1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠳᠥᠷᠪᠡ
 ᠮᠣᠰᠧ ᠳᠤ ᠬᠠᠷᠠᠭᠤᠯᠤᠭᠰᠠᠨ ᠲᠡᠮᠳᠡᠭ ᠤᠳ

1 ᠮᠣᠰᠧ ᠬᠠᠷᠢᠭᠤ ᠳᠤᠨᠢ᠄ 《ᠬᠡᠷᠪᠡ ᠲᠡᠳᠡ ᠨᠠᠳᠠ ᠳᠤ ᠢᠲᠡᠭᠡᠬᠦ ᠦᠭᠡᠢ᠂ ᠮᠢᠨᠦ ᠦᠭᠡ ᠶᠢ ᠴᠤ ᠰᠣᠨᠣᠰᠬᠤ ᠦᠭᠡᠢ ᠪᠣᠯ ᠪᠢ ᠶᠠᠭᠠᠬᠢᠬᠤ ᠪᠤᠢ︖ ᠲᠡᠳᠡ᠄ 〈ᠶᠣᠬᠣᠸᠠ ᠴᠢᠮ᠎ᠠ ᠳᠤ ᠦᠵᠡᠭᠳᠡᠭᠡ ᠦᠭᠡᠢ ᠰᠢᠦ ᠳᠠ〉 ᠭᠡᠵᠦ ᠬᠡᠯᠡᠬᠦ ᠪᠠᠢᠬ᠎ᠠ》 ᠭᠡᠪᠡ᠃ 2 ᠶᠣᠬᠣᠸᠠ ᠲᠡᠭᠦᠨ ᠳᠦ᠄ 《ᠭᠠᠷ ᠲᠤ ᠴᠢᠨᠢ ᠪᠠᠢᠭ᠎ᠠ ᠨᠢ ᠶᠠᠭᠤ ᠪᠤᠢ︖》 ᠭᠡᠬᠦ ᠳᠦ᠂ ᠲᠡᠷᠡ᠄ 《ᠲᠠᠶᠠᠭ》 ᠭᠡᠵᠦ ᠬᠠᠷᠢᠭᠤᠯᠪᠠ᠃ 3 ᠶᠣᠬᠣᠸᠠ᠄ 《ᠲᠡᠭᠦᠨ ᠢ ᠪᠠᠨ ᠭᠠᠵᠠᠷ ᠲᠤ ᠬᠠᠶᠠ》 ᠭᠡᠵᠡᠢ᠃ ᠮᠣᠰᠧ ᠲᠠᠶᠠᠭ ᠢᠶᠠᠨ ᠭᠠᠵᠠᠷ ᠲᠤ ᠬᠠᠶᠠᠬᠤ ᠳᠤ᠂ ᠲᠠᠶᠠᠭ ᠨᠢ ᠮᠣᠭᠠᠢ ᠪᠣᠯᠵᠤ᠂ ᠮᠣᠰᠧ ᠲᠡᠭᠦᠨ ᠡᠴᠡ ᠵᠢᠭᠤᠲᠠᠪᠠ᠃ 4 ᠶᠣᠬᠣᠸᠠ ᠮᠣᠰᠧ ᠳᠤ᠄ 《ᠭᠠᠷ ᠢᠶᠠᠨ ᠰᠤᠩ᠋ᠭᠠᠨ ᠰᠡᠭᠦᠯ ᠡᠴᠡ ᠨᠢ ᠪᠠᠷᠢ》 ᠭᠡᠪᠡ᠃ ᠲᠡᠭᠡᠭᠡᠳ ᠮᠣᠰᠧ ᠭᠠᠷ ᠢᠶᠠᠨ ᠰᠤᠩ᠋ᠭᠠᠨ ᠪᠠᠷᠢᠬᠤ ᠳᠤ᠂ ᠮᠣᠭᠠᠢ ᠭᠠᠷ ᠲᠤᠨᠢ ᠲᠠᠶᠠᠭ ᠪᠣᠯᠵᠠᠢ᠃ 5 ᠶᠣᠬᠣᠸᠠ᠄ 《ᠡᠭᠦᠨ ᠢᠶᠡᠷ ᠲᠡᠳᠡ ᠡᠴᠢᠭᠡ ᠡᠪᠦᠭᠡᠳ ᠦᠨ ᠢᠶᠠᠨ ᠪᠤᠷᠬᠠᠨ — ᠠᠪᠷᠠᠬᠠᠮ ᠤᠨ ᠪᠤᠷᠬᠠᠨ᠂ ᠢᠰᠠᠺ ᠤᠨ ᠪᠤᠷᠬᠠᠨ᠂ ᠶᠠᠺᠣᠪ ᠤᠨ ᠪᠤᠷᠬᠠᠨ ᠶᠣᠬᠣᠸᠠ ᠴᠢᠮ᠎ᠠ ᠳᠤ ᠦᠵᠡᠭᠳᠡᠭᠰᠡᠨ ᠢ ᠢᠲᠡᠭᠡᠬᠦ ᠪᠣᠯᠣᠨ᠎ᠠ》 ᠭᠡᠵᠡᠢ᠃

6 ᠶᠣᠬᠣᠸᠠ ᠴᠢᠨᠠᠭᠰᠢ ᠨᠢ᠄ 《ᠴᠢ ᠭᠠᠷ ᠢᠶᠠᠨ ᠡᠪᠦᠷ ᠲᠡᠭᠡᠨ ᠬᠢ》 ᠭᠡᠪᠡ᠃ ᠮᠣᠰᠧ ᠭᠠᠷ ᠢᠶᠠᠨ ᠡᠪᠦᠷ ᠲᠡᠭᠡᠨ ᠬᠢᠭᠡᠳ ᠭᠠᠷᠭᠠᠵᠤ ᠢᠷᠡᠬᠦ ᠳᠦ᠂ ᠭᠠᠷ ᠨᠢ ᠤᠶᠠᠮᠠᠨ ᠡᠪᠡᠳᠴᠢᠨ ᠲᠡᠢ ᠪᠣᠯᠵᠤ ᠴᠠᠰᠤ ᠴᠠᠭᠠᠨ ᠪᠣᠯᠵᠠᠢ᠃ 7 ᠶᠣᠬᠣᠸᠠ᠄ 《ᠴᠢ ᠭᠠᠷ ᠢᠶᠠᠨ ᠡᠪᠦᠷ ᠲᠡᠭᠡᠨ ᠳᠠᠬᠢᠭᠠᠳ ᠬᠢ︕》 ᠭᠡᠬᠦ ᠳᠦ᠂ ᠮᠣᠰᠧ ᠭᠠᠷ ᠢᠶᠠᠨ ᠡᠪᠦᠷ ᠲᠡᠭᠡᠨ ᠳᠠᠬᠢᠨ ᠬᠢᠭᠡᠳ ᠭᠠᠷᠭᠠᠵᠤ ᠢᠷᠡᠬᠦ ᠳᠦ᠂ ᠭᠠᠷ ᠨᠢ ᠪᠤᠰᠤᠳ ᠬᠡᠰᠡᠭ ᠦᠨ ᠬᠢᠨᠢ ᠮᠢᠬ᠎ᠠ ᠲᠠᠢ ᠠᠳᠠᠯᠢ ᠡᠷᠡᠭᠦᠯᠵᠢᠭᠰᠡᠨ ᠪᠠᠢᠯ᠎ᠠ︕ 8 ᠶᠣᠬᠣᠸᠠ᠄ 《ᠬᠡᠳᠦᠢᠪᠡᠷ ᠲᠡᠳᠡ ᠴᠢᠮ᠎ᠠ ᠳᠤ ᠢᠲᠡᠭᠡᠬᠦ ᠦᠭᠡᠢ᠂ ᠠᠩ᠋ᠬᠠᠨ ᠤ ᠭᠠᠢᠬᠠᠮᠰᠢᠭ ᠢ ᠣᠢᠰᠢᠶᠠᠬᠤ ᠦᠭᠡᠢ ᠪᠠᠢᠪᠠᠴᠤ ᠳᠠᠷᠠᠭ᠎ᠠ ᠶᠢᠨ ᠭᠠᠢᠬᠠᠮᠰᠢᠭ ᠲᠤ ᠢᠲᠡᠭᠡᠨ᠎ᠡ᠃ 9 ᠬᠡᠷᠪᠡ ᠲᠡᠳᠡ ᠡᠨᠡ ᠬᠣᠶᠠᠷ ᠭᠠᠢᠬᠠᠮᠰᠢᠭ ᠲᠤ ᠴᠤ ᠦᠯᠦ ᠢᠲᠡᠭᠡᠨ ᠦᠭᠡ ᠶᠢ ᠴᠢᠨᠢ ᠰᠣᠨᠣᠰᠬᠤ ᠦᠭᠡᠢ ᠪᠣᠯ ᠴᠢ ᠨᠢᠯ ᠮᠥᠷᠡᠨ ᠡᠴᠡ ᠤᠰᠤ ᠠᠪᠴᠤ᠂ ᠬᠠᠭᠤᠷᠠᠢ ᠭᠠᠵᠠᠷ ᠲᠤ ᠠᠰᠬ᠎ᠠ᠃ ᠮᠥᠷᠡᠨ ᠡᠴᠡ ᠠᠪᠤᠭᠰᠠᠨ ᠤᠰᠤ ᠴᠢᠨᠢ ᠬᠠᠭᠤᠷᠠᠢ ᠭᠠᠵᠠᠷ ᠲᠤ ᠴᠢᠰᠤ ᠪᠣᠯᠬᠤ ᠪᠣᠯᠣᠨ᠎ᠠ》 ᠭᠡᠪᠡ᠃

10 ᠮᠣᠰᠧ ᠶᠣᠬᠣᠸᠠ ᠳᠤ᠄ 《ᠥ ᠡᠵᠡᠨ ᠮᠢᠨᠢ᠂ ᠪᠢ ᠬᠡᠯᠡ ᠠᠮᠠᠨ ᠳᠠᠭᠠᠨ ᠪᠢᠳᠠᠭᠤ᠂ ᠥᠴᠥᠭᠡᠳᠦᠷ ᠴᠤ᠂ ᠤᠷᠵᠢᠳᠤᠷ ᠴᠤ᠂ ᠲᠠ ᠵᠠᠷᠤᠴᠠ ᠲᠠᠢ ᠪᠠᠨ ᠶᠠᠷᠢᠵᠤ ᠡᠬᠢᠯᠡᠭᠰᠡᠨ ᠡᠴᠡ ᠬᠣᠢᠰᠢ ᠴᠤ ᠬᠡᠪ ᠢᠶᠡᠷ ᠢᠶᠠᠨ ᠪᠠᠢᠨ᠎ᠠ᠃ ᠪᠢ ᠬᠡᠯᠡ ᠠᠮᠠᠨ ᠳᠠᠭᠠᠨ ᠪᠢᠳᠠᠭᠤ ᠰᠢᠦ》 ᠭᠡᠰᠡᠨ ᠳᠦ᠂ 11 ᠶᠣᠬᠣᠸᠠ ᠲᠡᠭᠦᠨ ᠳᠦ᠄ 《ᠬᠥᠮᠦᠨ ᠳᠦ ᠠᠮᠠ ᠶᠢ ᠥᠭᠭᠥᠭᠴᠢ ᠨᠢ ᠬᠡᠨ ᠪᠤᠢ︖ ᠬᠥᠮᠦᠨ ᠢ ᠬᠡᠯᠡ ᠦᠭᠡᠢ᠂ ᠳᠦᠯᠡᠢ ᠪᠣᠯᠭᠠᠭᠴᠢ᠂ ᠬᠠᠷᠠᠭ᠎ᠠ ᠲᠠᠢ ᠪᠤᠶᠤ ᠬᠠᠷᠠᠭ᠎ᠠ ᠦᠭᠡᠢ ᠪᠣᠯᠭᠠᠭᠴᠢ ᠨᠢ ᠬᠡᠨ ᠪᠤᠢ︖ ᠶᠣᠬᠣᠸᠠ ᠪᠢ ᠪᠢᠰᠢ ᠭᠡᠵᠢ ᠤᠤ︖ 12 ᠴᠢ ᠣᠳᠣ ᠶᠠᠪᠤ︕ ᠪᠢ ᠴᠢᠨᠦ ᠠᠮᠠ ᠬᠡᠯᠡ ᠲᠠᠢ ᠬᠠᠮᠲᠤ ᠪᠠᠢᠵᠤ᠂ ᠴᠢᠨᠦ ᠶᠠᠭᠤ ᠬᠡᠯᠡᠬᠦ ᠶᠢ ᠴᠢᠮ᠎ᠠ ᠳᠤ ᠵᠢᠭᠠᠨ᠎ᠠ》 ᠭᠡᠪᠡ᠃ 13 ᠬᠠᠷᠢᠨ ᠮᠣᠰᠧ᠄ 《ᠥ ᠡᠵᠡᠨ᠂ ᠲᠠᠨ ᠠᠴᠠ ᠭᠤᠶᠤᠶ᠎ᠠ᠂ ᠥᠭᠡᠷ᠎ᠡ ᠬᠥᠮᠦᠨ ᠢ ᠶᠠᠪᠤᠭᠤᠯᠤᠭᠠᠴᠢ︕》 ᠭᠡᠯ᠎ᠡ᠃ 14 ᠲᠡᠭᠡᠲᠡᠯ᠎ᠡ ᠶᠣᠬᠣᠸᠠ ᠶᠢᠨ ᠠᠭᠤᠷ ᠬᠢᠯᠢᠩ ᠮᠣᠰᠧ ᠶᠢᠨ ᠡᠰᠡᠷᠭᠦ ᠪᠠᠳᠠᠷᠠᠪᠠ᠃ ᠲᠡᠷᠡ᠄ 《ᠯᠧᠸᠢ ᠬᠥᠮᠦᠨ ᠠᠷᠣᠨ ᠴᠢᠨᠦ ᠠᠬ᠎ᠠ ᠪᠢᠵᠡ ᠳᠠ︖ ᠲᠡᠷᠡ ᠬᠡᠯᠡ ᠶᠠᠷᠢᠶᠠᠨ ᠳᠠᠭᠠᠨ ᠰᠠᠢᠨ ᠪᠠᠢᠳᠠᠭ ᠢ ᠪᠢ ᠮᠡᠳᠡᠨ᠎ᠡ᠃ ᠡᠳᠦᠭᠡ ᠲᠡᠷᠡ ᠴᠢᠮ᠎ᠠ ᠲᠠᠢ ᠠᠭᠤᠯᠵᠠᠬᠤ ᠪᠠᠷ ᠭᠠᠷᠴᠤ ᠢᠷᠡᠯ᠎ᠡ᠃ ᠴᠢᠮᠠᠶᠢ ᠬᠠᠷᠠᠭᠠᠳ ᠲᠡᠷᠡ ᠴᠢᠩ ᠰᠡᠳᠬᠢᠯ ᠡᠴᠡ ᠪᠡᠨ ᠪᠠᠶᠠᠷᠯᠠᠨ᠎ᠠ᠃ 15 ᠴᠢ ᠲᠡᠭᠦᠨ ᠲᠡᠢ ᠶᠠᠷᠢᠵᠤ᠂ ᠬᠡᠯᠡᠬᠦ ᠦᠭᠡ ᠪᠡᠨ ᠲᠡᠭᠦᠨ ᠦ ᠠᠮᠠᠨ ᠳᠤ ᠳᠠᠭᠠᠭᠠᠯᠭ᠎ᠠ᠃ ᠪᠢ ᠴᠢᠨᠦ ᠪᠣᠯᠣᠨ ᠲᠡᠭᠦᠨ ᠦ ᠠᠮᠠ ᠬᠡᠯᠡ ᠲᠠᠢ ᠬᠠᠮᠲᠤ ᠪᠠᠢᠭᠰᠠᠭᠠᠷ ᠲᠠ ᠨᠠᠷ ᠲᠤ ᠶᠠᠭᠤ ᠬᠢᠬᠦ ᠶᠣᠰᠣᠲᠠᠢ ᠶᠢ ᠵᠢᠭᠠᠨ᠎ᠠ᠃ 16 ᠲᠡᠷᠡ ᠴᠢᠨᠦ ᠡᠮᠦᠨ᠎ᠡ ᠡᠴᠡ ᠠᠷᠠᠳ ᠲᠦᠮᠡᠨ ᠳᠦ ᠬᠡᠯᠡᠨ᠎ᠡ᠃ ᠲᠡᠷᠡ ᠴᠢᠨᠦ ᠠᠮᠠ ᠮᠡᠲᠦ᠂ ᠴᠢ ᠲᠡᠭᠦᠨ ᠦ ᠪᠤᠷᠬᠠᠨ ᠮᠡᠲᠦ ᠪᠣᠯᠣᠨ᠎ᠠ᠃ 17 ᠴᠢ ᠨᠠᠭᠠᠳᠤ ᠲᠠᠶᠠᠭ ᠢ ᠭᠠᠷ ᠲᠠᠭᠠᠨ ᠪᠠᠷᠢᠵᠤ᠂ ᠡᠭᠦᠨ ᠢᠶᠡᠷ ᠭᠠᠢᠬᠠᠮᠰᠢᠭ ᠤᠳ ᠢ ᠦᠢᠯᠡᠳᠦᠭᠲᠦᠨ》 ᠭᠡᠵᠦ ᠠᠢᠯᠠᠳᠪᠠ᠃
 ᠮᠣᠰᠧ ᠶᠧᠵᠢᠫᠲ ᠲᠤ ᠡᠷᠭᠢᠵᠦ ᠣᠴᠢᠪᠠ

18 ᠮᠣᠰᠧ ᠲᠡᠨᠳᠡ ᠡᠴᠡ ᠶᠠᠪᠤᠵᠤ᠂ ᠬᠠᠳᠠᠮ ᠡᠴᠢᠭᠡ ᠶᠧᠲ᠋ᠷᠣ᠋ ᠶᠢᠨ ᠳᠡᠭᠡᠨ ᠪᠤᠴᠠᠵᠤ ᠣᠴᠢᠭᠠᠳ ᠲᠡᠭᠦᠨ ᠳᠦ᠄ 《ᠮᠢᠨᠦ ᠶᠠᠪᠤᠬᠤ ᠶᠢ ᠵᠥᠪᠰᠢᠶᠡᠷᠡᠭᠡᠴᠢ᠃ ᠪᠢ ᠶᠧᠵᠢᠫᠲ ᠲᠤ ᠪᠠᠢᠭ᠎ᠠ ᠠᠬ᠎ᠠ ᠳᠡᠭᠦᠦ ᠨᠠᠷ ᠤᠷᠤᠭᠤ ᠪᠠᠨ ᠪᠤᠴᠠᠵᠤ᠂ ᠲᠡᠳᠡᠨ ᠦ ᠠᠮᠢᠳᠤ ᠪᠠᠢᠬᠤ ᠡᠰᠡᠬᠦ ᠶᠢ ᠦᠵᠡᠶ᠎ᠡ》 ᠭᠡᠰᠡᠨ ᠳᠦ᠂ ᠶᠧᠲ᠋ᠷᠣ᠋ ᠮᠣᠰᠧ ᠳᠤ᠄ 《ᠠᠮᠤᠷ ᠲᠠᠢᠪᠤᠩ ᠶᠠᠪᠤ ᠳᠠ》 ᠭᠡᠪᠡ᠃ 19 ᠮᠢᠳᠢᠶᠠᠨ ᠳᠤ ᠶᠣᠬᠣᠸᠠ ᠮᠣᠰᠧ ᠳᠤ᠄ 《ᠶᠧᠵᠢᠫᠲ ᠤᠷᠤᠭᠤ ᠪᠤᠴᠠ᠃ ᠴᠢᠨᠦ ᠠᠮᠢ ᠶᠢ ᠬᠥᠨᠥᠭᠡᠬᠦ ᠭᠡᠭᠴᠢᠳ ᠪᠦᠷ ᠦᠬᠦᠭᠰᠡᠨ》 ᠭᠡᠵᠦ ᠠᠢᠯᠠᠳᠪᠠ᠃ 20 ᠡᠢᠨ ᠬᠦ ᠮᠣᠰᠧ ᠡᠬᠡᠨᠡᠷ ᠬᠥᠪᠡᠭᠦᠳ ᠲᠡᠭᠡᠨ ᠡᠯᠵᠢᠭᠡ ᠤᠨᠤᠭᠤᠯᠤᠭᠠᠳ᠂ ᠶᠧᠵᠢᠫᠲ ᠨᠤᠲᠤᠭ ᠢ ᠵᠣᠷᠢᠪᠠ᠃ ᠮᠣᠰᠧ ᠪᠤᠷᠬᠠᠨ ᠤ ᠲᠠᠶᠠᠭ ᠢ ᠭᠠᠷ ᠲᠠᠭᠠᠨ ᠪᠠᠷᠢᠵᠤ ᠪᠠᠢᠯ᠎ᠠ᠃

21 ᠶᠣᠬᠣᠸᠠ ᠮᠣᠰᠧ ᠳᠤ᠄ 《ᠴᠢ ᠶᠧᠵᠢᠫᠲ ᠲᠤ ᠪᠤᠴᠠᠵᠤ ᠣᠴᠢᠭᠠᠳ᠂ ᠮᠢᠨᠦ ᠭᠠᠷ ᠲᠤ ᠴᠢᠨᠢ ᠥᠭᠭᠥᠭᠰᠡᠨ ᠪᠦᠬᠦ ᠭᠠᠢᠬᠠᠮᠰᠢᠭ ᠢ ᠹᠠᠷᠠᠣ᠋ ᠶᠢᠨ ᠡᠮᠦᠨ᠎ᠡ ᠨᠢᠮᠪᠠᠢ ᠦᠢᠯᠡᠳ᠃ ᠬᠠᠷᠢᠨ ᠪᠢ ᠲᠡᠭᠦᠨ ᠦ ᠵᠢᠷᠦᠬᠡ ᠶᠢ ᠬᠠᠲᠠᠭᠤᠷᠠᠭᠤᠯᠬᠤ ᠪᠣᠯᠬᠣᠷ ᠲᠡᠷᠡ ᠠᠷᠠᠳ ᠲᠦᠮᠡᠨ ᠢ ᠶᠠᠪᠤᠭᠤᠯᠬᠤ ᠦᠭᠡᠢ᠃ 22 ᠲᠡᠭᠡᠪᠡᠯ ᠴᠢ ᠹᠠᠷᠠᠣ᠋ ᠳᠤ᠄ 〈ᠶᠣᠬᠣᠸᠠ ᠢᠩᠭᠢᠵᠦ ᠠᠢᠯᠠᠳᠴᠤ ᠪᠠᠢᠨ᠎ᠠ᠄ ᠢᠰᠷᠧᠯ ᠪᠣᠯ ᠮᠢᠨᠦ ᠤᠤᠭᠠᠨ ᠬᠦᠦ ᠶᠤᠮ᠃ 23 ᠮᠢᠨᠦ ᠬᠦᠦ ᠶᠢ ᠶᠠᠪᠤᠭᠤᠯᠵᠤ ᠨᠠᠳᠠ ᠳᠤ ᠮᠥᠷᠭᠥᠭᠦᠯ ᠭᠡᠵᠦ ᠪᠢ ᠴᠢᠮ᠎ᠠ ᠳᠤ ᠬᠡᠯᠡᠭᠰᠡᠨ ᠪᠣᠯᠪᠠᠴᠤ ᠴᠢ ᠲᠡᠭᠦᠨ ᠢ ᠶᠠᠪᠤᠭᠤᠯᠤᠭᠰᠠᠨ ᠦᠭᠡᠢ᠃ ᠡᠢᠮᠦ ᠡᠴᠡ ᠪᠢ ᠥᠪᠡᠷ ᠢᠶᠡᠨ ᠴᠢᠨᠦ ᠤᠤᠭᠠᠨ ᠬᠦᠦ ᠶᠢ ᠰᠥᠨᠥᠭᠡᠨ᠎ᠡ ᠭᠡᠰᠡᠨ〉 ᠭᠡᠵᠦ ᠬᠡᠯᠡ》 ᠭᠡᠪᠡ᠃

24 ᠵᠠᠮ ᠳᠠᠭᠠᠨ ᠬᠣᠨᠣᠭᠯᠠᠭᠰᠠᠨ ᠭᠠᠵᠠᠷ ᠲᠤᠨᠢ ᠶᠣᠬᠣᠸᠠ ᠵᠠᠯᠠᠷᠠᠨ ᠢᠷᠡᠵᠦ᠂ ᠮᠣᠰᠧ ᠶᠢ ᠦᠬᠦᠭᠦᠯᠬᠦ ᠭᠡᠪᠡ᠃ 25 ᠽᠢᠫᠣᠷᠠ ᠴᠠᠬᠢᠭᠤᠷ ᠴᠢᠯᠠᠭᠤ ᠠᠪᠴᠤ ᠬᠦᠦ ᠶᠢᠨ ᠢᠶᠠᠨ ᠬᠥᠪᠴᠢᠷᠬᠡᠢ ᠶᠢᠨ ᠠᠷᠠᠰᠤ ᠶᠢ ᠣᠭᠲᠣᠯᠣᠭᠠᠳ᠂ ᠮᠣᠰᠧ ᠶᠢᠨ ᠬᠥᠯ ᠳᠤ ᠬᠠᠶᠠᠵᠤ᠄ 《ᠲᠠ ᠦᠨᠡᠬᠡᠷ ᠮᠢᠨᠦ ᠴᠢᠰᠤᠨ ᠨᠥᠬᠥᠷ ᠮᠥᠨ ᠪᠠᠢᠨ᠎ᠠ︕》 ᠭᠡᠵᠡᠢ᠃ 26 ᠲᠡᠭᠡᠬᠦ ᠳᠦ ᠶᠣᠬᠣᠸᠠ ᠮᠣᠰᠧ ᠶᠢ ᠰᠤᠯᠠᠯᠠᠪᠠ᠃ ᠽᠢᠫᠣᠷᠠ᠄ 《ᠴᠢᠰᠤᠨ ᠨᠥᠬᠥᠷ》 ᠭᠡᠵᠦ ᠬᠡᠯᠡᠭᠰᠡᠨ ᠨᠢ ᠬᠥᠪᠴᠢᠷᠬᠡᠢ ᠬᠥᠨᠳᠡᠯᠲᠡ ᠡᠴᠡ ᠪᠣᠯᠣᠭᠰᠠᠨ ᠶᠤᠮ᠃

27 ᠶᠣᠬᠣᠸᠠ ᠠᠷᠣᠨ ᠳᠤ᠄ 《ᠴᠥᠯ ᠳᠤ ᠣᠴᠢᠵᠤ ᠮᠣᠰᠧ ᠲᠠᠢ ᠠᠭᠤᠯᠵᠠ》 ᠭᠡᠰᠡᠨ ᠳᠦ᠂ ᠲᠡᠷᠡ ᠣᠴᠢᠵᠤ᠂ ᠪᠤᠷᠬᠠᠨ ᠤ ᠠᠭᠤᠯᠠᠨ ᠳᠤ ᠮᠣᠰᠧ ᠲᠠᠢ ᠠᠭᠤᠯᠵᠠᠭᠠᠳ ᠲᠡᠭᠦᠨ ᠢ ᠦᠨᠦᠰᠪᠡ᠃ 28 ᠮᠣᠰᠧ ᠥᠪᠡᠷ ᠢ ᠨᠢ ᠢᠯᠡᠭᠡᠭᠰᠡᠨ ᠡᠵᠡᠨ ᠦ ᠪᠦᠬᠦ ᠦᠭᠡ ᠶᠢᠨ ᠲᠤᠬᠠᠢ᠂ ᠮᠥᠨ ᠥᠪᠡᠷ ᠲᠤᠨᠢ ᠵᠠᠬᠢᠭᠰᠠᠨ ᠪᠦᠬᠦ ᠭᠠᠢᠬᠠᠮᠰᠢᠭ ᠤᠨ ᠲᠤᠬᠠᠢ ᠠᠷᠣᠨ ᠳᠤ ᠳᠤᠭᠤᠯᠭᠠᠭᠰᠠᠨ ᠪᠠᠢᠨ᠎ᠠ᠃

29 ᠮᠣᠰᠧ᠂ ᠠᠷᠣᠨ ᠬᠣᠶᠠᠭᠤᠯᠠ ᠬᠠᠮᠲᠤ ᠶᠠᠪᠤᠵᠤ ᠢᠰᠷᠧᠯᠴᠦᠳ ᠦᠨ ᠬᠠᠮᠤᠭ ᠠᠬᠠᠯᠠᠭᠴᠢ ᠶᠢ ᠴᠤᠭᠯᠠᠭᠤᠯᠵᠠᠢ᠃ 30 ᠠᠷᠣᠨ ᠶᠣᠬᠣᠸᠠ ᠶᠢᠨ ᠮᠣᠰᠧ ᠳᠤ ᠠᠢᠯᠠᠳᠤᠭᠰᠠᠨ ᠪᠦᠬᠦ ᠦᠭᠡ ᠶᠢ ᠶᠠᠷᠢᠵᠤ᠂ ᠠᠷᠠᠳ ᠲᠦᠮᠡᠨ ᠦ ᠡᠮᠦᠨ᠎ᠡ ᠭᠠᠢᠬᠠᠮᠰᠢᠭ ᠤᠳ ᠢ ᠦᠵᠡᠭᠦᠯᠦᠭᠰᠡᠨ ᠳᠦ᠂ 31 ᠠᠷᠠᠳ ᠲᠦᠮᠡᠨ ᠢᠲᠡᠭᠡᠵᠡᠢ᠃ ᠶᠣᠬᠣᠸᠠ ᠢᠰᠷᠧᠯᠴᠦᠳ ᠢ ᠠᠩ᠋ᠬᠠᠷᠴᠤ᠂ ᠲᠡᠳᠡᠨ ᠦ ᠵᠣᠪᠠᠯᠠᠩ ᠢ ᠬᠠᠷᠠᠭᠰᠠᠨ ᠢ ᠰᠣᠨᠣᠰᠣᠭᠠᠳ᠂ ᠲᠡᠳᠡ ᠪᠥᠬᠥᠢᠵᠦ ᠮᠥᠷᠭᠥᠯ᠎ᠡ᠃