1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠠᠷᠪᠠᠨ ᠭᠤᠷᠪᠠ
 ᠤᠤᠭᠠᠨ ᠪᠣᠯᠭᠠᠨ ᠢ ᠠᠷᠢᠭᠤᠰᠬᠠᠬᠤ ᠲᠤᠬᠠᠢ

1 ᠶᠣᠬᠣᠸᠠ ᠮᠣᠰᠧ ᠳᠤ᠄ 2 《ᠤᠤᠭᠠᠨ ᠪᠣᠯᠭᠠᠨ ᠢ ᠮᠢᠨᠦ ᠲᠥᠯᠥᠭᠡ ᠲᠤᠰᠠᠭᠠᠷᠯᠠ᠃ ᠢᠰᠷᠧᠯᠴᠦᠳ ᠦᠨ ᠳᠤᠮᠳᠠ ᠬᠥᠮᠦᠨ ᠠᠮᠢᠲᠠᠨ ᠭᠡᠰᠡᠨ ᠦᠭᠡᠢ᠂ ᠤᠮᠠᠢ ᠶᠢᠨ ᠠᠩ᠋ᠬᠠᠨ ᠤ ᠦᠷ᠎ᠡ ᠨᠢ ᠪᠦᠭᠦᠳᠡᠭᠡᠷ ᠢᠶᠡᠨ ᠮᠢᠨᠦᠬᠢ》 ᠭᠡᠵᠦ ᠠᠢᠯᠠᠳᠪᠠ᠃ 3 ᠮᠣᠰᠧ ᠠᠷᠠᠳ ᠲᠦᠮᠡᠨ ᠳᠦ᠄ 《ᠲᠠ ᠨᠠᠷ ᠪᠣᠭᠣᠯᠴᠢᠯᠠᠭᠳᠠᠭᠰᠠᠨ ᠭᠡᠷ ᠢᠶᠡᠨ ᠣᠷᠬᠢᠨ ᠶᠧᠵᠢᠫᠲ ᠡᠴᠡ ᠭᠠᠷᠤᠭᠰᠠᠨ᠂ ᠡᠨᠡ ᠡᠳᠦᠷ ᠢ ᠲᠡᠮᠳᠡᠭᠯᠡᠬᠦ ᠶᠣᠰᠣᠲᠠᠢ᠃ ᠶᠣᠬᠣᠸᠠ ᠬᠦᠴᠦᠷᠬᠡᠭ ᠮᠤᠲᠤᠷ ᠢᠶᠠᠷ ᠢᠶᠠᠨ ᠲᠠ ᠨᠠᠷ ᠢ ᠭᠠᠷᠭᠠᠭᠰᠠᠨ ᠡᠨᠡ ᠡᠳᠦᠷ ᠢᠰᠭᠡᠭᠰᠡᠨ ᠪᠣᠣᠪᠣ ᠢᠳᠡᠵᠦ ᠪᠣᠯᠬᠤ ᠦᠭᠡᠢ᠃ 4 ᠠᠪᠢᠪ ᠰᠠᠷ᠎ᠠ ᠶᠢᠨ ᠡᠨᠡ ᠡᠳᠦᠷ ᠲᠠ ᠨᠠᠷ ᠣᠳᠬᠤ ᠭᠡᠵᠦ ᠪᠠᠢᠨ᠎ᠠ᠃ 5 ᠶᠣᠬᠣᠸᠠ ᠶᠢᠨ ᠲᠠ ᠨᠠᠷ ᠲᠤ ᠥᠭᠬᠦ ᠪᠡᠷ ᠡᠪᠦᠭᠡ ᠳᠡᠭᠡᠳᠦᠰ ᠲᠦ ᠴᠢᠨᠢ ᠲᠠᠩ᠋ᠭᠠᠷᠢᠭᠯᠠᠭᠰᠠᠨ ᠰᠦ᠋ ᠪᠠᠯ ᠤᠷᠤᠰᠤᠭᠰᠠᠨ ᠭᠠᠵᠠᠷ᠂ ᠲᠤᠬᠠᠢᠯᠠᠪᠠᠯ ᠺᠠᠨᠠᠨᠴᠤᠳ᠂ ᠾᠢᠲ᠋ᠴᠦᠳ᠂ ᠠᠮᠣᠷᠢᠴᠤᠳ᠂ ᠾᠢᠸᠢᠴᠦᠳ᠂ ᠶᠧᠪᠦ᠋ᠰᠴᠦᠳ ᠦᠨ ᠨᠤᠲᠤᠭ ᠲᠤ ᠶᠣᠬᠣᠸᠠ ᠲᠠ ᠨᠠᠷ ᠢ ᠣᠷᠣᠭᠤᠯᠤᠭᠰᠠᠨ ᠦᠶ᠎ᠡ ᠳᠦ ᠴᠤ᠂ ᠲᠤᠰ ᠰᠠᠷ᠎ᠠ ᠶᠢᠨ ᠡᠨᠡ ᠶᠣᠰᠣᠯᠠᠯ ᠢ ᠭᠦᠢᠴᠡᠳᠬᠡᠬᠦ ᠶᠣᠰᠣᠲᠠᠢ᠃ 6 ᠳᠣᠯᠣᠭᠠᠨ ᠡᠳᠦᠷ ᠦᠨ ᠲᠤᠷᠰᠢ ᠲᠠ ᠨᠠᠷ ᠢᠰᠭᠡᠭᠡ ᠦᠭᠡᠢ ᠪᠣᠣᠪᠣ ᠢᠳᠡᠵᠦ᠂ ᠳᠣᠯᠣᠳᠠᠬᠢ ᠡᠳᠦᠷ ᠶᠣᠬᠣᠸᠠ ᠶᠢᠨ ᠪᠠᠶᠠᠷ ᠢ ᠲᠡᠮᠳᠡᠭᠯᠡ᠃ 7 ᠳᠣᠯᠣᠭᠠᠨ ᠡᠳᠦᠷ ᠦᠨ ᠲᠤᠷᠰᠢ ᠢᠰᠭᠡᠭᠡ ᠦᠭᠡᠢ ᠪᠣᠣᠪᠣ ᠢᠳᠡᠭᠡᠷᠡᠢ᠃ ᠲᠠ ᠨᠠᠷ ᠤᠨ ᠬᠢᠨ ᠳᠤ ᠢᠰᠭᠡᠭᠰᠡᠨ ᠪᠣᠣᠪᠣ ᠬᠠᠷᠠᠭᠳᠠᠵᠤ ᠪᠣᠯᠬᠤ ᠦᠭᠡᠢ᠃ ᠲᠠ ᠨᠠᠷ ᠤᠨ ᠪᠦᠬᠦ ᠬᠢᠯᠢ ᠬᠢᠵᠠᠭᠠᠷ ᠳᠣᠲᠣᠷ᠎ᠠ ᠢᠰᠭᠡᠬᠦ ᠬᠥᠷᠥᠩᠭᠡ ᠴᠤ ᠬᠠᠷᠠᠭᠳᠠᠵᠤ ᠪᠣᠯᠬᠤ ᠦᠭᠡᠢ᠃ 8 ᠲᠡᠷᠡ ᠡᠳᠦᠷ ᠴᠢ ᠬᠡᠦᠬᠡᠳ ᠲᠡᠭᠡᠨ᠄ 〈ᠶᠣᠬᠣᠸᠠ ᠶᠢᠨ ᠶᠧᠵᠢᠫᠲ ᠡᠴᠡ ᠭᠠᠷᠭᠠᠬᠤ ᠳᠠᠭᠠᠨ ᠮᠢᠨᠦ ᠲᠥᠯᠥᠭᠡ ᠦᠢᠯᠡᠳᠦᠭᠰᠡᠨ ᠦᠢᠯᠡᠰ ᠦᠨ ᠤᠯᠠᠮ ᠢᠶᠠᠷ ᠡᠨᠡ ᠶᠣᠰᠣᠯᠠᠯ ᠢ ᠬᠢᠳᠡᠭ〉 ᠭᠡᠵᠦ ᠲᠠᠢᠯᠪᠤᠷᠢᠯᠠ᠃ 9 ᠡᠨᠡ ᠶᠣᠰᠣᠯᠠᠯ ᠨᠢ ᠭᠠᠷ ᠲᠤ ᠴᠢᠨᠢ ᠲᠡᠮᠳᠡᠭ᠂ ᠮᠠᠩᠨᠠᠢ ᠳᠤ ᠴᠢᠨᠢ ᠳᠤᠷᠠᠰᠬᠠᠯ᠂ ᠠᠮᠠᠨ ᠳᠤ ᠴᠢᠨᠢ 〈ᠶᠣᠬᠣᠸᠠ ᠬᠦᠴᠦᠲᠦ ᠮᠤᠲᠤᠷ ᠢᠶᠠᠷ ᠢᠶᠠᠨ ᠨᠠᠮᠠᠶᠢ ᠶᠧᠵᠢᠫᠲ ᠡᠴᠡ ᠭᠠᠷᠭᠠᠭᠰᠠᠨ〉 ᠭᠡᠳᠡᠭ ᠬᠠᠤᠯᠢ ᠪᠣᠯᠣᠨ᠎ᠠ᠃ 10 ᠲᠠ ᠨᠠᠷ ᠡᠨᠡ ᠶᠣᠰᠣ ᠵᠢᠷᠤᠮ ᠢ ᠵᠢᠯ ᠪᠦᠷᠢ᠂ ᠲᠣᠭᠲᠠᠭᠰᠠᠨ ᠴᠠᠭ ᠲᠤ ᠰᠠᠬᠢᠬᠤ ᠶᠣᠰᠣᠲᠠᠢ᠃ 11 ᠶᠣᠬᠣᠸᠠ ᠴᠢᠮ᠎ᠠ ᠳᠤ ᠪᠣᠯᠣᠨ ᠴᠢᠨᠦ ᠡᠴᠢᠭᠡ ᠡᠪᠦᠭᠡᠳ ᠲᠦ ᠲᠠᠩ᠋ᠭᠠᠷᠢᠭᠯᠠᠭᠰᠠᠨ ᠶᠣᠰᠣᠭᠠᠷ ᠢᠶᠠᠨ ᠴᠢᠮᠠᠶᠢ ᠺᠠᠨᠠᠨᠴᠤᠳ ᠤᠨ ᠨᠤᠲᠤᠭ ᠲᠤ ᠣᠷᠣᠭᠤᠯᠵᠤ᠂ ᠲᠡᠷᠡ ᠭᠠᠵᠠᠷ ᠢ ᠴᠢᠮ᠎ᠠ ᠳᠤ ᠥᠭᠪᠡᠯ᠂ 12 ᠴᠢ ᠤᠮᠠᠢ ᠶᠢᠨ ᠠᠩ᠋ᠬᠠᠨ ᠤ ᠦᠷ᠎ᠡ ᠪᠣᠯᠭᠠᠨ ᠢ ᠶᠣᠬᠣᠸᠠ ᠶᠢᠨ ᠲᠥᠯᠥᠭᠡ ᠲᠤᠰᠠᠭᠠᠷᠯᠠ᠃ ᠲᠠᠨ ᠤ ᠳᠤ ᠪᠠᠢᠭ᠎ᠠ ᠮᠠᠯ ᠤᠨ ᠤᠤᠭᠠᠨ ᠡᠷ᠎ᠡ ᠲᠥᠯ ᠪᠣᠯᠭᠠᠨ ᠶᠣᠬᠣᠸᠠ ᠶᠢᠨ ᠬᠢ ᠶᠤᠮ᠃ 13 ᠭᠡᠪᠡᠴᠦ ᠡᠯᠵᠢᠭᠡᠨ ᠦ ᠤᠤᠭᠠᠨ ᠲᠥᠯ ᠪᠣᠯᠭᠠᠨ ᠢ ᠬᠤᠷᠠᠭ᠎ᠠ ᠪᠠᠷ ᠵᠣᠯᠢ᠃ ᠵᠣᠯᠢᠬᠤ ᠦᠭᠡᠢ ᠭᠡᠪᠡᠯ ᠬᠦᠵᠦᠭᠦᠦ ᠶᠢ ᠨᠢ ᠬᠤᠭᠤᠯ᠃ ᠦᠷ᠎ᠡ ᠬᠡᠦᠬᠡᠳ ᠤᠳ ᠤᠨ ᠢᠶᠠᠨ ᠳᠤᠮᠳᠠ ᠠᠴᠠ ᠤᠤᠭᠠᠨ ᠬᠦᠦ ᠪᠣᠯᠭᠠᠨ ᠢ ᠴᠤ ᠵᠣᠯᠢᠶᠠᠰᠤᠯᠠ᠃ 14 ᠬᠣᠵᠢᠮ ᠴᠢᠨᠦ ᠬᠡᠦᠬᠡᠳ ᠴᠢᠮ᠎ᠠ ᠠᠴᠠ᠄ 〈ᠡᠨᠡ ᠶᠠᠭᠤ ᠪᠤᠢ︖〉 ᠭᠡᠵᠦ ᠠᠰᠠᠭᠤᠪᠠᠯ᠂ ᠴᠢ ᠲᠡᠭᠦᠨ ᠳᠦ᠄ 〈ᠶᠣᠬᠣᠸᠠ ᠬᠦᠴᠦᠲᠦ ᠮᠤᠲᠤᠷ ᠢᠶᠠᠷ ᠢᠶᠠᠨ ᠮᠠᠨ ᠤ ᠬᠢᠨ ᠢ ᠶᠧᠵᠢᠫᠲ ᠤᠨ ᠪᠣᠭᠣᠯᠴᠢᠯᠠᠯ ᠤᠨ ᠭᠡᠷ ᠡᠴᠡ ᠭᠠᠷᠭᠠᠭᠰᠠᠨ᠃ 15 ᠹᠠᠷᠠᠣ᠋ ᠪᠢᠳᠡᠨ ᠢ ᠶᠠᠪᠤᠭᠤᠯᠬᠤ ᠦᠭᠡᠢ ᠵᠥᠷᠢᠭᠦᠳᠯᠡᠵᠦ ᠪᠠᠢᠬᠤ ᠳᠤ ᠶᠧᠵᠢᠫᠲ ᠤᠨ ᠨᠤᠲᠤᠭ ᠳᠠᠬᠢ ᠬᠠᠮᠤᠭ ᠤᠤᠭᠠᠨ᠂ ᠲᠤᠬᠠᠢᠯᠠᠪᠠᠯ᠂ ᠬᠥᠮᠦᠨ ᠦ ᠤᠤᠭᠠᠨ ᠦᠷ᠎ᠡ ᠪᠣᠯᠣᠨ ᠮᠠᠯ ᠤᠨ ᠤᠤᠭᠠᠨ ᠲᠥᠯ ᠪᠣᠯᠭᠠᠨ ᠢ ᠶᠣᠬᠣᠸᠠ ᠰᠥᠨᠥᠭᠡᠭᠰᠡᠨ᠃ ᠲᠡᠢᠮᠦ ᠡᠴᠡ ᠪᠢ ᠤᠤᠭᠠᠨ ᠡᠷ᠎ᠡ ᠬᠦᠢᠰᠦᠲᠡᠨ ᠪᠣᠯᠭᠠᠨ ᠢ ᠶᠣᠬᠣᠸᠠ ᠳᠤ ᠲᠠᠬᠢᠯ ᠪᠣᠯᠭᠠᠨ ᠡᠷᠭᠦᠵᠦ᠂ ᠬᠥᠪᠡᠭᠦᠳ ᠦᠨ ᠢᠶᠠᠨ ᠤᠤᠭᠠᠨ ᠪᠣᠯᠭᠠᠨ ᠢ ᠵᠣᠯᠢᠳᠠᠭ〉 ᠭᠡᠵᠦ ᠬᠡᠯᠡ᠃ 16 ᠡᠨᠡ ᠶᠣᠰᠣᠯᠠᠯ ᠭᠠᠷ ᠲᠤ ᠴᠢᠨᠢ ᠲᠡᠮᠳᠡᠭ᠂ ᠮᠠᠩᠨᠠᠢ ᠳᠤ ᠴᠢᠨᠢ ᠳᠤᠷᠠᠰᠬᠠᠯ ᠪᠣᠯᠵᠤ᠂ ᠶᠣᠬᠣᠸᠠ ᠶᠢᠨ ᠮᠤᠲᠤᠷ ᠤᠨ ᠢᠶᠠᠨ ᠬᠦᠴᠦ ᠪᠡᠷ ᠪᠢᠳᠡᠨ ᠢ ᠶᠧᠵᠢᠫᠲ ᠡᠴᠡ ᠭᠠᠷᠭᠠᠭᠰᠠᠨ ᠢ ᠰᠠᠨᠠᠭᠤᠯᠤᠨ᠎ᠠ》 ᠭᠡᠪᠡ᠃
 ᠤᠯᠠᠭᠠᠨ ᠲᠠᠩᠭᠢᠰ ᠢ ᠭᠠᠲᠤᠯᠪᠠ

17 ᠹᠠᠷᠠᠣ᠋ ᠠᠷᠠᠳ ᠲᠦᠮᠡᠨ ᠢ ᠶᠠᠪᠤᠭᠤᠯᠤᠭᠰᠠᠨ ᠠᠴᠠ ᠬᠣᠢᠰᠢ ᠪᠤᠷᠬᠠᠨ ᠲᠡᠳᠡᠨ ᠢ ᠹᠢᠯᠢᠰᠲ᠋ᠴᠦᠳ ᠦᠨ ᠨᠤᠲᠤᠭ ᠢᠶᠠᠷ ᠥᠩᠭᠡᠷᠡᠬᠦ ᠵᠠᠮ ᠢᠶᠠᠷ ᠤᠳᠤᠷᠢᠳᠤᠭᠰᠠᠨ ᠦᠭᠡᠢ᠃ ᠲᠡᠷᠡ ᠵᠠᠮ ᠤᠤᠯ ᠨᠢ ᠢᠯᠡᠭᠦᠦ ᠳᠥᠲᠡ ᠪᠠᠢᠭᠰᠠᠨ ᠪᠣᠯᠪᠠᠴᠤ ᠪᠤᠷᠬᠠᠨ᠄ 《ᠬᠡᠷᠪᠡ ᠡᠨᠡ ᠠᠷᠠᠳ ᠲᠦᠮᠡᠨ ᠪᠠᠢᠯᠳᠤᠭᠠᠨ ᠳᠤ ᠲᠤᠯᠭᠠᠷᠠᠪᠠᠯ᠂ ᠰᠠᠨᠠᠭ᠎ᠠ ᠪᠠᠨ ᠥᠭᠡᠷᠡᠴᠢᠯᠡᠵᠦ᠂ ᠶᠧᠵᠢᠫᠲ ᠤᠷᠤᠭᠤ ᠪᠤᠴᠠᠬᠤ ᠪᠤᠢ》 ᠭᠡᠰᠡᠨ ᠠᠵᠢ᠃ 18 ᠡᠢᠮᠦ ᠡᠴᠡ ᠪᠤᠷᠬᠠᠨ ᠠᠷᠠᠳ ᠲᠦᠮᠡᠨ ᠢ ᠴᠥᠯ ᠢᠶᠡᠷ ᠲᠣᠭᠣᠷᠢᠭᠤ ᠶᠠᠪᠤᠭᠤᠯᠵᠤ᠂ ᠤᠯᠠᠭᠠᠨ ᠲᠠᠩᠭᠢᠰ ᠤᠷᠤᠭᠤ ᠵᠠᠮᠴᠢᠯᠠᠭᠰᠠᠨ ᠪᠠᠢᠨ᠎ᠠ᠃ ᠢᠰᠷᠧᠯᠴᠦᠳ ᠶᠧᠵᠢᠫᠲ ᠡᠴᠡ ᠪᠠᠢᠯᠳᠤᠭᠠᠨ ᠤ ᠪᠡᠯᠡᠳᠬᠡᠯ ᠲᠡᠢ ᠭᠠᠷᠤᠯ᠎ᠠ᠃ 19 ᠮᠣᠰᠧ ᠶᠣᠰᠧᠹ ᠤᠨ ᠶᠠᠰᠤ ᠶᠢ ᠠᠪᠤᠪᠠ᠃ ᠤᠴᠢᠷ ᠨᠢ ᠶᠣᠰᠧᠹ ᠢᠰᠷᠧᠯ ᠤᠨ ᠬᠥᠪᠡᠭᠦᠳ ᠢᠶᠡᠷ ᠬᠠᠲᠠᠭᠤ ᠲᠠᠩ᠋ᠭᠠᠷᠢᠭᠯᠠᠭᠤᠯᠵᠤ᠄ 《ᠪᠤᠷᠬᠠᠨ ᠲᠠ ᠨᠠᠷ ᠲᠤ ᠲᠤᠰᠠᠯᠠᠬᠤ ᠪᠠᠷ ᠵᠠᠪᠠᠯ ᠢᠷᠡᠨ᠎ᠡ᠃ ᠲᠡᠷᠡ ᠦᠶ᠎ᠡ ᠳᠦ ᠮᠢᠨᠦ ᠶᠠᠰᠤ ᠶᠢ ᠡ᠊ᠨᠳᠡ ᠡᠴᠡ ᠠᠪᠴᠤ ᠶᠠᠪᠤᠭᠠᠷᠠᠢ》 ᠭᠡᠰᠡᠨ ᠶᠤᠮ᠃ 20 ᠲᠡᠳᠡ ᠰᠦᠺᠣᠲ ᠡᠴᠡ ᠬᠥᠳᠡᠯᠵᠦ᠂ ᠴᠥᠯ ᠦᠨ ᠵᠠᠬ᠎ᠠ ᠳᠤ ᠬᠦᠷᠦᠭᠡᠳ ᠡᠲ᠋ᠠᠮ ᠳᠤ ᠪᠠᠭᠤᠳᠠᠯᠯᠠᠪᠠ᠃ 21 ᠶᠣᠬᠣᠸᠠ ᠲᠦᠷᠦᠭᠦᠨ ᠳᠦᠨᠢ ᠶᠠᠪᠤᠭᠰᠠᠭᠠᠷ ᠡᠳᠦᠷ ᠨᠢ ᠡᠭᠦᠯᠡᠨ ᠪᠠᠭᠠᠨ᠎ᠠ ᠪᠠᠷ ᠲᠡᠳᠡᠨ ᠳᠦ ᠵᠠᠮᠴᠢᠯᠠᠵᠤ᠂ ᠰᠥᠨᠢ ᠨᠢ ᠭᠠᠯ ᠪᠠᠭᠠᠨ᠎ᠠ ᠪᠠᠷ ᠲᠡᠳᠡᠨ ᠢ ᠭᠡᠷᠡᠯᠲᠦᠭᠦᠯᠦᠭᠰᠡᠨ ᠳᠦ᠂ ᠲᠡᠳᠡ ᠡᠳᠦᠷ ᠰᠥᠨᠢ ᠦᠭᠡᠢ ᠵᠠᠮᠨᠠᠵᠤ ᠴᠢᠳᠠᠪᠠ᠃ 22 ᠡᠳᠦᠷ ᠨᠢ ᠡᠭᠦᠯᠡᠨ ᠪᠠᠭᠠᠨ᠎ᠠ᠂ ᠰᠥᠨᠢ ᠨᠢ ᠭᠠᠯ ᠪᠠᠭᠠᠨ᠎ᠠ ᠠᠷᠠᠳ ᠲᠦᠮᠡᠨ ᠦ ᠡᠮᠦᠨ᠎ᠡ ᠡᠴᠡ ᠵᠠᠢᠯᠠᠭᠰᠠᠨ ᠦᠭᠡᠢ᠃