1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠬᠣᠷᠢ ᠶᠢᠰᠦ
 ᠲᠠᠬᠢᠯᠴᠢ ᠲᠣᠮᠢᠯᠠᠬᠤ ᠶᠣᠰᠣᠯᠠᠯ

1 ᠨᠠᠳᠠ ᠳᠤ ᠦᠢᠯᠡᠴᠢᠯᠡᠬᠦ ᠲᠠᠬᠢᠯᠴᠢ ᠶᠢ ᠠᠷᠢᠭᠤᠰᠬᠠᠬᠤ ᠶᠢᠨ ᠲᠤᠯᠠᠳᠠ ᠴᠢ ᠢᠩᠭᠢᠵᠦ ᠦᠢᠯᠡᠳ᠄ ᠰᠣᠭᠣᠭ ᠦᠭᠡᠢ ᠨᠢᠭᠡ ᠵᠠᠯᠠᠭᠤ ᠪᠤᠬ᠎ᠠ᠂ ᠬᠣᠶᠠᠷ ᠬᠤᠴᠠ ᠪᠡᠯᠡᠳᠬᠡᠵᠦ᠂ 2 ᠤᠯᠠᠭᠠᠨ ᠪᠤᠭᠤᠳᠠᠢ ᠶᠢᠨ ᠨᠠᠷᠢᠯᠢᠭ᠋ ᠭᠤᠯᠢᠷ ᠢᠶᠠᠷ ᠬᠢᠭᠰᠡᠨ ᠢᠰᠭᠡᠭᠡ ᠦᠭᠡᠢ ᠪᠣᠣᠪᠣ᠂ ᠲᠣᠰᠣ ᠲᠠᠢ ᠪᠠᠭᠰᠤᠷᠠᠭᠰᠠᠨ ᠢᠰᠭᠡᠭᠡ ᠦᠭᠡᠢ ᠪᠣᠭᠣᠷᠰᠣᠭ᠂ ᠢᠰᠭᠡᠭᠡ ᠦᠭᠡᠢ ᠬᠠᠭᠠᠷᠢᠭᠰᠠᠨ ᠪᠣᠣᠪᠣ ᠵᠡᠷᠭᠡ ᠶᠢ ᠪᠡᠯᠡᠳᠬᠡ᠃ 3 ᠡᠳᠡᠭᠡᠷ ᠢ ᠨᠢᠭᠡ ᠰᠠᠭᠰᠤᠨ ᠳᠤ ᠬᠢᠵᠦ᠂ ᠥᠨᠥᠬᠢ ᠪᠤᠬ᠎ᠠ ᠪᠠ ᠬᠣᠶᠠᠷ ᠬᠤᠴᠠ ᠶᠢᠨ ᠬᠠᠮᠲᠤ ᠡᠷᠭᠦ᠃ 4 ᠴᠢ ᠠᠷᠣᠨ ᠪᠣᠯᠣᠨ ᠲᠡᠭᠦᠨ ᠦ ᠬᠥᠪᠡᠭᠦᠳ ᠢ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠠᠪᠴᠢᠷᠠᠵᠤ᠂ ᠤᠰᠤ ᠪᠠᠷ ᠤᠬᠢᠶᠠ᠃ 5 ᠬᠤᠪᠴᠠᠰᠤ ᠬᠤᠨᠠᠷ ᠢ ᠠᠪᠴᠢᠷᠠᠵᠤ᠂ ᠠᠷᠣᠨ ᠳᠤ ᠳᠣᠲᠣᠷ ᠴᠠᠮᠴᠠ᠂ ᠡᠹᠣᠳ ᠤᠨ ᠳᠣᠲᠣᠷ᠎ᠠ ᠡᠮᠦᠰᠳᠡᠭ ᠭᠠᠳᠠᠷ ᠴᠠᠮᠴᠠ᠂ ᠡᠹᠣᠳ᠂ ᠴᠡᠭᠡᠵᠢᠪᠴᠢ ᠶᠢ ᠡᠮᠦᠰᠬᠡᠨ᠂ ᠡᠹᠣᠳ ᠢ ᠤᠷᠠᠨ ᠨᠡᠬᠡᠮᠡᠯ ᠪᠦᠰᠡ ᠪᠡᠷ ᠪᠦᠰᠡᠯᠡᠭᠲᠦᠨ᠃ 6 ᠲᠣᠯᠣᠭᠠᠢ ᠶᠢ ᠨᠢ ᠣᠷᠢᠶᠠᠯᠲᠠ ᠪᠠᠷ ᠣᠷᠢᠶᠠᠵᠤ᠂ ᠣᠷᠢᠶᠠᠯᠲᠠ ᠳᠡᠭᠡᠷ᠎ᠡ ᠠᠷᠢᠭᠤᠨ ᠲᠢᠲᠢᠮ ᠢ ᠲᠠᠯᠪᠢ᠃ 7 ᠲᠡᠭᠡᠭᠡᠳ ᠲᠣᠰᠣᠯᠠᠯᠭ᠎ᠠ ᠶᠢᠨ ᠲᠣᠰᠣ ᠠᠪᠴᠤ ᠲᠣᠯᠣᠭᠠᠢ ᠳᠡᠭᠡᠷ᠎ᠡ ᠨᠢ ᠠᠰᠬᠠᠨ᠂ ᠲᠡᠭᠦᠨ ᠢ ᠲᠣᠰᠣᠯᠠ᠃ 8 ᠳᠠᠷᠠᠭ᠎ᠠ ᠨᠢ ᠬᠥᠪᠡᠭᠦᠳ ᠢ ᠨᠢ ᠠᠪᠴᠢᠷᠠᠵᠤ᠂ ᠳᠣᠲᠣᠷ ᠴᠠᠮᠴᠠ ᠡᠮᠦᠰᠬᠡᠨ᠂ 9 ᠲᠣᠯᠣᠭᠠᠢ ᠳᠤᠨᠢ ᠠᠯᠴᠢᠭᠤᠷ ᠤᠷᠢᠶᠠ᠃ ᠠᠷᠣᠨ ᠪᠣᠯᠣᠨ ᠲᠡᠭᠦᠨ ᠦ ᠬᠥᠪᠡᠭᠦᠳ ᠪᠦᠰᠡ ᠪᠦᠰᠡᠯᠡᠬᠦ ᠶᠣᠰᠣᠲᠠᠢ᠃ ᠢᠩᠭᠢᠵᠦ ᠲᠠᠬᠢᠯᠴᠢ ᠶᠢᠨ ᠠᠯᠪᠠ ᠡᠭᠦᠷᠢᠳᠡ ᠶᠢᠨ ᠵᠢᠷᠤᠮ ᠢᠶᠠᠷ ᠲᠡᠳᠡᠨ ᠦ ᠬᠢ ᠪᠠᠢᠬᠤ ᠪᠣᠯᠣᠨ᠎ᠠ᠃ ᠲᠡᠢᠨ ᠬᠦ ᠴᠢ ᠠᠷᠣᠨ ᠪᠣᠯᠣᠨ ᠲᠡᠭᠦᠨ ᠦ ᠬᠥᠪᠡᠭᠦᠳ ᠢ ᠲᠣᠮᠢᠯᠠᠬᠤ ᠶᠣᠰᠣᠲᠠᠢ᠃
 ᠲᠣᠮᠢᠯᠠᠬᠤ ᠶᠣᠰᠣᠯᠠᠯ ᠤᠨ ᠲᠠᠬᠢᠯ

10 ᠴᠢ ᠠᠭᠤᠯᠵᠠᠯᠲᠠ ᠶᠢᠨ ᠴᠠᠴᠠᠷ ᠤᠨ ᠡᠮᠦᠨ᠎ᠡ ᠵᠠᠯᠠᠭᠤ ᠪᠤᠬ᠎ᠠ ᠠᠪᠴᠢᠷᠠᠵᠤ᠂ ᠠᠷᠣᠨ ᠬᠢᠭᠡᠳ ᠲᠡᠭᠦᠨ ᠦ ᠬᠥᠪᠡᠭᠦᠳ ᠢᠶᠡᠷ ᠵᠠᠯᠠᠭᠤ ᠪᠤᠬ᠎ᠠ ᠶᠢᠨ ᠲᠣᠯᠣᠭᠠᠢ ᠳᠡᠭᠡᠷ᠎ᠡ ᠭᠠᠷ ᠲᠠᠯᠪᠢᠭᠤᠯᠵᠤ᠂ 11 ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠶᠣᠬᠣᠸᠠ ᠶᠢᠨ ᠡᠮᠦᠨ᠎ᠡ ᠪᠤᠬ᠎ᠠ ᠶᠢ ᠨᠢᠲᠤᠯ᠃ 12 ᠲᠡᠭᠡᠭᠡᠳ ᠪᠤᠬ᠎ᠠ ᠶᠢᠨ ᠴᠢᠰᠤᠨ ᠠᠴᠠ ᠠᠪᠤᠭᠠᠳ ᠲᠠᠬᠢᠯ ᠤᠨ ᠰᠢᠷᠡᠭᠡᠨ ᠦ ᠡᠪᠡᠷ ᠤᠳ ᠲᠤ ᠬᠤᠷᠤᠭᠤ ᠪᠠᠷ ᠢᠶᠠᠨ ᠲᠦᠷᠬᠢᠵᠦ ᠪᠦᠬᠦ ᠴᠢᠰᠤ ᠶᠢ ᠲᠠᠬᠢᠯ ᠤᠨ ᠰᠢᠷᠡᠭᠡᠨ ᠦ ᠰᠠᠭᠤᠷᠢ ᠤᠷᠤᠭᠤ ᠠᠰᠬ᠎ᠠ᠃ 13 ᠪᠦᠬᠦ ᠳᠣᠲᠣᠷ ᠥᠭᠡᠬᠦ᠂ ᠥᠨᠥᠴᠢᠨ ᠡᠯᠢᠭᠡ᠂ ᠬᠣᠶᠠᠷ ᠪᠥᠭᠡᠷ᠎ᠡ ᠶᠢ ᠥᠭᠡᠬᠦ ᠲᠠᠢ ᠨᠢ ᠠᠪᠴᠤ ᠲᠠᠬᠢᠯ ᠤᠨ ᠰᠢᠷᠡᠭᠡᠨ ᠳᠡᠭᠡᠷ᠎ᠡ ᠰᠢᠲᠠᠭ᠎ᠠ᠃ 14 ᠬᠠᠷᠢᠨ ᠪᠤᠬ᠎ᠠ ᠶᠢᠨ ᠮᠢᠬ᠎ᠠ᠂ ᠠᠷᠠᠰᠤ᠂ ᠰᠡᠪᠡᠰᠦ ᠶᠢ ᠬᠤᠸᠠᠷᠠᠨ ᠤ ᠭᠠᠳᠠᠨ᠎ᠠ ᠭᠠᠯ ᠳᠤ ᠰᠢᠲᠠᠭ᠎ᠠ᠃ ᠡᠨᠡ ᠪᠣᠯ ᠨᠢᠭᠦᠯ ᠦᠨ ᠲᠠᠬᠢᠯ ᠶᠤᠮ᠃

15 ᠴᠢ ᠪᠠᠰᠠ ᠨᠢᠭᠡ ᠬᠤᠴᠠ ᠠᠪᠴᠤ᠂ ᠠᠷᠣᠨ ᠪᠣᠯᠣᠨ ᠲᠡᠭᠦᠨ ᠦ ᠬᠥᠪᠡᠭᠦᠳ ᠢᠶᠡᠷ ᠬᠤᠴᠠ ᠶᠢᠨ ᠲᠣᠯᠣᠭᠠᠢ ᠳᠡᠭᠡᠷ᠎ᠡ ᠭᠠᠷ ᠲᠠᠯᠪᠢᠭᠤᠯ᠃ 16 ᠲᠡᠭᠡᠭᠡᠳ ᠬᠤᠴᠠ ᠶᠢ ᠨᠢᠲᠤᠯᠵᠤ᠂ ᠴᠢᠰᠤ ᠶᠢ ᠨᠢ ᠠᠪᠤᠭᠠᠳ ᠲᠠᠬᠢᠯ ᠤᠨ ᠰᠢᠷᠡᠭᠡᠨ ᠳᠡᠭᠡᠷ᠎ᠡ ᠲᠣᠭᠣᠷᠢᠭᠤᠯᠤᠨ ᠰᠠᠴᠤ᠃ 17 ᠳᠠᠷᠠᠭ᠎ᠠ ᠨᠢ ᠲᠡᠷᠡ ᠬᠤᠴᠠ ᠶᠢ ᠲᠤᠶᠠᠴᠢᠨ᠂ ᠭᠡᠳᠡᠰᠦ ᠳᠣᠲᠣᠷ ᠪᠣᠯᠣᠨ ᠭᠤᠶ᠎ᠠ ᠶᠢ ᠨᠢ ᠤᠬᠢᠶᠠᠵᠤ᠂ ᠪᠤᠰᠤᠳ ᠬᠡᠰᠡᠭ ᠪᠣᠯᠣᠨ ᠲᠣᠯᠣᠭᠠᠢ ᠶᠢᠨ ᠬᠢᠨᠢ ᠳᠡᠷᠭᠡᠳᠡ ᠲᠠᠯᠪᠢᠭᠲᠤᠨ᠃ 18 ᠲᠡᠭᠡᠭᠡᠳ ᠬᠤᠴᠠ ᠶᠢ ᠪᠦᠬᠦᠯᠢ ᠪᠠᠷ ᠨᠢ ᠲᠠᠬᠢᠯ ᠤᠨ ᠰᠢᠷᠡᠭᠡᠨ ᠳᠡᠭᠡᠷ᠎ᠡ ᠰᠢᠲᠠᠭ᠎ᠠ᠃ ᠡᠨᠡ ᠨᠢ ᠶᠣᠬᠣᠸᠠ ᠳᠤ ᠪᠠᠷᠢᠬᠤ ᠰᠢᠲᠠᠭᠠᠯᠭᠠᠲᠤ ᠲᠠᠬᠢᠯ᠂ ᠲᠠᠭᠠᠯᠠᠮᠵᠢᠲᠤ ᠠᠩᠬᠢᠯᠤᠭᠤᠨ ᠦᠨᠦᠷ ᠪᠥᠭᠡᠳ ᠶᠣᠬᠣᠸᠠ ᠳᠤ ᠪᠠᠷᠢᠬᠤ ᠭᠠᠯ ᠤᠨ ᠲᠠᠬᠢᠯ ᠶᠤᠮ᠃

19 ᠴᠢ ᠥᠭᠡᠷ᠎ᠡ ᠬᠤᠴᠠ ᠶᠢ ᠠᠪᠴᠤ᠂ ᠠᠷᠣᠨ ᠪᠣᠯᠣᠨ ᠲᠡᠭᠦᠨ ᠦ ᠬᠥᠪᠡᠭᠦᠳ ᠢᠶᠡᠷ ᠬᠤᠴᠠ ᠶᠢᠨ ᠲᠣᠯᠣᠭᠠᠢ ᠳᠡᠭᠡᠷ᠎ᠡ ᠭᠠᠷ ᠲᠠᠯᠪᠢᠭᠤᠯ᠃ 20 ᠲᠡᠭᠡᠭᠡᠳ ᠬᠤᠴᠠ ᠶᠢ ᠨᠢᠲᠤᠯᠵᠤ᠂ ᠴᠢᠰᠤᠨ ᠠᠴᠠ ᠨᠢ ᠠᠪᠤᠭᠠᠳ ᠠᠷᠣᠨ ᠪᠣᠯᠣᠨ ᠲᠡᠭᠦᠨ ᠦ ᠬᠥᠪᠡᠭᠦᠳ ᠦᠨ ᠪᠠᠷᠠᠭᠤᠨ ᠴᠢᠬᠢᠨ ᠤ ᠳᠡᠪᠢᠰᠬᠡᠷ᠂ ᠪᠠᠷᠠᠭᠤᠨ ᠭᠠᠷ ᠤᠨ ᠬᠢᠨᠢ ᠡᠷᠡᠬᠡᠢ ᠬᠤᠷᠤᠭᠤ ᠪᠣᠯᠣᠨ ᠪᠠᠷᠠᠭᠤᠨ ᠬᠥᠯ ᠦᠨ ᠬᠢᠨᠢ ᠡᠷᠡᠬᠡᠢ ᠬᠤᠷᠤᠭᠤᠨ ᠳᠡᠭᠡᠷ᠎ᠡ ᠲᠦᠷᠬᠢ᠂ ᠲᠡᠭᠡᠭᠡᠳ ᠦᠯᠡᠳᠡᠭᠰᠡᠨ ᠴᠢᠰᠤ ᠶᠢ ᠨᠢ ᠲᠠᠬᠢᠯ ᠤᠨ ᠰᠢᠷᠡᠭᠡᠨ ᠳᠡᠭᠡᠷ᠎ᠡ ᠲᠣᠭᠣᠷᠢᠭᠤᠯᠤᠨ ᠰᠠᠴᠤ᠃ 21 ᠳᠠᠷᠠᠭ᠎ᠠ ᠨᠢ ᠲᠠᠬᠢᠯ ᠤᠨ ᠰᠢᠷᠡᠭᠡᠨ ᠳᠡᠭᠡᠷᠡᠬᠢ ᠴᠢᠰᠤ᠂ ᠮᠥᠨ ᠲᠣᠰᠣᠯᠠᠯᠭ᠎ᠠ ᠶᠢᠨ ᠲᠣᠰᠣᠨ ᠠᠴᠠ ᠠᠪᠴᠤ᠂ ᠠᠷᠣᠨ ᠪᠠ ᠲᠡᠭᠦᠨ ᠦ ᠡᠮᠦᠰᠬᠡᠯ᠂ ᠲᠡᠭᠦᠨ ᠦ ᠬᠥᠪᠡᠭᠦᠳ ᠪᠠ ᠲᠡᠳᠡᠨ ᠦ ᠡᠮᠦᠰᠬᠡᠯ ᠳᠡᠭᠡᠷ᠎ᠡ ᠰᠠᠴᠤ᠃ ᠡᠢᠨ ᠬᠦ ᠠᠷᠣᠨ ᠪᠠ ᠲᠡᠭᠦᠨ ᠦ ᠡᠮᠦᠰᠬᠡᠯ᠂ ᠲᠡᠭᠦᠨ ᠦ ᠬᠥᠪᠡᠭᠦᠳ ᠪᠠ ᠲᠡᠳᠡᠨ ᠦ ᠡᠮᠦᠰᠬᠡᠯ ᠠᠷᠢᠭᠤᠰᠬᠠᠭᠳᠠᠨ᠎ᠠ᠃

22 ᠴᠢ ᠪᠠᠰᠠ ᠲᠡᠷᠡ ᠬᠤᠴᠠ ᠶᠢᠨ ᠥᠭᠡᠬᠦ᠂ ᠰᠡᠭᠦᠯ᠂ ᠳᠣᠲᠣᠷ ᠥᠭᠡᠬᠦ᠂ ᠥᠨᠥᠴᠢᠨ ᠡᠯᠢᠭᠡ᠂ ᠬᠣᠶᠠᠷ ᠪᠥᠭᠡᠷ᠎ᠡ ᠪᠠ ᠲᠡᠳᠡᠭᠡᠷ ᠦᠨ ᠳᠡᠭᠡᠷᠡᠬᠢ ᠥᠭᠡᠬᠦ᠂ ᠪᠠᠷᠠᠭᠤᠨ ᠭᠤᠶ᠎ᠠ ᠶᠢ ᠠᠪᠬᠤ (ᠡᠨᠡ ᠨᠢ ᠲᠣᠮᠢᠯᠠᠬᠤ ᠶᠣᠰᠣᠯᠠᠯ ᠳᠤ ᠵᠣᠷᠢᠭᠤᠯᠤᠭᠳᠠᠭᠰᠠᠨ ᠬᠤᠴᠠ ᠶᠤᠮ) ᠪᠥᠭᠡᠳ 23 ᠮᠥᠨ ᠶᠣᠬᠣᠸᠠ ᠳᠤ ᠪᠠᠷᠢᠬᠤ ᠢᠰᠭᠡᠭᠡ ᠦᠭᠡᠢ ᠪᠣᠣᠪᠣ ᠶᠢᠨ ᠰᠠᠭᠰᠤᠨ ᠠᠴᠠ ᠨᠢᠭᠡ ᠪᠣᠣᠪᠣ᠂ ᠨᠢᠭᠡ ᠲᠣᠰᠣ ᠲᠠᠢ ᠪᠠᠭᠰᠤᠷᠠᠭᠰᠠᠨ ᠪᠣᠭᠣᠷᠰᠣᠭ᠂ ᠨᠢᠭᠡ ᠬᠠᠭᠠᠷᠢᠭᠰᠠᠨ ᠪᠣᠣᠪᠣ ᠶᠢ ᠠᠪᠴᠤ᠂ 24 ᠡᠨᠡ ᠪᠦᠭᠦᠳᠡ ᠶᠢ ᠠᠷᠣᠨ ᠪᠣᠯᠣᠨ ᠲᠡᠭᠦᠨ ᠦ ᠬᠥᠪᠡᠭᠦᠳ ᠦᠨ ᠭᠠᠷ ᠲᠤ ᠲᠠᠯᠪᠢᠵᠤ᠂ ᠶᠣᠬᠣᠸᠠ ᠶᠢᠨ ᠡᠮᠦᠨ᠎ᠡ ᠳᠠᠯᠠᠯᠬᠤ ᠡᠷᠭᠦᠯ ᠪᠣᠯᠭᠠᠨ ᠳᠠᠯᠠᠯᠤᠭᠤᠯ᠃ 25 ᠴᠢ ᠲᠡᠳᠡᠭᠡᠷ ᠢ ᠭᠠᠷ ᠠᠴᠠ ᠨᠢ ᠠᠪᠴᠤ ᠲᠠᠬᠢᠯ ᠤᠨ ᠰᠢᠷᠡᠭᠡᠨ ᠳᠡᠭᠡᠷ᠎ᠡ ᠰᠢᠲᠠᠭᠠᠯᠭᠠᠲᠤ ᠲᠠᠬᠢᠯ ᠲᠠᠢ ᠬᠠᠮᠲᠤ ᠰᠢᠲᠠᠭ᠎ᠠ᠃ ᠡᠨᠡ ᠨᠢ ᠶᠣᠬᠣᠸᠠ ᠶᠢᠨ ᠡᠮᠦᠨ᠎ᠡ ᠲᠠᠭᠠᠯᠠᠮᠵᠢᠲᠤ ᠠᠩᠬᠢᠯᠤᠭᠤᠨ ᠦᠨᠦᠷ᠂ ᠶᠣᠬᠣᠸᠠ ᠳᠤ ᠪᠠᠷᠢᠬᠤ ᠭᠠᠯ ᠤᠨ ᠲᠠᠬᠢᠯ ᠶᠤᠮ᠃
 ᠲᠠᠬᠢᠯᠴᠢ ᠶᠢᠨ ᠬᠦᠷᠲᠡᠬᠦ ᠬᠤᠪᠢ

26 ᠴᠢ ᠠᠷᠣᠨ ᠤ ᠲᠣᠮᠢᠯᠠᠬᠤ ᠶᠣᠰᠣᠯᠠᠯ ᠳᠤ ᠵᠣᠷᠢᠭᠤᠯᠤᠭᠰᠠᠨ ᠬᠤᠴᠠ ᠶᠢᠨ ᠡᠪᠴᠢᠭᠦᠦ ᠶᠢ ᠠᠪᠴᠤ᠂ ᠶᠣᠬᠣᠸᠠ ᠶᠢᠨ ᠡᠮᠦᠨ᠎ᠡ ᠳᠠᠯᠠᠯᠬᠤ ᠡᠷᠭᠦᠯ ᠪᠣᠯᠭᠠᠨ ᠳᠠᠯᠠᠯ᠂ ᠲᠡᠷᠡ ᠨᠢ ᠴᠢᠨᠦ ᠬᠤᠪᠢ ᠪᠣᠯᠣᠨ᠎ᠠ᠃ 27 ᠠᠷᠣᠨ ᠪᠣᠯᠣᠨ ᠲᠡᠭᠦᠨ ᠦ ᠬᠥᠪᠡᠭᠦᠳ ᠢ ᠲᠣᠮᠢᠯᠠᠬᠤ ᠶᠣᠰᠣᠯᠠᠯ ᠳᠤ ᠵᠣᠷᠢᠭᠤᠯᠤᠭᠰᠠᠨ ᠬᠤᠴᠠ ᠠᠴᠠ ᠳᠠᠯᠠᠯᠬᠤ ᠡᠷᠭᠦᠯ ᠳᠦ ᠳᠠᠯᠠᠯᠤᠭᠰᠠᠨ ᠡᠪᠴᠢᠭᠦᠦ ᠬᠢᠭᠡᠳ ᠬᠠᠨᠳᠢᠪ ᠪᠣᠯᠭᠠᠨ ᠡᠷᠭᠦᠭᠰᠡᠨ ᠭᠤᠶ᠎ᠠ ᠶᠢ ᠠᠷᠢᠭᠤᠰᠬ᠎ᠠ᠃ 28 ᠡᠨᠡ ᠨᠢ ᠠᠷᠣᠨ ᠪᠣᠯᠣᠨ ᠲᠡᠭᠦᠨ ᠦ ᠬᠥᠪᠡᠭᠦᠳ ᠦᠨ ᠢᠰᠷᠧᠯᠴᠦᠳ ᠡᠴᠡ ᠬᠦᠷᠲᠡᠬᠦ ᠪᠠᠢᠩ᠋ᠭᠤ ᠶᠢᠨ ᠬᠤᠪᠢ᠂ ᠡᠨᠡ ᠨᠢ ᠢᠰᠷᠧᠯᠴᠦᠳ ᠦᠨ ᠡᠪ ᠦᠨ ᠲᠠᠬᠢᠯ ᠠᠴᠠ ᠶᠣᠬᠣᠸᠠ ᠳᠤ ᠡᠷᠭᠦᠬᠦ ᠬᠠᠨᠳᠢᠪ ᠮᠥᠨ᠃

29 ᠠᠷᠣᠨ ᠤ ᠠᠷᠢᠭᠤᠨ ᠡᠮᠦᠰᠬᠡᠯ ᠢ ᠲᠡᠭᠦᠨ ᠦ ᠦᠷ᠎ᠡ ᠤᠳᠤᠮ ᠵᠠᠯᠭᠠᠮᠵᠢᠯᠠᠬᠤ ᠪᠥᠭᠡᠳ ᠲᠡᠳᠡ ᠡᠭᠦᠨ ᠢ ᠡᠮᠦᠰᠦᠨ ᠲᠣᠰᠣᠯᠠᠯᠭ᠎ᠠ ᠬᠦᠷᠲᠡᠵᠦ᠂ ᠲᠣᠮᠢᠯᠠᠭᠳᠠᠬᠤ ᠪᠣᠯᠣᠨ᠎ᠠ᠃ 30 ᠲᠡᠭᠦᠨ ᠦ ᠳᠠᠷᠠᠭᠠᠬᠢ ᠲᠠᠬᠢᠯᠴᠢ ᠪᠣᠯᠵᠤ᠂ ᠠᠭᠤᠯᠵᠠᠯᠲᠠ ᠶᠢᠨ ᠴᠠᠴᠠᠷ ᠲᠤ ᠣᠷᠣᠵᠤ ᠠᠷᠢᠭᠤᠨ ᠭᠠᠵᠠᠷ ᠲᠤ ᠦᠢᠯᠡᠴᠢᠯᠡᠬᠦ ᠬᠥᠪᠡᠭᠦᠨ ᠡᠨᠡ ᠡᠮᠦᠰᠬᠡᠯ ᠢ ᠳᠣᠯᠣᠭ᠎ᠠ ᠬᠣᠨᠣᠭ ᠤᠨ ᠲᠤᠷᠰᠢ ᠡᠮᠦᠰᠬᠦ ᠶᠣᠰᠣᠲᠠᠢ᠃

31 ᠴᠢ ᠲᠣᠮᠢᠯᠠᠬᠤ ᠶᠣᠰᠣᠯᠠᠯ ᠳᠤ ᠵᠣᠷᠢᠭᠤᠯᠤᠭᠰᠠᠨ ᠬᠤᠴᠠ ᠶᠢ ᠠᠪᠴᠤ᠂ ᠮᠢᠬ᠎ᠠ ᠶᠢ ᠨᠢ ᠠᠷᠢᠭᠤᠨ ᠭᠠᠵᠠᠷ ᠲᠤ ᠴᠢᠨᠠ᠃ 32 ᠠᠷᠣᠨ ᠪᠣᠯᠣᠨ ᠲᠡᠭᠦᠨ ᠦ ᠬᠥᠪᠡᠭᠦᠳ ᠲᠡᠷᠡ ᠬᠤᠴᠠ ᠶᠢᠨ ᠮᠢᠬ᠎ᠠ ᠶᠢ ᠰᠠᠭᠰᠤᠨ ᠳᠠᠬᠢ ᠪᠣᠣᠪᠣ ᠶᠢᠨ ᠬᠠᠮᠲᠤ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠢᠳᠡᠬᠦ ᠪᠣᠯᠣᠨ᠎ᠠ᠃ 33 ᠲᠡᠳᠡᠨ ᠦ ᠲᠣᠮᠢᠯᠠᠬᠤ ᠪᠠ ᠠᠷᠢᠭᠤᠰᠬᠠᠬᠤ ᠶᠣᠰᠣᠯᠠᠯ ᠳᠡᠭᠡᠷ᠎ᠡ ᠭᠡᠮ ᠢᠶᠡᠨ ᠬᠡᠯᠲᠦᠷᠢᠭᠦᠯᠬᠦ ᠳᠦ ᠬᠡᠷᠡᠭᠯᠡᠭᠰᠡᠨ ᠡᠳᠡᠭᠡᠷ ᠶᠠᠭᠤᠮᠠᠰ ᠨᠢ ᠠᠷᠢᠭᠤᠨ ᠤᠴᠢᠷ ᠠᠴᠠ ᠲᠡᠳᠡ ᠨᠠᠷ ᠯᠠ ᠢᠳᠡᠵᠦ ᠪᠣᠯᠣᠨ᠎ᠠ᠂ ᠪᠤᠰᠤᠳ ᠬᠥᠮᠦᠨ ᠢᠳᠡᠵᠦ ᠪᠣᠯᠬᠤ ᠦᠭᠡᠢ᠃ 34 ᠬᠡᠷᠪᠡ ᠲᠣᠮᠢᠯᠠᠬᠤ ᠶᠣᠰᠣᠯᠠᠯ ᠤᠨ ᠮᠢᠬᠠᠨ ᠠᠴᠠ᠂ ᠡᠰᠡᠪᠡᠯ ᠪᠣᠣᠪᠣ ᠠᠴᠠ ᠥᠷᠯᠥᠭᠡ ᠪᠣᠯᠲᠠᠯ᠎ᠠ ᠦᠯᠡᠳᠡᠪᠡᠯ᠂ ᠦᠯᠡᠳᠡᠪᠦᠷᠢ ᠶᠢ ᠨᠢ ᠭᠠᠯ ᠳᠤ ᠰᠢᠲᠠᠭ᠎ᠠ᠃ ᠡᠳᠡᠭᠡᠷ ᠨᠢ ᠠᠷᠢᠭᠤᠨ ᠤᠴᠢᠷ ᠠᠴᠠ ᠢᠳᠡᠵᠦ ᠪᠣᠯᠬᠤ ᠦᠭᠡᠢ᠃

35 ᠲᠡᠢᠨ ᠬᠦ ᠮᠢᠨᠦ ᠴᠢᠮ᠎ᠠ ᠳᠤ ᠲᠤᠰᠢᠶᠠᠭᠰᠠᠨ ᠪᠦᠬᠦᠨ ᠦ ᠶᠣᠰᠣᠭᠠᠷ ᠴᠢ ᠠᠷᠣᠨ ᠪᠣᠯᠣᠨ ᠲᠡᠭᠦᠨ ᠦ ᠬᠥᠪᠡᠭᠦᠳ ᠲᠦ ᠦᠢᠯᠡᠳ᠃ ᠴᠢ ᠲᠡᠳᠡᠨ ᠳᠦ ᠳᠣᠯᠣᠭᠠᠨ ᠬᠣᠨᠣᠭ ᠤᠨ ᠲᠤᠷᠰᠢ ᠲᠣᠮᠢᠯᠠᠬᠤ ᠶᠣᠰᠣᠯᠠᠯ ᠭᠦᠢᠴᠡᠳᠬᠡ᠃ 36 ᠴᠢ ᠭᠡᠮ ᠦᠨ ᠬᠡᠯᠲᠦᠷᠢᠭᠦᠯᠦᠯᠭᠡ ᠶᠢ ᠬᠢᠬᠦ ᠪᠡᠷ ᠡᠳᠦᠷ ᠪᠦᠷᠢ ᠨᠢᠭᠦᠯ ᠦᠨ ᠲᠠᠬᠢᠯ ᠪᠣᠯᠭᠠᠨ ᠨᠢᠭᠡ ᠵᠠᠯᠠᠭᠤ ᠪᠤᠬ᠎ᠠ ᠡᠷᠭᠦ᠃ ᠴᠢ ᠲᠠᠬᠢᠯ ᠤᠨ ᠰᠢᠷᠡᠭᠡᠨ ᠳᠡᠭᠡᠷ᠎ᠡ ᠭᠡᠮ ᠦᠨ ᠬᠡᠯᠲᠦᠷᠢᠭᠦᠯᠦᠯ ᠢ ᠬᠢᠵᠦ᠂ ᠰᠢᠷᠡᠭᠡ ᠶᠢ ᠴᠡᠪᠡᠷᠰᠢᠭᠦᠯᠦᠨ᠂ ᠰᠢᠷᠡᠭᠡᠨ ᠳᠡᠭᠡᠷ᠎ᠡ ᠲᠣᠰᠣ ᠴᠢᠳᠬᠤᠨ ᠠᠷᠢᠭᠤᠰᠬ᠎ᠠ᠃ 37 ᠳᠣᠯᠣᠭᠠᠨ ᠬᠣᠨᠣᠭ ᠤᠨ ᠲᠤᠷᠰᠢ ᠲᠠᠬᠢᠯ ᠤᠨ ᠰᠢᠷᠡᠭᠡᠨ ᠳᠡᠭᠡᠷ᠎ᠡ ᠭᠡᠮ ᠦᠨ ᠬᠡᠯᠲᠦᠷᠢᠭᠦᠯᠦᠯ ᠢ ᠬᠢᠵᠦ᠂ ᠰᠢᠷᠡᠭᠡ ᠶᠢ ᠠᠷᠢᠭᠤᠰᠬ᠎ᠠ᠃ ᠲᠡᠭᠡᠪᠡᠯ ᠲᠠᠬᠢᠯ ᠤᠨ ᠰᠢᠷᠡᠭᠡ ᠠᠷᠢᠭᠤᠨ ᠠᠴᠠ ᠠᠷᠢᠭᠤᠨ ᠪᠣᠯᠵᠤ᠂ ᠲᠠᠬᠢᠯ ᠤᠨ ᠰᠢᠷᠡᠭᠡᠨ ᠳᠦ ᠬᠦᠷᠦᠭᠰᠡᠨ ᠪᠦᠬᠦᠨ ᠠᠷᠢᠭᠤᠨ ᠪᠣᠯᠣᠨ᠎ᠠ᠃
 ᠪᠠᠢᠩ᠋ᠭᠤ ᠶᠢᠨ ᠰᠢᠲᠠᠭᠠᠯᠭᠠᠲᠤ ᠲᠠᠬᠢᠯ

38 ᠲᠠᠬᠢᠯ ᠤᠨ ᠰᠢᠷᠡᠭᠡᠨ ᠳᠡᠭᠡᠷ᠎ᠡ ᠡᠳᠦᠷ ᠪᠦᠷᠢ ᠪᠠᠢᠩ᠋ᠭᠤ ᠡᠷᠭᠦᠬᠦ ᠵᠦᠢᠯ ᠪᠣᠯ ᠬᠣᠶᠠᠷ ᠬᠤᠷᠠᠭ᠎ᠠ ᠪᠣᠯᠣᠨ᠎ᠠ᠃ 39 ᠨᠢᠭᠡ ᠬᠤᠷᠠᠭ᠎ᠠ ᠶᠢ ᠨᠢ ᠥᠷᠯᠥᠭᠡ᠂ ᠨᠥᠭᠥᠭᠡ ᠬᠤᠷᠠᠭ᠎ᠠ ᠶᠢ ᠨᠢ ᠨᠠᠷᠠ ᠰᠢᠩᠭᠡᠬᠦ ᠡᠴᠡ ᠡᠮᠦᠨ᠎ᠡ 27 ᠡᠷᠭᠦ᠃ 40 ᠠᠩ᠋ᠬᠠᠨ ᠤ ᠬᠤᠷᠠᠭ᠎ᠠ ᠶᠢ ᠡᠷᠭᠦᠬᠦ ᠳᠡᠭᠡᠨ ᠡᠹᠠ ᠶᠢᠨ ᠠᠷᠪᠠᠨ ᠤ ᠨᠢᠭᠡ ᠶᠢᠨ ᠨᠠᠷᠢᠯᠢᠭ᠋ ᠭᠤᠯᠢᠷ ᠢ ᠾᠢᠨ 28  ᠤ ᠳᠥᠷᠪᠡᠨ ᠦ ᠨᠢᠭᠡ ᠶᠢᠨ ᠴᠢᠳᠦᠨ ᠮᠣᠳᠣᠨ ᠠᠴᠠ ᠰᠢᠬᠠᠭᠰᠠᠨ ᠲᠣᠰᠣ ᠪᠠᠷ ᠵᠢᠭᠤᠷᠠᠵᠤ᠂ ᠲᠡᠭᠦᠨ ᠲᠡᠢ ᠬᠠᠮᠲᠤ ᠡᠷᠭᠦᠬᠦ ᠪᠠ ᠮᠥᠨ ᠾᠢᠨ ᠤ ᠳᠥᠷᠪᠡᠨ ᠦ ᠨᠢᠭᠡ ᠶᠢᠨ ᠳᠠᠷᠠᠰᠤ ᠶᠢ ᠤᠮᠳᠠᠭᠠᠨ ᠲᠠᠬᠢᠯ ᠪᠣᠯᠭᠠᠨ ᠡᠷᠭᠦ᠃ 41 ᠨᠥᠭᠥᠭᠡ ᠬᠤᠷᠠᠭ᠎ᠠ ᠶᠢ ᠨᠠᠷᠠ ᠰᠢᠩᠭᠡᠬᠦ ᠶᠢᠨ ᠡᠮᠦᠨ᠎ᠡ 29 ᠡᠷᠭᠦᠬᠦ ᠶᠣᠰᠣᠲᠠᠢ᠂ ᠲᠡᠭᠦᠨ ᠲᠡᠢ ᠬᠠᠮᠲᠤ ᠥᠷᠯᠥᠭᠡᠨ ᠦ ᠬᠢ ᠲᠠᠢ ᠠᠳᠠᠯᠢ ᠢᠳᠡᠭᠡᠨ ᠲᠠᠬᠢᠯ᠂ ᠤᠮᠳᠠᠭᠠᠨ ᠲᠠᠬᠢᠯ ᠡᠷᠭᠦ᠃ ᠡᠨᠡ ᠨᠢ ᠲᠠᠭᠠᠯᠠᠮᠵᠢᠲᠤ ᠠᠩᠬᠢᠯᠤᠭᠤᠨ ᠦᠨᠦᠷ᠂ ᠶᠣᠬᠣᠸᠠ ᠳᠤ ᠡᠷᠭᠦᠬᠦ ᠭᠠᠯ ᠤᠨ ᠲᠠᠬᠢᠯ ᠪᠥᠭᠡᠳ 42 ᠶᠣᠬᠣᠸᠠ ᠶᠢᠨ ᠡᠮᠦᠨ᠎ᠡ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠲᠠ ᠨᠠᠷ ᠤᠨ ᠦᠶ᠎ᠡ ᠶᠢᠨ ᠦᠶ᠎ᠡ ᠳᠦ ᠪᠠᠢᠩ᠋ᠭᠤ ᠡᠷᠭᠦᠬᠦ ᠰᠢᠲᠠᠭᠠᠯᠭᠠᠲᠤ ᠲᠠᠬᠢᠯ ᠶᠤᠮ᠃ ᠲᠡᠨᠳᠡ ᠪᠢ ᠲᠠ ᠨᠠᠷ ᠲᠠᠢ ᠠᠭᠤᠯᠵᠠᠵᠤ᠂ ᠲᠡᠨᠳᠡ ᠪᠢ ᠴᠢᠮ᠎ᠠ ᠳᠤ ᠶᠠᠷᠢᠨ᠎ᠠ᠃ 43 ᠲᠡᠨᠳᠡ ᠪᠢ ᠢᠰᠷᠧᠯᠴᠦᠳ ᠲᠡᠢ ᠠᠭᠤᠯᠵᠠᠬᠤ ᠪᠥᠭᠡᠳ ᠮᠢᠨᠦ ᠴᠣᠭ ᠵᠢᠪᠬᠤᠯᠠᠩ ᠢᠶᠠᠷ ᠡᠨᠡ ᠭᠠᠵᠠᠷ ᠠᠷᠢᠭᠤᠰᠬᠠᠭᠳᠠᠨ᠎ᠠ᠃ 44 ᠡᠢᠨ ᠬᠦ ᠪᠢ ᠠᠭᠤᠯᠵᠠᠯᠲᠠ ᠶᠢᠨ ᠴᠠᠴᠠᠷ ᠪᠣᠯᠣᠨ ᠲᠠᠬᠢᠯ ᠤᠨ ᠰᠢᠷᠡᠭᠡ ᠶᠢ ᠠᠷᠢᠭᠤᠰᠬᠠᠵᠤ᠂ ᠠᠷᠣᠨ ᠪᠣᠯᠣᠨ ᠲᠡᠭᠦᠨ ᠦ ᠬᠥᠪᠡᠭᠦᠳ ᠢ ᠴᠤ ᠠᠷᠢᠭᠤᠰᠬᠠᠨ ᠨᠠᠳᠠ ᠳᠤ ᠦᠢᠯᠡᠴᠢᠯᠡᠬᠦ ᠲᠠᠬᠢᠯᠴᠢ ᠪᠣᠯᠭᠠᠨ᠎ᠠ᠃ 45 ᠪᠢ ᠢᠰᠷᠧᠯᠴᠦᠳ ᠦᠨ ᠳᠤᠮᠳᠠ ᠣᠷᠣᠰᠢᠵᠤ᠂ ᠲᠡᠳᠡᠨ ᠦ ᠪᠤᠷᠬᠠᠨ ᠪᠣᠯᠬᠤ ᠪᠥᠭᠡᠳ 46 ᠲᠡᠳᠡ ᠶᠣᠬᠣᠸᠠ ᠨᠠᠮᠠᠶᠢ ᠥᠪᠡᠷᠰᠡᠳ ᠦᠨ ᠬᠢᠨᠢ ᠳᠤᠮᠳᠠ ᠣᠷᠣᠰᠢᠬᠤ ᠶᠢᠨ ᠲᠤᠯᠠᠳᠠ ᠥᠪᠡᠷᠰᠡᠳ ᠢ ᠨᠢ ᠶᠧᠵᠢᠫᠲ ᠡᠴᠡ ᠠᠪᠴᠢᠷᠠᠭᠰᠠᠨ᠂ ᠥᠪᠡᠷᠰᠡᠳ ᠦᠨ ᠬᠢᠨᠢ ᠪᠤᠷᠬᠠᠨ ᠮᠥᠨ ᠭᠡᠳᠡᠭ ᠢ ᠮᠡᠳᠡᠬᠦ ᠪᠣᠯᠣᠨ᠎ᠠ᠃ ᠲᠡᠳᠡᠨ ᠦ ᠪᠤᠷᠬᠠᠨ ᠪᠣᠯ ᠶᠣᠬᠣᠸᠠ ᠪᠢ ᠮᠥᠨ᠃