣᠨ᠄ 《ᠡᠵᠡᠨᠲᠡᠨ ᠦ ᠮᠢᠨᠢ ᠠᠭᠤᠷ ᠬᠢᠯᠢᠩ ᠪᠦᠦ ᠳᠦᠷᠡᠯᠵᠡᠭ᠃ ᠡᠨᠡ ᠠᠷᠠᠳ ᠲᠦᠮᠡᠨ ᠪᠤᠵᠠᠷ ᠮᠠᠭᠤ ᠳᠤ ᠥᠷᠢᠲᠥᠮᠡᠲᠡᠭᠡᠢ ᠭᠡᠳᠡᠭ ᠢ ᠲᠠ ᠮᠡᠳᠡᠨ᠎ᠡ᠃ 23 ᠲᠡᠳᠡ ᠨᠠᠳᠠ ᠳᠤ 〈ᠪᠢᠳᠡᠨ ᠦ ᠡᠮᠦᠨ᠎ᠡ ᠶᠠᠪᠤᠬᠤ ᠪᠤᠷᠬᠠᠨ ᠢ ᠪᠦᠲᠦᠭᠡᠵᠦ ᠥᠭ᠃ ᠪᠢᠳᠡᠨ ᠢ ᠶᠧᠵᠢᠫᠲ ᠡᠴᠡ ᠭᠠᠷᠭᠠᠵᠤ ᠠᠪᠴᠢᠷᠠᠭᠰᠠᠨ ᠨᠥᠭᠥᠭᠡ ᠮᠣᠰᠧ ᠳᠤ ᠶᠠᠭᠤ ᠲᠣᠬᠢᠶᠠᠯᠳᠤᠭᠰᠠᠨ ᠢ ᠪᠢᠳᠡ ᠮᠡᠳᠡᠬᠦ ᠦᠭᠡᠢ ᠪᠠᠢᠨ᠎ᠠ〉 ᠭᠡᠰᠡᠨ᠃ 24 ᠪᠢ ᠲᠡᠳᠡᠨ ᠳᠦ᠄ 〈ᠠᠯᠲᠠᠨ ᠵᠢᠮᠰᠡᠭ ᠲᠡᠢ ᠬᠥᠮᠦᠰ ᠨᠢ ᠲᠡᠭᠦᠨ ᠢ ᠪᠠᠨ ᠮᠤᠯᠲᠤᠯᠵᠤ ᠥᠭ〉 ᠭᠡᠬᠦ ᠳᠦ᠂ ᠲᠡᠳᠡ ᠠᠯᠲᠠᠨ ᠵᠢᠮᠰᠡᠭ ᠢᠶᠡᠨ ᠨᠠᠳᠠ ᠳᠤ ᠥᠭᠭᠥᠭᠰᠡᠨ᠃ ᠪᠢ ᠲᠡᠳᠡᠭᠡᠷ ᠢ ᠨᠢ ᠭᠠᠯ ᠳᠤ ᠬᠠᠶᠠᠭᠰᠠᠨ ᠳᠤ᠂ ᠡᠨᠡ ᠲᠤᠭᠤᠯ ᠭᠠᠷᠴᠤ ᠢᠷᠡᠭᠰᠡᠨ》 ᠭᠡᠵᠦ ᠬᠡᠯᠡᠪᠡ᠃
25 ᠮᠣᠰᠧ ᠠᠷᠠᠳ ᠲᠦᠮᠡᠨ ᠦ ᠡᠮᠬᠢ ᠵᠠᠮᠪᠠᠷᠠᠭ᠎ᠠ ᠦᠭᠡᠢ ᠪᠠᠢᠳᠠᠯ ᠢ ᠬᠠᠷᠠᠪᠠ᠃ ᠠᠷᠣᠨ ᠲᠡᠳᠡᠨ ᠢ ᠵᠠᠮᠪᠠᠷᠠᠭ᠎ᠠ ᠦᠭᠡᠢ ᠪᠠᠢᠳᠠᠯ ᠳᠤ ᠣᠷᠬᠢᠭᠰᠠᠨ ᠢᠶᠠᠷ ᠲᠡᠳᠡ ᠳᠠᠢᠰᠤᠨ ᠨᠤᠭᠤᠳ ᠲᠠᠭᠠᠨ ᠰᠢᠪᠰᠢᠭ ᠪᠣᠯᠵᠠᠢ᠃ 26 ᠮᠣᠰᠧ ᠬᠤᠸᠠᠷᠠᠨ ᠤ ᠡᠭᠦᠳᠡᠨ ᠳᠦ ᠵᠣᠭᠰᠣᠵᠤ᠄ 《ᠶᠣᠬᠣᠸᠠ ᠶᠢᠨ ᠲᠠᠯ᠎ᠠ ᠳᠤ ᠪᠠᠢᠬᠤ ᠬᠥᠮᠦᠨ ᠨᠠᠳᠠ ᠤᠷᠤᠭᠤ ᠢᠷ᠎ᠡ︕》 ᠭᠡᠵᠦ ᠬᠡᠯᠡᠭᠰᠡᠨ ᠳᠦ᠂ ᠯᠧᠸᠢᠴᠦᠳ ᠲᠡᠭᠦᠨ ᠦ ᠡᠮᠦᠨ᠎ᠡ ᠴᠤᠭᠯᠠᠷᠠᠪᠠ᠃ 27 ᠮᠣᠰᠧ ᠲᠡᠳᠡᠨ ᠳᠦ᠄ 《ᠢᠰᠷᠧᠯ ᠤᠨ ᠪᠤᠷᠬᠠᠨ ᠶᠣᠬᠣᠸᠠ ᠢᠩᠭᠢᠵᠦ ᠠᠢᠯᠠᠳᠴᠤ ᠪᠠᠢᠨ᠎ᠠ᠄ 〈ᠬᠥᠮᠦᠨ ᠪᠦᠷᠢ ᠢᠯᠳᠦ ᠪᠡᠨ ᠲᠠᠰᠢᠶᠠᠨ ᠳᠠᠭᠠᠨ ᠵᠡᠭᠦᠵᠦ᠂ ᠬᠤᠸᠠᠷᠠᠨ ᠤ ᠨᠢᠭᠡ ᠡᠭᠦᠳᠡᠨ ᠡᠴᠡ ᠨᠥᠭᠥᠭᠡ ᠡᠭᠦᠳᠡᠨ ᠦ ᠬᠣᠭᠣᠷᠣᠨᠳᠣ ᠨᠠᠰᠢ ᠴᠠᠰᠢ ᠶᠠᠪᠤᠵᠤ᠂ ᠬᠥᠮᠦᠨ ᠪᠦᠷᠢ ᠠᠬᠠᠨ ᠳᠡᠭᠦᠦᠰ᠂ ᠨᠠᠢᠵᠢ᠂ ᠬᠥᠷᠰᠢ ᠪᠠᠨ ᠠᠯᠠ︕〉》 ᠭᠡᠵᠦ ᠬᠡᠯᠡᠪᠡ᠃ 28 ᠯᠧᠸᠢᠴᠦᠳ ᠮᠣᠰᠧ ᠶᠢᠨ ᠵᠠᠬᠢᠭᠰᠠᠨ ᠶᠣᠰᠣᠭᠠᠷ ᠦᠢᠯᠡᠳᠦᠭᠰᠡᠨ ᠳᠦ᠂ ᠲᠡᠷᠡ ᠡᠳᠦᠷ ᠠᠷᠠᠳ ᠲᠦᠮᠡᠨ ᠦ ᠳᠣᠲᠣᠷ᠎ᠠ ᠠᠴᠠ ᠭᠤᠷᠪᠠᠨ ᠮᠢᠩ᠋ᠭ᠎ᠠ ᠣᠷᠴᠢᠮ ᠬᠥᠮᠦᠨ ᠠᠯᠠᠭᠳᠠᠭᠰᠠᠨ ᠪᠠᠢᠯ᠎ᠠ᠃ 29 ᠲᠡᠭᠡᠭᠡᠳ ᠮᠣᠰᠧ᠄ 《ᠬᠥᠮᠦᠨ ᠪᠦᠷᠢ ᠬᠦᠦ ᠪᠡᠨ᠂ ᠡᠰᠡᠪᠡᠯ ᠠᠬᠠᠨ ᠳᠡᠭᠦᠦᠰ ᠢᠶᠡᠨ ᠴᠣᠬᠢᠯ᠎ᠠ᠃ ᠲᠠ ᠨᠠᠷ ᠥᠨᠥᠳᠥᠷ ᠥᠪᠡᠷᠰᠡᠳ ᠢ ᠪᠠᠨ ᠶᠣᠬᠣᠸᠠ ᠳᠤ ᠵᠣᠷᠢᠭᠤᠯ᠃ ᠲᠡᠷᠡ ᠲᠠ ᠨᠠᠷ ᠢ ᠥᠨᠥᠳᠥᠷ ᠢᠪᠡᠭᠡᠬᠦ ᠪᠣᠯᠣᠨ᠎ᠠ》 ᠭᠡᠪᠡ᠃
30 ᠳᠠᠷᠠᠭ᠎ᠠ ᠡᠳᠦᠷ ᠨᠢ ᠮᠣᠰᠧ ᠠᠷᠠᠳ ᠲᠦᠮᠡᠨ ᠳᠦ᠄ 《ᠲᠠ ᠨᠠᠷ ᠠᠳᠠᠭ ᠤᠨ ᠨᠢᠭᠦᠯ ᠦᠢᠯᠡᠳᠦᠯ᠎ᠡ᠃ ᠣᠳᠣ ᠪᠢ ᠶᠣᠬᠣᠸᠠ ᠥᠭᠡᠳᠡ ᠣᠴᠢᠶ᠎ᠠ᠃ ᠪᠢ ᠲᠠ ᠨᠠᠷ ᠤᠨ ᠨᠢᠭᠦᠯ ᠦᠨ ᠲᠥᠯᠥᠭᠡ ᠬᠡᠯᠲᠦᠷᠢᠭᠦᠯᠦᠯᠭᠡ ᠶᠢ ᠬᠢᠵᠦ ᠴᠢᠳᠠᠬᠤ ᠮᠠᠭᠠᠳ ᠦᠭᠡᠢ》 ᠭᠡᠵᠦ ᠬᠡᠯᠡᠪᠡ᠃ 31 ᠮᠣᠰᠧ ᠶᠣᠬᠣᠸᠠ ᠳᠤ ᠪᠤᠴᠠᠵᠤ ᠣᠴᠢᠨ᠄ 《ᠠᠶ᠂ ᠡᠨᠡ ᠠᠷᠠᠳ ᠲᠦᠮᠡᠨ ᠠᠶᠤᠮᠰᠢᠭᠲᠤ ᠨᠢᠭᠦᠯ ᠦᠢᠯᠡᠳᠴᠦ᠂ ᠥᠪᠡᠷᠰᠡᠳ ᠲᠡᠭᠡᠨ ᠠᠯᠲᠠᠨ ᠪᠤᠷᠬᠠᠨ ᠪᠦᠲᠦᠭᠡᠵᠡᠢ᠃ 32 ᠭᠡᠪᠡᠴᠦ ᠲᠠ ᠣᠳᠣ ᠲᠡᠳᠡᠨ ᠦ ᠨᠢᠭᠦᠯ ᠢ ᠠᠭᠤᠴᠢᠯᠠᠨ᠎ᠠ ᠤᠤ︖ ᠬᠡᠷᠪᠡ ᠦᠭᠡᠢ ᠪᠣᠯ ᠲᠠ ᠥᠪᠡᠷ ᠦᠨ ᠢᠶᠠᠨ ᠪᠢᠴᠢᠭᠰᠡᠨ ᠨᠣᠮ ᠠᠴᠠ ᠨᠠᠮᠠᠶᠢ ᠠᠷᠴᠢᠭᠠᠴᠢ︕》 ᠭᠡᠵᠦ ᠭᠤᠶᠤᠪᠠ᠃ 33 ᠶᠣᠬᠣᠸᠠ ᠮᠣᠰᠧ ᠳᠤ᠄ 《ᠬᠥᠮᠦᠨ ᠨᠠᠳᠠ ᠳᠤ ᠨᠢᠭᠦᠯ ᠦᠢᠯᠡᠳᠪᠡᠯ ᠪᠢ ᠲᠡᠭᠦᠨ ᠢ ᠥᠪᠡᠷ ᠦᠨ ᠢᠶᠠᠨ ᠨᠣᠮ ᠠᠴᠠ ᠠᠷᠴᠢᠨ᠎ᠠ᠃ 34 ᠬᠠᠷᠢᠨ ᠴᠢ ᠣᠳᠣ ᠶᠠᠪᠤ᠂ ᠮᠢᠨᠦ ᠴᠢᠮ᠎ᠠ ᠳᠤ ᠠᠢᠯᠠᠳᠤᠭᠰᠠᠨ ᠭᠠᠵᠠᠷ ᠤᠷᠤᠭᠤ ᠠᠷᠠᠳ ᠲᠦᠮᠡᠨ ᠢ ᠤᠳᠤᠷᠢᠳ᠃ ᠬᠠᠷ᠎ᠠ᠂ ᠮᠢᠨᠦ ᠡᠯᠴᠢ ᠴᠢᠨᠦ ᠡᠮᠦᠨ᠎ᠡ ᠶᠠᠪᠤᠨ᠎ᠠ︕ ᠭᠡᠬᠦ ᠳᠡᠭᠡᠨ ᠮᠢᠨᠦ ᠣᠴᠢᠵᠤ ᠰᠢᠳᠬᠡᠬᠦ ᠡᠳᠦᠷ ᠪᠣᠯᠬᠤ ᠳᠤ᠂ ᠪᠢ ᠲᠡᠳᠡᠨ ᠦ ᠨᠢᠭᠦᠯ ᠢ ᠵᠠᠪᠠᠯ ᠰᠢᠳᠬᠡᠨ᠎ᠡ》 ᠭᠡᠪᠡ᠃
35 ᠲᠡᠭᠡᠭᠡᠳ ᠠᠷᠣᠨ ᠤ ᠪᠦᠲᠦᠭᠡᠭᠰᠡᠨ ᠲᠤᠭᠤᠯ ᠳᠤ ᠮᠥᠷᠭᠥᠭᠰᠡᠨ ᠦ ᠤᠴᠢᠷ ᠢᠶᠠᠷ ᠶᠣᠬᠣᠸᠠ ᠠᠷᠠᠳ ᠲᠦᠮᠡᠨ ᠢ ᠲᠠᠬᠤᠯ ᠢᠶᠠᠷ ᠴᠣᠬᠢᠭᠰᠠᠨ ᠪᠠᠢᠨ᠎ᠠ᠃