1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠶᠢᠰᠦ
 ᠬᠢᠵᠢᠭ ᠤᠨ ᠭᠠᠮᠰᠢᠭ (5)

1 ᠶᠣᠬᠣᠸᠠ ᠮᠣᠰᠧ ᠳᠤ᠄ 《ᠹᠠᠷᠠᠣ᠋ ᠳᠤ ᠣᠴᠢᠵᠤ᠂ ᠲᠡᠭᠦᠨ ᠳᠦ ᠢᠪᠷᠠᠢᠴᠤᠳ ᠤᠨ ᠪᠤᠷᠬᠠᠨ ᠶᠣᠬᠣᠸᠠ ᠢᠩᠭᠢᠵᠦ ᠠᠢᠯᠠᠳᠴᠤ ᠪᠠᠢᠨ᠎ᠠ᠄ 〈ᠮᠢᠨᠦ ᠠᠷᠠᠳ ᠲᠦᠮᠡᠨ ᠢ ᠶᠠᠪᠤᠭᠤᠯ᠃ ᠲᠡᠳᠡ ᠨᠠᠳᠠ ᠳᠤ ᠮᠥᠷᠭᠥᠨ᠎ᠡ᠃ 2 ᠬᠡᠷᠪᠡ ᠴᠢ ᠲᠡᠳᠡᠨ ᠢ ᠶᠠᠪᠤᠭᠤᠯᠬᠤ ᠦᠭᠡᠢ ᠪᠠᠷᠢᠭᠰᠠᠭᠠᠷ ᠪᠠᠢᠪᠠᠯ 3 ᠶᠣᠬᠣᠸᠠ ᠶᠢᠨ ᠮᠤᠲᠤᠷ ᠬᠡᠭᠡᠷ᠎ᠡ ᠪᠠᠢᠭ᠎ᠠ ᠴᠢᠨᠦ ᠮᠠᠯ ᠰᠦᠷᠦᠭ ᠢ ᠴᠣᠬᠢᠨ᠂ ᠴᠢᠨᠦ ᠠᠳᠤᠭᠤ᠂ ᠡᠯᠵᠢᠭᠡ᠂ ᠲᠡᠮᠡᠭᠡ᠂ ᠦᠬᠡᠷ᠂ ᠬᠣᠨᠢᠨ ᠳᠡᠭᠡᠷ᠎ᠡ ᠬᠦᠨᠳᠦ ᠭᠡᠮ ᠲᠠᠬᠤᠯ ᠪᠠᠭᠤᠯᠭᠠᠨ᠎ᠠ︕ 4 ᠭᠡᠪᠡᠴᠦ ᠶᠣᠬᠣᠸᠠ ᠢᠰᠷᠧᠯ ᠤᠨ ᠮᠠᠯ ᠪᠣᠯᠣᠨ ᠶᠧᠵᠢᠫᠲ ᠤᠨ ᠮᠠᠯ ᠤᠨ ᠬᠣᠭᠣᠷᠣᠨᠳᠣ ᠵᠠᠭᠠᠭ ᠲᠠᠯᠪᠢᠬᠤ ᠪᠣᠯᠬᠣᠷ ᠢᠰᠷᠧᠯᠴᠦᠳ ᠦᠨ ᠮᠠᠯ ᠠᠴᠠ ᠨᠢᠭᠡ ᠨᠢ ᠴᠤ ᠦᠬᠦᠬᠦ ᠦᠭᠡᠢ〉 ᠭᠡᠭᠡᠷᠡᠢ》 ᠬᠡᠮᠡᠨ ᠠᠢᠯᠠᠳᠪᠠ᠃ 5 ᠶᠣᠬᠣᠸᠠ ᠴᠠᠭ ᠲᠣᠪᠯᠠᠨ᠄ 《ᠮᠠᠷᠭᠠᠰᠢ ᠶᠣᠬᠣᠸᠠ ᠪᠢ ᠡᠭᠦᠨ ᠢ ᠡᠨᠡ ᠭᠠᠵᠠᠷ ᠲᠤ ᠦᠢᠯᠡᠳᠦᠨ᠎ᠡ》 ᠭᠡᠪᠡ᠃ 6 ᠳᠠᠷᠠᠭ᠎ᠠ ᠡᠳᠦᠷ ᠨᠢ ᠶᠣᠬᠣᠸᠠ ᠡᠭᠦᠨ ᠢ ᠦᠢᠯᠡᠳᠦᠭᠰᠡᠨ ᠳᠦ᠂ ᠶᠧᠵᠢᠫᠲ ᠤᠨ ᠪᠦᠬᠦ ᠮᠠᠯ ᠦᠬᠦᠭᠰᠡᠨ ᠬᠢᠷᠢ ᠨᠢ ᠢᠰᠷᠧᠯᠴᠦᠳ ᠦᠨ ᠮᠠᠯ ᠠᠴᠠ ᠨᠢᠭᠡ ᠨᠢ ᠴᠤ ᠦᠬᠦᠭᠰᠡᠨ ᠦᠭᠡᠢ᠃ 7 ᠹᠠᠷᠠᠣ᠋ ᠶᠢᠨ ᠶᠠᠪᠤᠭᠤᠯᠤᠭᠰᠠᠨ ᠬᠥᠮᠦᠨ ᠬᠠᠷᠠᠬᠤ ᠳᠤ᠂ ᠢᠰᠷᠧᠯ ᠤᠨ ᠮᠠᠯ ᠠᠴᠠ ᠨᠢᠭᠡ ᠨᠢ ᠴᠤ ᠦᠬᠦᠭᠡ ᠦᠭᠡᠢ ᠪᠠᠢᠪᠠ︕ ᠭᠡᠪᠡᠴᠦ ᠹᠠᠷᠠᠣ᠋ ᠶᠢᠨ ᠵᠢᠷᠦᠬᠡ ᠬᠠᠲᠠᠭᠤᠷᠠᠨ ᠠᠷᠠᠳ ᠲᠦᠮᠡᠨ ᠢ ᠶᠠᠪᠤᠭᠤᠯᠤᠭᠰᠠᠨ ᠦᠭᠡᠢ᠃
 ᠢᠳᠡᠭᠡᠲᠦ ᠶᠠᠷ᠎ᠠ ᠶᠢᠨ ᠭᠠᠮᠰᠢᠭ (6)

8 ᠶᠣᠬᠣᠸᠠ ᠮᠣᠰᠧ᠂ ᠠᠷᠣᠨ ᠬᠣᠶᠠᠷ ᠲᠤ᠄ 《ᠲᠠ ᠨᠠᠷ ᠵᠤᠤᠬᠠᠨ ᠤ ᠬᠥ᠋ ᠲᠣᠷᠲᠣᠭ ᠠᠴᠠ ᠬᠣᠶᠠᠷ ᠠᠯᠠᠭᠠᠨ ᠳᠠᠭᠠᠨ ᠳᠦᠭᠦᠷᠡᠩ ᠠᠪ᠂ ᠲᠡᠭᠡᠭᠡᠳ ᠮᠣᠰᠧ ᠴᠢ ᠡᠭᠦᠨ ᠢ ᠹᠠᠷᠠᠣ᠋ ᠶᠢᠨ ᠨᠢᠳᠦᠨ ᠦ ᠡᠮᠦᠨ᠎ᠡ ᠲᠩᠷᠢ ᠥᠭᠡᠳᠡ ᠰᠠᠴᠤᠭᠠᠷᠠᠢ᠃ 9 ᠲᠡᠷᠡ ᠬᠥ᠋ ᠶᠧᠵᠢᠫᠲ ᠤᠨ ᠪᠦᠬᠦ ᠨᠤᠲᠤᠭ ᠲᠤ ᠲᠣᠭᠣᠰᠣ ᠪᠣᠯᠵᠤ᠂ ᠶᠧᠵᠢᠫᠲ ᠤᠨ ᠨᠤᠲᠤᠭ ᠳᠠᠶᠠᠭᠠᠷ ᠤᠨ ᠬᠥᠮᠦᠨ᠂ ᠮᠠᠯ ᠳᠤ ᠬᠠᠲᠠᠭᠢ ᠬᠠᠯᠳᠠᠭᠠᠨ᠎ᠠ》 ᠭᠡᠵᠦ ᠠᠢᠯᠠᠳᠪᠠ᠃ 10 ᠡᠢᠮᠦ ᠡᠴᠡ ᠲᠡᠳᠡ ᠵᠤᠤᠬ᠎ᠠ ᠠᠴᠠ ᠬᠥ᠋ ᠠᠪᠴᠤ᠂ ᠹᠠᠷᠠᠣ᠋ ᠶᠢᠨ ᠡᠮᠦᠨ᠎ᠡ ᠵᠣᠭᠰᠣᠯ᠎ᠠ᠃ ᠮᠣᠰᠧ ᠬᠥ᠋ ᠶᠢ ᠲᠩᠷᠢ ᠥᠭᠡᠳᠡ ᠰᠠᠴᠤᠭᠰᠠᠨ ᠳᠤ ᠬᠥᠮᠦᠨ᠂ ᠮᠠᠯ ᠳᠤ ᠬᠠᠲᠠᠭᠢ ᠬᠠᠯᠳᠠᠪᠠ᠃ 11 ᠶᠢᠯᠸᠢᠴᠢᠳ ᠴᠤ ᠬᠠᠲᠠᠭᠢ ᠶᠢᠨ ᠤᠯᠠᠮ ᠢᠶᠠᠷ ᠮᠣᠰᠧ ᠶᠢᠨ ᠡᠮᠦᠨ᠎ᠡ ᠵᠣᠭᠰᠣᠵᠤ ᠴᠢᠳᠠᠭᠰᠠᠨ ᠦᠭᠡᠢ᠃ ᠪᠤᠰᠤᠳ ᠪᠦᠬᠦ ᠶᠧᠵᠢᠫᠲ᠋ᠴᠦᠳ ᠲᠡᠢ ᠠᠳᠠᠯᠢ ᠪᠠᠷ ᠶᠢᠯᠸᠢᠴᠢᠳ ᠲᠤ ᠴᠤ ᠬᠠᠲᠠᠭᠢ ᠬᠠᠯᠳᠠᠭᠰᠠᠨ ᠪᠠᠢᠪᠠ᠃ 12 ᠭᠡᠪᠡᠴᠦ ᠶᠣᠬᠣᠸᠠ ᠹᠠᠷᠠᠣ᠋ ᠶᠢᠨ ᠵᠢᠷᠦᠬᠡ ᠶᠢ ᠬᠠᠲᠠᠭᠤᠷᠠᠭᠤᠯᠤᠭᠰᠠᠨ ᠳᠤ᠂ ᠲᠡᠷᠡ ᠮᠣᠰᠧ᠂ ᠠᠷᠣᠨ ᠬᠣᠶᠠᠷ ᠤᠨ ᠬᠢ ᠶᠢ ᠰᠣᠨᠣᠰᠣᠭᠰᠠᠨ ᠦᠭᠡᠢ᠃ ᠡᠨᠡ ᠨᠢ ᠶᠣᠬᠣᠸᠠ ᠶᠢᠨ ᠮᠣᠰᠧ ᠳᠤ ᠠᠢᠯᠠᠳᠤᠭᠰᠠᠨ ᠶᠣᠰᠣᠭᠠᠷ ᠪᠣᠯᠪᠠ᠃
 ᠮᠥᠨᠳᠥᠷ ᠦᠨ ᠭᠠᠮᠰᠢᠭ (7)

13 ᠶᠣᠬᠣᠸᠠ ᠮᠣᠰᠧ ᠳᠤ᠄ 《ᠥᠷᠯᠥᠭᠡ ᠡᠷᠲᠡ ᠪᠣᠰ᠂ ᠹᠠᠷᠠᠣ᠋ ᠶᠢᠨ ᠡᠮᠦᠨ᠎ᠡ ᠵᠣᠭᠰᠣᠭᠠᠳ ᠲᠡᠭᠦᠨ ᠳᠦ ᠢᠪᠷᠠᠢᠴᠤᠳ ᠤᠨ ᠪᠤᠷᠬᠠᠨ ᠶᠣᠬᠣᠸᠠ ᠢᠩᠭᠢᠵᠦ ᠠᠢᠯᠠᠳᠴᠤ ᠪᠠᠢᠨ᠎ᠠ᠄ 〈ᠮᠢᠨᠦ ᠠᠷᠠᠳ ᠲᠦᠮᠡᠨ ᠢ ᠶᠠᠪᠤᠭᠤᠯ᠃ ᠲᠡᠳᠡ ᠨᠠᠳᠠ ᠳᠤ ᠮᠥᠷᠭᠥᠨ᠎ᠡ᠃ 14 ᠡᠰᠡ ᠲᠡᠭᠡᠪᠡᠯ ᠪᠢ ᠡᠨᠡ ᠤᠳᠠᠭ᠎ᠠ ᠴᠢ ᠪᠣᠯᠣᠨ ᠴᠢᠨᠦ ᠵᠠᠷᠤᠴᠠ ᠨᠠᠷ ᠲᠤ᠂ ᠴᠢᠨᠦ ᠠᠷᠠᠳ ᠲᠦᠮᠡᠨ ᠦ ᠳᠡᠭᠡᠷ᠎ᠡ ᠪᠦᠬᠦ ᠭᠠᠮᠰᠢᠭ ᠢ ᠪᠠᠭᠤᠯᠭᠠᠬᠤ ᠭᠡᠵᠦ ᠪᠠᠢᠨ᠎ᠠ᠃ ᠡᠢᠨ ᠬᠦ ᠴᠢ ᠪᠦᠬᠦ ᠭᠠᠵᠠᠷ ᠳᠡᠯᠡᠬᠡᠢ ᠳᠦ ᠨᠠᠳᠠ ᠲᠠᠢ ᠠᠳᠠᠯᠢ ᠨᠢᠭᠡᠨ ᠨᠢ ᠥᠭᠡᠷ᠎ᠡ ᠪᠠᠢᠬᠤ ᠦᠭᠡᠢ ᠶᠢ ᠮᠡᠳᠡᠬᠦ ᠪᠣᠯᠣᠨ᠎ᠠ᠃ 15 ᠬᠡᠷᠪᠡ ᠪᠢ ᠮᠤᠲᠤᠷ ᠢᠶᠠᠨ ᠰᠤᠩ᠋ᠭᠠᠵᠤ᠂ ᠴᠢᠮᠠᠶᠢ ᠠᠷᠠᠳ ᠲᠦᠮᠡᠨ ᠦ ᠴᠢᠨᠢ ᠬᠠᠮᠲᠤ ᠲᠠᠬᠤᠯ ᠢᠶᠠᠷ ᠴᠣᠬᠢᠭᠰᠠᠨ ᠪᠣᠯ ᠴᠢ ᠭᠠᠵᠠᠷ ᠠᠴᠠ ᠬᠡᠳᠦᠢᠨ ᠤᠰᠠᠳᠬᠠᠭᠳᠠᠬᠤ ᠪᠠᠢᠭᠰᠠᠨ᠃ 16 ᠲᠡᠢᠮᠦ ᠬᠢᠷᠢ ᠨᠢ ᠪᠢ ᠴᠢᠮ᠎ᠠ ᠳᠤ ᠬᠦᠴᠦ ᠪᠡᠨ ᠦᠵᠡᠭᠦᠯᠦᠨ ᠭᠠᠵᠠᠷ ᠳᠠᠶᠠᠭᠠᠷ ᠨᠡᠷ᠎ᠡ ᠪᠡᠨ ᠲᠤᠩ᠋ᠬᠠᠭᠯᠠᠬᠤ ᠵᠣᠷᠢᠯᠭ᠎ᠠ ᠪᠠᠷ ᠴᠢᠮᠠᠶᠢ ᠠᠮᠢᠳᠤ ᠦᠯᠡᠳᠡᠭᠡᠭᠰᠡᠨ᠃ 17 ᠭᠡᠪᠡᠴᠦ ᠴᠢ ᠮᠢᠨᠦ ᠠᠷᠠᠳ ᠲᠦᠮᠡᠨ ᠳᠦ ᠳᠡᠭᠡᠷᠡᠩᠭᠦᠢ ᠬᠠᠨᠳᠤᠵᠤ᠂ ᠲᠡᠳᠡᠨ ᠢ ᠶᠠᠪᠤᠭᠤᠯᠬᠤ ᠦᠭᠡᠢ ᠪᠠᠢᠭᠰᠠᠭᠠᠷ ᠪᠠᠢᠨ᠎ᠠ᠃ 18 ᠡᠢᠮᠦ ᠡᠴᠡ ᠪᠢ ᠮᠠᠷᠭᠠᠰᠢ ᠶᠢᠨ ᠡᠨᠡ ᠴᠠᠭ ᠲᠤ᠂ ᠶᠧᠵᠢᠫᠲ ᠪᠠᠢᠭᠤᠯᠤᠭᠳᠠᠭᠰᠠᠨ ᠠᠴᠠ ᠬᠣᠢᠰᠢ ᠡᠳᠦᠢ ᠬᠦᠷᠲᠡᠯ᠎ᠡ ᠦᠵᠡᠭᠡ ᠦᠭᠡᠢ ᠠᠶᠤᠮᠰᠢᠭᠲᠤ ᠮᠥᠨᠳᠥᠷ ᠢ ᠪᠠᠭᠤᠯᠭᠠᠨ᠎ᠠ︕ 19 ᠴᠢ ᠣᠳᠣ ᠬᠥᠮᠦᠨ ᠶᠠᠪᠤᠭᠤᠯᠵᠤ᠂ ᠮᠠᠯ ᠰᠦᠷᠦᠭ ᠲᠡᠳᠦᠢ ᠦᠭᠡᠢ᠂ ᠬᠡᠭᠡᠷ᠎ᠡ ᠪᠠᠢᠭ᠎ᠠ ᠪᠦᠬᠦ ᠶᠠᠭᠤᠮ᠎ᠠ ᠪᠠᠨ ᠠᠶᠤᠯ ᠦᠭᠡᠢ ᠭᠠᠵᠠᠷ ᠲᠤ ᠳᠠᠷᠤᠢᠬᠠᠨ ᠣᠷᠣᠭᠤᠯᠤᠭᠲᠤᠨ᠃ ᠬᠡᠭᠡᠷ᠎ᠡ ᠦᠯᠡᠳᠡᠵᠦ᠂ ᠭᠡᠷ ᠲᠡᠭᠡᠨ ᠬᠠᠷᠢᠭ᠎ᠠ ᠦᠭᠡᠢ ᠬᠥᠮᠦᠨ ᠮᠠᠯ ᠪᠦᠬᠦᠨ ᠮᠥᠨᠳᠥᠷ ᠲᠦ ᠦᠬᠦᠨ᠎ᠡ〉 ᠭᠡᠭᠡᠷᠡᠢ》 ᠭᠡᠵᠦ ᠠᠢᠯᠠᠳᠪᠠ᠃ 20 ᠹᠠᠷᠠᠣ᠋ ᠶᠢᠨ ᠵᠠᠷᠤᠴᠠ ᠨᠠᠷ ᠤᠨ ᠳᠤᠮᠳᠠ ᠠᠴᠠ ᠶᠣᠬᠣᠸᠠ ᠶᠢᠨ ᠦᠭᠡᠨ ᠡᠴᠡ ᠡᠮᠢᠶᠡᠭᠴᠢᠳ ᠨᠢ ᠪᠣᠭᠣᠯ᠂ ᠮᠠᠯ ᠢᠶᠠᠨ ᠭᠡᠷ ᠲᠡᠭᠡᠨ ᠠᠪᠴᠢᠷᠠᠬᠤ ᠳᠤ᠂ 21 ᠶᠣᠬᠣᠸᠠ ᠶᠢᠨ ᠦᠭᠡ ᠶᠢ ᠦᠯᠦ ᠣᠢᠰᠢᠶᠠᠭᠴᠢᠳ ᠨᠢ ᠪᠣᠭᠣᠯ᠂ ᠮᠠᠯ ᠢᠶᠠᠨ ᠬᠡᠭᠡᠷ᠎ᠡ ᠣᠷᠬᠢᠪᠠ᠃

22 ᠶᠣᠬᠣᠸᠠ ᠮᠣᠰᠧ ᠳᠤ᠄ 《ᠲᠩᠷᠢ ᠥᠭᠡᠳᠡ ᠭᠠᠷ ᠢᠶᠠᠨ ᠰᠤᠩ᠋ᠭ᠎ᠠ᠂ ᠲᠡᠭᠡᠪᠡᠯ ᠶᠧᠵᠢᠫᠲ ᠤᠨ ᠪᠦᠬᠦ ᠭᠠᠵᠠᠷ ᠲᠤ᠂ ᠶᠧᠵᠢᠫᠲ ᠨᠤᠲᠤᠭ ᠤᠨ ᠬᠥᠮᠦᠨ᠂ ᠮᠠᠯ᠂ ᠬᠡᠭᠡᠷ᠎ᠡ ᠲᠠᠯ᠎ᠠ ᠶᠢᠨ ᠠᠯᠢᠪᠠ ᠡᠪᠡᠰᠦ ᠨᠣᠭᠣᠭ᠎ᠠ ᠶᠢᠨ ᠳᠡᠭᠡᠷ᠎ᠡ ᠮᠥᠨᠳᠥᠷ ᠪᠠᠭᠤᠨ᠎ᠠ》 ᠭᠡᠵᠦ ᠠᠢᠯᠠᠳᠪᠠ᠃ 23 ᠮᠣᠰᠧ ᠲᠠᠶᠠᠭ ᠢᠶᠠᠨ ᠲᠩᠷᠢ ᠥᠭᠡᠳᠡ ᠰᠤᠩ᠋ᠭᠠᠬᠤ ᠳᠤ᠂ ᠶᠣᠬᠣᠸᠠ ᠠᠶᠤᠩ᠋ᠭ᠎ᠠ ᠮᠥᠨᠳᠥᠷ ᠢ ᠢᠯᠡᠭᠡᠵᠦ ᠭᠠᠵᠠᠷ ᠲᠤ ᠭᠠᠯ ᠪᠠᠭᠤᠯᠭᠠᠪᠠ᠃ ᠡᠢᠨ ᠬᠦ ᠶᠣᠬᠣᠸᠠ ᠶᠧᠵᠢᠫᠲ ᠤᠨ ᠨᠤᠲᠤᠭ ᠲᠤ ᠮᠥᠨᠳᠥᠷ ᠣᠷᠣᠭᠤᠯᠤᠯ᠎ᠠ᠃ 24 ᠮᠥᠨᠳᠥᠷ ᠣᠷᠣᠵᠤ᠂ ᠡᠭᠦᠨ ᠦ ᠬᠠᠮᠲᠤ ᠭᠠᠯ ᠴᠠᠬᠢᠯᠵᠤ ᠪᠠᠢᠯ᠎ᠠ᠃ ᠶᠧᠵᠢᠫᠲ ᠤᠨ ᠨᠤᠲᠤᠭ ᠳᠠᠶᠠᠭᠠᠷ ᠲᠡᠨᠳᠡ ᠦᠨᠳᠦᠰᠦᠲᠡᠨ ᠡᠭᠦᠰᠦᠭᠰᠡᠨ ᠡᠴᠡ ᠬᠣᠢᠰᠢ ᠲᠡᠢᠮᠦ ᠠᠶᠤᠮᠰᠢᠭᠲᠤ ᠮᠥᠨᠳᠥᠷ ᠪᠠᠢᠭᠰᠠᠨ ᠦᠭᠡᠢ᠃ 25 ᠶᠧᠵᠢᠫᠲ ᠤᠨ ᠨᠤᠲᠤᠭ ᠳᠠᠶᠠᠭᠠᠷ ᠬᠡᠭᠡᠷ᠎ᠡ ᠪᠠᠢᠭ᠎ᠠ ᠬᠥᠮᠦᠨ᠂ ᠮᠠᠯ ᠪᠦᠷ ᠮᠥᠨᠳᠥᠷ ᠲᠦ ᠴᠣᠬᠢᠭᠳᠠᠪᠠ᠃ ᠮᠥᠨ ᠬᠡᠭᠡᠷ᠎ᠡ ᠲᠠᠯ᠎ᠠ ᠶᠢᠨ ᠪᠦᠬᠦ ᠡᠪᠡᠰᠦ ᠨᠣᠭᠣᠭ᠎ᠠ ᠴᠤ ᠮᠥᠨᠳᠥᠷ ᠲᠦ ᠴᠣᠬᠢᠭᠳᠠᠵᠤ᠂ ᠬᠡᠭᠡᠷ᠎ᠡ ᠶᠢᠨ ᠪᠦᠬᠦ ᠮᠣᠳᠣ ᠬᠤᠭᠤᠷᠠᠪᠠ᠃ 26 ᠵᠥᠪᠬᠡᠨ ᠢᠰᠷᠧᠯᠴᠦᠳ ᠦᠨ ᠠᠮᠢᠳᠤᠷᠠᠵᠤ ᠪᠠᠢᠭ᠎ᠠ ᠭᠣᠱᠧᠨ ᠭᠠᠵᠠᠷ ᠲᠤ ᠮᠥᠨᠳᠥᠷ ᠣᠷᠣᠭᠰᠠᠨ ᠦᠭᠡᠢ᠃

27 ᠹᠠᠷᠠᠣ᠋ ᠬᠥᠮᠦᠨ ᠶᠠᠪᠤᠭᠤᠯᠵᠤ᠂ ᠮᠣᠰᠧ᠂ ᠠᠷᠣᠨ ᠬᠣᠶᠠᠷ ᠢ ᠳᠠᠭᠤᠳᠠᠭᠠᠳ ᠲᠡᠳᠡᠨ ᠳᠦ᠄ 《ᠡᠨᠡ ᠤᠳᠠᠭ᠎ᠠ ᠪᠢ ᠨᠢᠭᠦᠯ ᠦᠢᠯᠡᠳᠴᠡᠢ᠃ ᠶᠣᠬᠣᠸᠠ ᠪᠣᠯ ᠵᠥᠪ ᠰᠢᠳᠤᠷᠭᠤ᠂ ᠪᠢ ᠪᠣᠯᠣᠨ ᠮᠢᠨᠦ ᠠᠷᠠᠳ ᠲᠦᠮᠡᠨ ᠪᠤᠷᠤᠭᠤ ᠲᠠᠢ᠃ 28 ᠶᠣᠬᠣᠸᠠ ᠠᠴᠠ ᠭᠤᠶᠤᠭᠠᠴᠢ᠃ ᠪᠤᠷᠬᠠᠨ ᠤ ᠠᠶᠤᠩ᠋ᠭ᠎ᠠ᠂ ᠮᠥᠨᠳᠥᠷ ᠳᠡᠩᠳᠡᠭᠦᠦ ᠶᠡᠬᠡ ᠪᠠᠢᠨ᠎ᠠ᠃ ᠪᠢ ᠲᠠ ᠨᠠᠷ ᠢ ᠶᠠᠪᠤᠭᠤᠯᠤᠨ᠎ᠠ᠃ ᠲᠠ ᠨᠠᠷ ᠴᠢᠨᠠᠭᠰᠢᠳᠠ ᠡ᠊ᠨᠳᠡ ᠦᠯᠡᠳᠡᠬᠦ ᠬᠡᠷᠡᠭ ᠦᠭᠡᠢ》 ᠭᠡᠵᠦ ᠬᠡᠯᠡᠪᠡ᠃ 29 ᠮᠣᠰᠧ ᠲᠡᠭᠦᠨ ᠳᠦ᠄ 《ᠪᠢ ᠬᠣᠲᠠ ᠠᠴᠠ ᠭᠠᠷᠤᠮᠠᠭᠴᠠ ᠪᠠᠨ ᠶᠣᠬᠣᠸᠠ ᠥᠭᠡᠳᠡ ᠭᠠᠷ ᠢᠶᠠᠨ ᠰᠤᠩ᠋ᠭᠠᠶ᠎ᠠ᠃ ᠲᠡᠭᠡᠬᠦ ᠳᠦ ᠠᠶᠤᠩ᠋ᠭ᠎ᠠ ᠵᠣᠭᠰᠣᠵᠤ᠂ ᠮᠥᠨᠳᠥᠷ ᠣᠷᠣᠬᠤ ᠪᠠᠨ ᠪᠣᠯᠢᠨ᠎ᠠ᠃ ᠲᠡᠢᠨ ᠬᠦ ᠲᠠ ᠭᠠᠵᠠᠷ ᠳᠡᠯᠡᠬᠡᠢ ᠨᠢ ᠶᠣᠬᠣᠸᠠ ᠶᠢᠨ ᠬᠢ ᠭᠡᠳᠡᠭ ᠢ ᠮᠡᠳᠡᠬᠦ ᠪᠣᠯᠣᠨ᠎ᠠ᠃ 30 ᠭᠡᠬᠦ ᠳᠡᠭᠡᠨ ᠲᠠ ᠪᠣᠯᠣᠨ ᠲᠠᠨ ᠤ ᠵᠠᠷᠤᠴᠠ ᠨᠠᠷ ᠣᠳᠣ ᠴᠤ ᠶᠣᠬᠣᠸᠠ ᠪᠤᠷᠬᠠᠨ ᠠᠴᠠ ᠡᠮᠢᠶᠡᠬᠦ ᠦᠭᠡᠢ ᠪᠠᠢᠭ᠎ᠠ ᠶᠢ ᠪᠢ ᠮᠡᠳᠡᠵᠦ ᠪᠠᠢᠨ᠎ᠠ》 ᠭᠡᠵᠦ ᠬᠡᠯᠡᠪᠡ᠃ 31 ᠲᠡᠷᠡ ᠦᠶ᠎ᠡ ᠳᠦ᠂ ᠠᠷᠪᠠᠢ ᠲᠦᠷᠦᠭᠦᠦ ᠭᠠᠷᠴᠤ᠂ ᠮᠠᠭᠠᠯᠢᠩ᠋ᠭᠤ ᠳᠡᠯᠭᠡᠷᠡᠭᠰᠡᠨ ᠤᠴᠢᠷ ᠮᠠᠭᠠᠯᠢᠩ᠋ᠭᠤ ᠪᠣᠯᠣᠨ ᠠᠷᠪᠠᠢ ᠴᠣᠬᠢᠭᠳᠠᠵᠠᠢ᠂ 32 ᠤᠯᠠᠭᠠᠨ ᠪᠤᠭᠤᠳᠠᠢ᠂ ᠬᠥᠭᠡᠴᠦ ᠪᠤᠭᠤᠳᠠᠢ ᠤᠷᠭᠤᠭ᠎ᠠ ᠦᠭᠡᠢ ᠪᠣᠯᠬᠣᠷ ᠴᠣᠬᠢᠭᠳᠠᠭᠰᠠᠨ ᠦᠭᠡᠢ᠃ 33 ᠮᠣᠰᠧ ᠹᠠᠷᠠᠣ᠋ ᠡᠴᠡ ᠰᠠᠯᠤᠨ ᠬᠣᠲᠠ ᠠᠴᠠ ᠭᠠᠷᠴᠤ ᠶᠣᠬᠣᠸᠠ ᠤᠷᠤᠭᠤ ᠭᠠᠷ ᠢᠶᠠᠨ ᠰᠤᠩ᠋ᠭᠠᠬᠤ ᠳᠤ᠂ ᠠᠶᠤᠩ᠋ᠭ᠎ᠠ ᠮᠥᠨᠳᠥᠷ ᠵᠣᠭᠰᠣᠵᠤ᠂ ᠭᠠᠵᠠᠷ ᠲᠤ ᠪᠣᠷᠣᠭᠠᠨ ᠴᠢᠳᠬᠤᠬᠤ ᠪᠠᠨ ᠪᠣᠯᠢᠪᠠ᠃ 34 ᠭᠡᠪᠡᠴᠦ ᠹᠠᠷᠠᠣ᠋ ᠪᠣᠷᠣᠭᠠᠨ ᠴᠤ᠂ ᠠᠶᠤᠩ᠋ᠭ᠎ᠠ ᠮᠥᠨᠳᠥᠷ ᠴᠤ ᠵᠣᠭᠰᠣᠭᠰᠠᠨ ᠢ ᠬᠠᠷᠠᠭᠠᠳ ᠳᠠᠬᠢᠨ ᠨᠢᠭᠦᠯ ᠦᠢᠯᠡᠳᠴᠦ ᠵᠢᠷᠦᠬᠡ ᠪᠡᠨ ᠬᠠᠲᠠᠭᠤᠷᠠᠭᠤᠯᠤᠭᠰᠠᠨ ᠪᠠᠢᠨ᠎ᠠ᠂ ᠵᠠᠷᠤᠴᠠ ᠨᠠᠷ ᠨᠢ ᠴᠤ ᠠᠳᠠᠯᠢ ᠪᠠᠢᠪᠠ᠃ 35 ᠡᠢᠨ ᠬᠦ ᠹᠠᠷᠠᠣ᠋ ᠶᠢᠨ ᠵᠢᠷᠦᠬᠡ ᠬᠠᠲᠠᠭᠤᠷᠠᠵᠤ᠂ ᠢᠰᠷᠧᠯᠴᠦᠳ ᠢ ᠶᠠᠪᠤᠭᠤᠯᠤᠭᠰᠠᠨ ᠦᠭᠡᠢ᠃ ᠡᠨᠡ ᠨᠢ ᠶᠣᠬᠣᠸᠠ ᠶᠢᠨ ᠮᠣᠰᠧ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠪᠣᠯᠵᠠᠢ᠃