ᠭᠡᠲᠦᠯᠦᠯ ᠠᠷᠪᠠᠨ ᠵᠢᠷᠭᠤᠭ᠎ᠠ
ᠮᠠᠨᠨᠠ ᠬᠢᠭᠡᠳ ᠪᠥᠳᠥᠨ᠎ᠡ ᠰᠢᠪᠠᠭᠤ
1 ᠪᠦᠬᠦ ᠢᠰᠷᠧᠯ ᠤᠨ ᠨᠡᠢᠲᠡ ᠴᠢᠭᠤᠯᠭᠠᠨ ᠡᠯᠢᠮ ᠡᠴᠡ ᠬᠥᠳᠡᠯᠵᠦ᠂ ᠡᠯᠢᠮ ᠪᠣᠯᠣᠨ ᠰᠢᠨᠠᠢ ᠠᠭᠤᠯᠠ ᠶᠢᠨ ᠬᠣᠭᠣᠷᠣᠨᠳᠣᠬᠢ ᠽᠢᠨ ᠴᠥᠯ ᠳᠤ ᠬᠦᠷᠪᠡ᠃ ᠡᠨᠡ ᠨᠢ ᠶᠧᠵᠢᠫᠲ ᠡᠴᠡ ᠭᠠᠷᠤᠭᠰᠠᠨ ᠠᠴᠠ ᠬᠣᠢᠰᠢᠬᠢ ᠬᠣᠶᠠᠳᠠᠬᠢ ᠰᠠᠷ᠎ᠠ ᠶᠢᠨ ᠠᠷᠪᠠᠨ ᠲᠠᠪᠤᠳᠠᠬᠢ ᠡᠳᠦᠷ ᠪᠠᠢᠪᠠ᠃ 2 ᠢᠰᠷᠧᠯ ᠤᠨ ᠨᠡᠢᠲᠡ ᠴᠢᠭᠤᠯᠭᠠᠨ ᠪᠦᠭᠦᠳᠡᠭᠡᠷ ᠡᠵᠡᠭᠦᠢ ᠵᠡᠯᠢᠭᠦᠳ ᠲᠡᠷᠡ ᠭᠠᠵᠠᠷ ᠲᠤ ᠮᠣᠰᠧ᠂ ᠠᠷᠣᠨ ᠬᠣᠶᠠᠷ ᠲᠤ ᠭᠣᠮᠣᠳᠠᠯᠯᠠᠭᠰᠠᠨ ᠪᠠᠢᠨ᠎ᠠ᠃ 3 ᠢᠰᠷᠧᠯᠴᠦᠳ ᠲᠡᠳᠡᠨ ᠳᠦ᠄ 《ᠮᠠᠨ ᠤ ᠬᠢᠨ ᠶᠧᠵᠢᠫᠲ ᠲᠤ ᠮᠢᠬ᠎ᠠ ᠲᠠᠢ ᠲᠣᠭᠣᠭ᠎ᠠ ᠶᠢᠨ ᠬᠠᠵᠠᠭᠤ ᠳᠤ ᠰᠠᠭᠤᠵᠤ᠂ ᠴᠠᠳᠲᠠᠯ᠎ᠠ ᠪᠠᠨ ᠪᠣᠣᠪᠣ ᠢᠳᠡᠳᠡᠭ ᠪᠠᠢᠬᠤ ᠳᠠᠭᠠᠨ ᠶᠣᠬᠣᠸᠠ ᠶᠢᠨ ᠮᠤᠲᠤᠷ ᠲᠤ ᠠᠯᠠᠭᠳᠠᠭᠰᠠᠨ ᠪᠣᠯ ᠳᠡᠭᠡᠷ᠎ᠡ ᠪᠠᠢᠵᠠᠢ᠃ ᠲᠠ ᠨᠠᠷ ᠪᠢᠳᠡᠨ ᠢ ᠲᠡᠨᠳᠡ ᠡᠴᠡ ᠭᠠᠷᠭᠠᠵᠤ᠂ ᠡᠨᠡ ᠴᠥᠯ ᠳᠤ ᠠᠪᠴᠢᠷᠠᠭᠰᠠᠨ ᠢᠶᠠᠷ ᠡᠨᠡ ᠠᠷᠠᠳ ᠣᠯᠠᠨ ᠪᠦᠭᠦᠳᠡᠭᠡᠷ ᠢᠶᠡᠨ ᠥᠯᠥᠰᠬᠥᠯᠡᠩ ᠢᠶᠡᠷ ᠦᠬᠦᠬᠦ ᠪᠣᠯᠵᠤ ᠪᠠᠢᠨ᠎ᠠ》 ᠭᠡᠪᠡ᠃
4 ᠶᠣᠬᠣᠸᠠ ᠮᠣᠰᠧ ᠳᠤ᠄ 《ᠬᠠᠷ᠎ᠠ᠂ ᠪᠢ ᠲᠠ ᠨᠠᠷ ᠲᠤ ᠲᠩᠷᠢ ᠡᠴᠡ ᠪᠣᠷᠣᠭ᠎ᠠ ᠮᠡᠲᠦ ᠪᠡᠷ ᠪᠣᠣᠪᠣ ᠣᠷᠣᠭᠤᠯᠤᠨ᠎ᠠ︕ ᠠᠷᠠᠳ ᠲᠦᠮᠡᠨ ᠭᠠᠷᠴᠤ᠂ ᠡᠳᠦᠷ ᠪᠦᠷᠢ ᠥᠪᠡᠷ ᠦᠨ ᠬᠡᠷᠡᠭᠴᠡᠭᠡ ᠪᠡᠷ ᠢᠶᠠᠨ ᠴᠤᠭᠯᠠᠭᠤᠯᠤᠨ᠎ᠠ᠃ ᠲᠡᠢᠨ ᠬᠦ ᠪᠢ ᠲᠡᠳᠡᠨ ᠢ ᠰᠣᠷᠢᠵᠤ᠂ ᠮᠢᠨᠦ ᠵᠢᠭᠠᠪᠤᠷᠢ ᠶᠢ ᠮᠥᠷᠳᠡᠬᠦ ᠡᠰᠡᠬᠦ ᠶᠢ ᠨᠢ ᠦᠵᠡᠨ᠎ᠡ᠃ 5 ᠲᠡᠳᠡ ᠵᠢᠷᠭᠤᠳᠠᠬᠢ ᠡᠳᠦᠷ ᠦᠨ ᠬᠤᠷᠢᠶᠠᠭᠰᠠᠨ ᠢᠶᠠᠷ ᠢᠶᠠᠨ ᠬᠣᠭᠣᠯᠠ ᠪᠠᠵᠠᠭᠠᠬᠤ ᠳᠤ᠂ ᠲᠡᠷᠡ ᠨᠢ ᠪᠤᠰᠤᠳ ᠡᠳᠦᠷ ᠦᠨ ᠬᠤᠷᠢᠶᠠᠳᠠᠭ ᠠᠴᠠ ᠪᠠᠨ ᠬᠣᠶᠠᠷ ᠳᠠᠬᠢᠨ ᠪᠣᠯᠣᠨ᠎ᠠ》 ᠭᠡᠪᠡ᠃ 6 ᠮᠣᠰᠧ᠂ ᠠᠷᠣᠨ ᠬᠣᠶᠠᠷ ᠢᠰᠷᠧᠯᠴᠦᠳ ᠲᠦ᠄ 《ᠦᠳᠡᠰᠢ ᠪᠣᠯᠬᠤ ᠳᠤ ᠲᠠ ᠨᠠᠷ ᠥᠪᠡᠷᠰᠡᠳ ᠢ ᠴᠢᠨᠢ ᠶᠧᠵᠢᠫᠲ ᠡᠴᠡ ᠭᠠᠷᠭᠠᠭᠰᠠᠨ ᠨᠢ ᠶᠣᠬᠣᠸᠠ ᠮᠥᠨ ᠭᠡᠳᠡᠭ ᠢ ᠮᠡᠳᠡᠬᠦ ᠪᠥᠭᠡᠳ 7 ᠥᠷᠯᠥᠭᠡ ᠨᠢ ᠶᠣᠬᠣᠸᠠ ᠶᠢᠨ ᠴᠣᠭ ᠵᠢᠪᠬᠤᠯᠠᠩ ᠢ ᠬᠠᠷᠠᠬᠤ ᠪᠣᠯᠣᠨ᠎ᠠ᠃ ᠶᠣᠬᠣᠸᠠ ᠥᠪᠡᠷ ᠦᠨ ᠬᠢᠨᠢ ᠡᠰᠡᠷᠭᠦ ᠭᠠᠷᠭᠠᠳᠠᠭ ᠭᠣᠮᠣᠳᠠᠯ ᠢ ᠴᠢᠨᠢ ᠰᠣᠨᠣᠰᠣᠭᠰᠠᠨ ᠶᠤᠮ᠃ ᠬᠠᠷᠢᠨ ᠲᠠ ᠨᠠᠷ ᠪᠢᠳᠡ ᠬᠣᠶᠠᠷ ᠢ ᠬᠡᠨ ᠭᠡᠵᠦ ᠦᠵᠡᠭᠡᠳ ᠪᠢᠳᠡᠨ ᠳᠦ ᠭᠣᠮᠣᠳᠠᠯ ᠲᠣᠭᠠᠴᠢᠭᠠᠳ ᠪᠠᠢᠭ᠎ᠠ ᠶᠤᠮ ᠪᠤᠢ︖》 ᠭᠡᠪᠡ᠃ 8 ᠮᠣᠰᠧ᠄ 《ᠲᠠ ᠨᠠᠷ ᠲᠤ ᠣᠷᠣᠢ ᠨᠢ ᠢᠳᠡᠬᠦ ᠮᠢᠬ᠎ᠠ ᠥᠭᠴᠦ᠂ ᠥᠷᠯᠥᠭᠡ ᠨᠢ ᠴᠠᠳᠲᠠᠯ᠎ᠠ ᠪᠣᠣᠪᠣ ᠥᠭᠭᠥᠭᠴᠢ ᠨᠢ ᠶᠣᠬᠣᠸᠠ᠂ ᠮᠥᠨ ᠥᠪᠡᠷ ᠦᠨ ᠬᠢᠨᠢ ᠡᠰᠡᠷᠭᠦ ᠭᠠᠷᠭᠠᠭᠰᠠᠨ ᠭᠣᠮᠣᠳᠠᠯ ᠢ ᠴᠢᠨᠢ ᠰᠣᠨᠣᠰᠣᠭᠴᠢ ᠨᠢ ᠴᠤ ᠶᠣᠬᠣᠸᠠ ᠶᠤᠮ᠃ ᠪᠢᠳᠡ ᠬᠣᠶᠠᠷ ᠬᠡᠨ ᠪᠣᠯᠣᠯ᠎ᠠ ᠭᠡᠵᠢ︖ ᠭᠣᠮᠣᠳᠠᠯ ᠴᠢᠨᠢ ᠪᠢᠳᠡᠨ ᠦ ᠡᠰᠡᠷᠭᠦ ᠪᠢᠰᠢ᠂ ᠬᠠᠷᠢᠨ ᠶᠣᠬᠣᠸᠠ ᠶᠢᠨ ᠡᠰᠡᠷᠭᠦ ᠶᠤᠮ》 ᠭᠡᠪᠡ᠃
9 ᠮᠣᠰᠧ ᠠᠷᠣᠨ ᠳᠤ᠄ 《ᠪᠦᠬᠦ ᠢᠰᠷᠧᠯ ᠤᠨ ᠨᠡᠢᠲᠡ ᠴᠢᠭᠤᠯᠭᠠᠨ ᠳᠤ᠄ 〈ᠶᠣᠬᠣᠸᠠ ᠶᠢᠨ ᠡᠮᠦᠨ᠎ᠡ ᠣᠢᠷᠠᠲᠤᠨ ᠢᠷ᠎ᠡ〉 ᠭᠡᠵᠦ ᠬᠡᠯᠡ᠃ ᠲᠡᠷᠡ ᠲᠡᠳᠡᠨ ᠦ ᠭᠣᠮᠣᠳᠠᠯ ᠢ ᠰᠣᠨᠣᠰᠣᠭᠰᠠᠨ ᠶᠤᠮ》 ᠭᠡᠪᠡ᠃ 10 ᠠᠷᠣᠨ ᠪᠦᠬᠦ ᠢᠰᠷᠧᠯ ᠤᠨ ᠨᠡᠢᠲᠡ ᠴᠢᠭᠤᠯᠭᠠᠨ ᠳᠤ ᠬᠡᠯᠡᠬᠦ ᠳᠦ᠂ ᠲᠡᠳᠡ ᠴᠥᠯ ᠤᠷᠤᠭᠤ ᠬᠠᠷᠠᠪᠠ᠃ ᠲᠡᠨᠳᠡ ᠶᠣᠬᠣᠸᠠ ᠶᠢᠨ ᠴᠣᠭ ᠵᠢᠪᠬᠤᠯᠠᠩ ᠡᠭᠦᠯᠡᠨ ᠳᠤᠮᠳᠠ ᠦᠵᠡᠭᠳᠡᠪᠡ︕ 11 ᠶᠣᠬᠣᠸᠠ ᠮᠣᠰᠧ ᠳᠤ᠄ 12 《ᠢᠰᠷᠧᠯᠴᠦᠳ ᠦᠨ ᠭᠣᠮᠣᠳᠠᠯ ᠢ ᠪᠢ ᠰᠣᠨᠣᠰᠣᠭᠰᠠᠨ᠃ ᠲᠡᠳᠡᠨ ᠳᠦ᠄ 〈ᠨᠠᠷᠠ ᠰᠢᠩᠭᠡᠬᠦ ᠡᠴᠡ ᠡᠮᠦᠨ᠎ᠡ 12 ᠲᠠ ᠨᠠᠷ ᠮᠢᠬ᠎ᠠ ᠢᠳᠡᠵᠦ᠂ ᠥᠷᠯᠥᠭᠡ ᠪᠣᠣᠪᠣ ᠪᠠᠷ ᠴᠠᠳᠬᠤ ᠪᠣᠯᠣᠨ᠎ᠠ᠃ ᠲᠡᠢᠨ ᠬᠦ ᠲᠠ ᠨᠠᠷ ᠥᠪᠡᠷᠰᠡᠳ ᠦᠨ ᠴᠢᠨᠢ ᠪᠤᠷᠬᠠᠨ ᠪᠣᠯ ᠶᠣᠬᠣᠸᠠ ᠭᠡᠳᠡᠭ ᠢ ᠮᠡᠳᠡᠬᠦ ᠪᠣᠯᠣᠨ᠎ᠠ〉 ᠭᠡᠵᠦ ᠬᠡᠯᠡ》 ᠭᠡᠪᠡ᠃
13 ᠣᠷᠣᠢ ᠪᠣᠯᠬᠤ ᠳᠤ ᠪᠥᠳᠥᠨ᠎ᠡ ᠰᠢᠪᠠᠭᠤᠳ ᠨᠢᠰᠴᠦ ᠢᠷᠡᠭᠡᠳ ᠬᠤᠸᠠᠷᠠᠨ ᠢ ᠪᠦᠷᠬᠦᠪᠡ᠃ ᠥᠷᠯᠥᠭᠡ ᠨᠢ ᠬᠤᠸᠠᠷᠠᠨ ᠤ ᠡᠷᠭᠢᠨ ᠲᠣᠭᠣᠷᠢᠨ ᠳᠤ ᠰᠢᠭᠦᠳᠡᠷᠢ ᠪᠠᠭᠤᠭᠰᠠᠨ ᠪᠠᠢᠯ᠎ᠠ᠃ 14 ᠰᠢᠭᠦᠳᠡᠷᠢ ᠡᠭᠰᠢᠬᠦ ᠳᠦ ᠴᠥᠯ ᠦᠨ ᠭᠠᠳᠠᠷᠭᠤ ᠳᠡᠭᠡᠷ᠎ᠡ ᠪᠥᠭᠡᠷᠡᠩᠬᠡᠢ ᠵᠢᠵᠢᠭ ᠶᠠᠭᠤᠮ᠎ᠠ᠂ ᠬᠢᠷᠠᠭᠤ ᠮᠡᠲᠦ ᠵᠢᠵᠢᠭᠬᠡᠨ ᠶᠠᠭᠤᠮ᠎ᠠ ᠭᠠᠵᠠᠷ ᠤᠨ ᠳᠡᠭᠡᠷ᠎ᠡ ᠦᠯᠡᠳᠡᠭᠰᠡᠨ ᠪᠠᠢᠯ᠎ᠠ︕ 15 ᠢᠰᠷᠧᠯᠴᠦᠳ ᠦᠵᠡᠭᠡᠳ ᠶᠠᠭᠤ ᠪᠣᠯᠬᠤ ᠶᠢ ᠨᠢ ᠮᠡᠳᠡᠬᠦ ᠦᠭᠡᠢ ᠤᠴᠢᠷ ᠨᠢᠭᠡ ᠨᠢᠭᠡᠨ ᠡᠴᠡ ᠪᠡᠨ᠄ 《ᠡᠨᠡ ᠶᠠᠭᠤ ᠪᠤᠢ︖》 ᠭᠡᠵᠦ ᠠᠰᠠᠭᠤᠵᠠᠭᠠᠪᠠ᠃ ᠮᠣᠰᠧ ᠲᠡᠳᠡᠨ ᠳᠦ᠄ 《ᠡᠨᠡ ᠪᠣᠯ ᠶᠣᠬᠣᠸᠠ ᠶᠢᠨ ᠲᠠ ᠨᠠᠷ ᠲᠤ ᠢᠳᠡᠭᠦᠯᠬᠦ ᠪᠡᠷ ᠰᠣᠶᠣᠷᠬᠠᠭᠰᠠᠨ ᠬᠦᠨᠡᠰᠦ ᠶᠤᠮ᠃ 16 〈ᠬᠥᠮᠦᠨ ᠪᠦᠷᠢ ᠢᠳᠡᠬᠦ ᠬᠡᠮᠵᠢᠶ᠎ᠡ ᠪᠡᠷ ᠢᠶᠠᠨ ᠴᠤᠭᠯᠠᠭᠤᠯᠵᠤ᠂ ᠪᠠᠰᠠ ᠮᠠᠢᠬᠠᠨ ᠳᠠᠭᠠᠨ ᠪᠠᠢᠭ᠎ᠠ ᠬᠥᠮᠦᠨ ᠦ ᠲᠣᠭ᠎ᠠ ᠪᠠᠷ᠂ ᠨᠢᠭᠡ ᠬᠥᠮᠦᠨ ᠳᠦ ᠨᠢᠭᠡ ᠣᠮᠧᠷ ᠤᠨ ᠬᠡᠮᠵᠢᠶ᠎ᠡ ᠪᠡᠷ ᠠᠪᠤᠭᠠᠷᠠᠢ〉 ᠭᠡᠵᠦ ᠶᠣᠬᠣᠸᠠ ᠲᠤᠰᠢᠶᠠᠭᠰᠠᠨ》 ᠭᠡᠪᠡ᠃ 17 ᠢᠰᠷᠧᠯᠴᠦᠳ ᠲᠡᠢᠨ ᠬᠦ ᠦᠢᠯᠡᠳᠪᠡ᠃ ᠵᠠᠷᠢᠮ ᠨᠢ ᠶᠡᠬᠡ᠂ ᠵᠠᠷᠢᠮ ᠨᠢ ᠪᠠᠭ᠎ᠠ ᠬᠤᠷᠢᠶᠠᠪᠠ᠃ 18 ᠭᠡᠪᠡᠴᠦ ᠲᠡᠭᠦᠨ ᠢ ᠪᠠᠨ ᠬᠡᠮᠵᠢᠭᠦᠷ ᠢᠶᠡᠷ ᠬᠡᠮᠵᠢᠬᠦ ᠳᠦ᠂ ᠶᠡᠬᠡ ᠬᠤᠷᠢᠶᠠᠭᠰᠠᠨ ᠨᠢ ᠴᠤ ᠢᠯᠡᠭᠦᠳᠡᠭᠰᠡᠨ ᠦᠭᠡᠢ᠂ ᠪᠠᠭ᠎ᠠ ᠬᠤᠷᠢᠶᠠᠭᠰᠠᠨ ᠨᠢ ᠴᠤ ᠳᠤᠲᠠᠭᠰᠠᠨ ᠦᠭᠡᠢ᠃ ᠬᠥᠮᠦᠨ ᠪᠦᠷᠢ ᠢᠳᠡᠬᠦ ᠬᠡᠮᠵᠢᠶ᠎ᠡ ᠪᠡᠷ ᠢᠶᠠᠨ ᠬᠤᠷᠢᠶᠠᠵᠠᠢ᠃ 19 ᠮᠣᠰᠧ ᠲᠡᠳᠡᠨ ᠳᠦ᠄ 《ᠬᠡᠨ ᠴᠤ ᠡᠭᠦᠨ ᠢ ᠥᠷᠯᠥᠭᠡ ᠪᠣᠯᠲᠠᠯ᠎ᠠ ᠦᠯᠡᠳᠡᠭᠡᠵᠦ ᠪᠣᠯᠬᠤ ᠦᠭᠡᠢ》 ᠭᠡᠪᠡ᠃ 20 ᠭᠡᠪᠡᠴᠦ ᠲᠡᠳᠡ ᠮᠣᠰᠧ ᠶᠢᠨ ᠬᠢ ᠶᠢ ᠣᠢᠰᠢᠶᠠᠭᠰᠠᠨ ᠦᠭᠡᠢ᠃ ᠵᠠᠷᠢᠮ ᠨᠢ ᠡᠭᠦᠨ ᠡᠴᠡ ᠬᠡᠰᠡᠭ ᠢ ᠥᠷᠯᠥᠭᠡ ᠬᠦᠷᠲᠡᠯ᠎ᠡ ᠦᠯᠡᠳᠡᠭᠡᠭᠰᠡᠨ ᠳᠦ ᠥᠲᠥᠵᠦ ᠥᠮᠡᠬᠡᠢᠷᠡᠵᠡᠢ᠃ ᠮᠣᠰᠧ ᠲᠡᠳᠡᠨ ᠳᠦ ᠠᠭᠤᠷᠯᠠᠪᠠ᠃ 21 ᠢᠩᠭᠢᠵᠦ ᠬᠥᠮᠦᠨ ᠪᠦᠬᠦᠨ ᠥᠷᠯᠥᠭᠡ ᠪᠣᠯᠭᠠᠨ ᠢᠳᠡᠬᠦ ᠬᠡᠮᠵᠢᠶ᠎ᠡ ᠪᠡᠷ ᠢᠶᠠᠨ ᠬᠤᠷᠢᠶᠠᠳᠠᠭ᠂ ᠨᠠᠷᠠ ᠬᠠᠯᠠᠪᠠᠯ ᠬᠠᠢᠯᠴᠢᠬᠠᠳᠠᠭ ᠪᠠᠢᠯ᠎ᠠ᠃
22 ᠲᠡᠳᠡ ᠵᠢᠷᠭᠤᠳᠠᠬᠢ ᠡᠳᠦᠷ ᠬᠤᠷᠢᠶᠠᠬᠤ ᠳᠤ᠂ ᠬᠣᠶᠠᠷ ᠳᠠᠬᠢᠨ ᠶᠡᠬᠡ ᠬᠣᠭᠣᠯᠠ᠂ ᠥᠭᠡᠷ᠎ᠡ ᠪᠡᠷ ᠬᠡᠯᠡᠪᠡᠯ ᠨᠢᠭᠡ ᠬᠥᠮᠦᠨ ᠳᠦ ᠬᠣᠶᠠᠷ ᠣᠮᠧᠷ ᠪᠣᠯᠣᠭᠰᠠᠨ ᠪᠠᠢᠨ᠎ᠠ᠃ ᠡᠢᠮᠦ ᠡᠴᠡ ᠨᠡᠢᠲᠡ ᠴᠢᠭᠤᠯᠭᠠᠨ ᠤ ᠤᠳᠤᠷᠢᠳᠤᠭᠴᠢᠳ ᠪᠦᠭᠦᠳᠡᠭᠡᠷ ᠢᠶᠡᠨ ᠢᠷᠡᠵᠦ ᠳᠤᠭᠤᠯᠭᠠᠭᠰᠠᠨ ᠳᠤ᠂ ᠮᠣᠰᠧ ᠲᠡᠳᠡᠨ ᠳᠦ᠄ 23 《ᠶᠣᠬᠣᠸᠠ ᠠᠢᠯᠠᠳᠬᠤ ᠳᠠᠭᠠᠨ᠄ 〈ᠮᠠᠷᠭᠠᠰᠢ ᠪᠣᠯ ᠠᠮᠠᠷᠠᠯ ᠤᠨ ᠡᠳᠦᠷ᠂ ᠶᠣᠬᠣᠸᠠ ᠳᠤ ᠵᠣᠷᠢᠭᠤᠯᠤᠭᠰᠠᠨ ᠪᠦᠷᠢᠨ ᠠᠮᠠᠷᠠᠯ ᠤᠨ ᠡᠳᠦᠷ ᠶᠤᠮ᠃ ᠥᠨᠥᠳᠥᠷ ᠲᠠ ᠨᠠᠷ ᠰᠢᠷᠠᠬᠤ ᠪᠠᠨ ᠰᠢᠷᠠᠵᠤ᠂ ᠴᠢᠨᠠᠬᠤ ᠪᠠᠨ ᠴᠢᠨᠠ᠃ ᠢᠯᠡᠭᠦᠦ ᠪᠦᠬᠦᠨ ᠢᠶᠡᠨ ᠬᠤᠷᠢᠶᠠᠵᠤ ᠥᠷᠯᠥᠭᠡ ᠬᠦᠷᠲᠡᠯ᠎ᠡ ᠬᠠᠳᠠᠭᠠᠯᠠ〉 ᠭᠡᠰᠡᠨ》 ᠭᠡᠪᠡ᠃ 24 ᠲᠡᠳᠡ ᠮᠣᠰᠧ ᠶᠢᠨ ᠵᠢᠭᠠᠪᠤᠷᠢᠯᠠᠭᠰᠠᠨ ᠶᠣᠰᠣᠭᠠᠷ ᠥᠷᠯᠥᠭᠡ ᠪᠣᠯᠲᠠᠯ᠎ᠠ ᠬᠠᠳᠠᠭᠠᠯᠠᠭᠰᠠᠨ ᠳᠤ᠂ ᠲᠡᠷᠡ ᠨᠢ ᠥᠮᠡᠬᠡᠢᠷᠡᠭᠰᠡᠨ ᠴᠤ ᠦᠭᠡᠢ᠂ ᠥᠲᠥᠭᠰᠡᠨ ᠴᠤ ᠦᠭᠡᠢ᠃ 25 ᠲᠡᠭᠡᠬᠦ ᠳᠦ ᠮᠣᠰᠧ᠄ 《ᠥᠨᠥᠳᠥᠷ ᠡᠭᠦᠨ ᠡᠴᠡ ᠢᠳᠡ᠃ ᠶᠣᠬᠣᠸᠠ ᠳᠤ ᠵᠣᠷᠢᠭᠤᠯᠤᠭᠰᠠᠨ ᠠᠷᠢᠭᠤᠨ ᠡᠳᠦᠷ ᠪᠣᠯᠬᠣᠷ ᠲᠠ ᠨᠠᠷ ᠥᠨᠥᠳᠥᠷ ᠡᠭᠦᠨ ᠢ ᠭᠠᠵᠠᠷ ᠠᠴᠠ ᠣᠯᠬᠤ ᠦᠭᠡᠢ᠃ 26 ᠲᠠ ᠨᠠᠷ ᠡᠭᠦᠨ ᠢ ᠵᠢᠷᠭᠤᠭᠠᠨ ᠡᠳᠦᠷ ᠬᠤᠷᠢᠶᠠᠨ ᠠᠪᠬᠤ ᠪᠣᠯᠪᠠᠴᠤ ᠳᠣᠯᠣᠳᠠᠬᠢ ᠡᠳᠦᠷ ᠨᠢ ᠠᠮᠠᠷᠠᠯ ᠤᠨ ᠡᠳᠦᠷ ᠲᠤᠯᠠ ᠶᠠᠭᠤ ᠴᠤ ᠣᠯᠳᠠᠬᠤ ᠦᠭᠡᠢ ᠶᠤᠮ》 ᠭᠡᠪᠡ᠃
27 ᠳᠣᠯᠣᠳᠠᠬᠢ ᠡᠳᠦᠷ ᠵᠠᠷᠢᠮ ᠬᠥᠮᠦᠰ ᠬᠤᠷᠢᠶᠠᠵᠤ ᠠᠪᠬᠤ ᠪᠠᠷ ᠭᠠᠷᠤᠭᠠᠳ ᠶᠠᠭᠤ ᠴᠤ ᠣᠯᠣᠭᠰᠠᠨ ᠦᠭᠡᠢ᠃ 28 ᠶᠣᠬᠣᠸᠠ ᠮᠣᠰᠧ ᠳᠤ᠄ 《ᠲᠠ ᠨᠠᠷ ᠬᠡᠳᠦᠢ ᠪᠣᠯᠲᠠᠯ᠎ᠠ ᠮᠢᠨᠦ ᠲᠤᠰᠢᠶᠠᠯ᠂ ᠮᠢᠨᠦ ᠵᠢᠭᠠᠪᠤᠷᠢ ᠨᠤᠭᠤᠳ ᠢ ᠰᠠᠬᠢᠬᠤ ᠦᠭᠡᠢ ᠪᠠᠢᠬᠤ ᠶᠤᠮ ᠪᠤᠢ︖ 29 ᠠᠩ᠋ᠬᠠᠷᠤᠭᠲᠤᠨ᠂ ᠶᠣᠬᠣᠸᠠ ᠲᠠ ᠨᠠᠷ ᠲᠤ ᠠᠮᠠᠷᠠᠯ ᠤᠨ ᠡᠳᠦᠷ ᠢ ᠥᠭᠭᠥᠭᠰᠡᠨ᠃ ᠵᠢᠷᠭᠤᠳᠠᠬᠢ ᠡᠳᠦᠷ ᠲᠦ ᠬᠣᠶᠠᠷ ᠡᠳᠦᠷ ᠦᠨ ᠬᠦᠨᠡᠰᠦ ᠶᠢ ᠰᠣᠶᠣᠷᠬᠠᠭᠰᠠᠨ ᠤ ᠤᠴᠢᠷ ᠨᠢ ᠡᠨᠡ ᠶᠤᠮ᠃ ᠳᠣᠯᠣᠳᠠᠬᠢ ᠡᠳᠦᠷ ᠬᠥᠮᠦᠨ ᠪᠦᠷᠢ ᠪᠠᠢᠭ᠎ᠠ ᠭᠠᠵᠠᠷ ᠲᠠᠭᠠᠨ ᠪᠠᠢᠵᠤ᠂ ᠲᠡᠨᠳᠡ ᠡᠴᠡ ᠪᠡᠨ ᠪᠦᠦ ᠭᠠᠷ》 ᠭᠡᠪᠡ᠃ 30 ᠲᠡᠢᠨ ᠬᠦ ᠳᠣᠯᠣᠳᠠᠬᠢ ᠡᠳᠦᠷ ᠠᠷᠠᠳ ᠲᠦᠮᠡᠨ ᠠᠮᠠᠷᠠᠪᠠ᠃
31 ᠢᠰᠷᠧᠯ ᠤᠨ ᠭᠡᠷ ᠦᠨ ᠬᠢᠨ ᠲᠡᠷᠡ ᠬᠦᠨᠡᠰᠦ ᠶᠢ ᠮᠠᠨᠨᠠ 13 ᠭᠡᠵᠦ ᠨᠡᠷᠡᠯᠡᠵᠡᠢ᠃ ᠲᠡᠷᠡ ᠨᠢ ᠦᠨᠦᠷᠲᠦ ᠨᠣᠭᠣᠭ᠎ᠠ ᠶᠢᠨ ᠦᠷ᠎ᠡ ᠮᠡᠲᠦ ᠴᠠᠭᠠᠨ ᠪᠥᠭᠡᠳ ᠠᠮᠲᠠ ᠨᠢ ᠵᠥᠭᠡᠢ ᠶᠢᠨ ᠪᠠᠯ ᠲᠠᠢ ᠪᠣᠣᠪᠣ ᠮᠡᠲᠦ ᠪᠠᠢᠪᠠ᠃ 32 ᠮᠣᠰᠧ᠄ 《ᠶᠣᠬᠣᠸᠠ ᠲᠤᠰᠢᠶᠠᠬᠤ ᠳᠠᠭᠠᠨ᠄ 〈ᠡᠭᠦᠨ ᠡᠴᠡ ᠨᠢᠭᠡ ᠪᠦᠲᠦᠨ ᠣᠮᠧᠷ 14 ᠠᠪᠴᠤ᠂ ᠳᠠᠷᠠᠭᠠᠬᠢ ᠦᠶ᠎ᠡ ᠶᠢᠨ ᠬᠢᠨ ᠳᠤ ᠳᠤᠷᠠᠰᠬᠠᠯ ᠪᠣᠯᠭᠠᠨ ᠬᠠᠳᠠᠭᠠᠯᠠ᠃ ᠢᠩᠭᠢᠭᠰᠡᠨ ᠢᠶᠡᠷ ᠲᠠ ᠨᠠᠷ ᠢ ᠶᠧᠵᠢᠫᠲ ᠡᠴᠡ ᠭᠠᠷᠭᠠᠭᠰᠠᠨ ᠤ ᠳᠠᠷᠠᠭ᠎ᠠ ᠴᠥᠯ ᠳᠤ ᠶᠠᠮᠠᠷ ᠬᠦᠨᠡᠰᠦ ᠪᠡᠷ ᠲᠡᠵᠢᠭᠡᠵᠦ ᠪᠠᠢᠭᠰᠠᠨ ᠢ ᠮᠢᠨᠢ ᠲᠡᠳᠡ ᠬᠠᠷᠠᠬᠤ ᠪᠣᠯᠣᠨ᠎ᠠ〉 ᠭᠡᠰᠡᠨ》 ᠬᠡᠮᠡᠭᠡᠳ 33 ᠠᠷᠣᠨ ᠳᠤ᠄ 《ᠸᠠᠭᠠᠷ ᠠᠪᠴᠤ᠂ ᠳᠣᠲᠣᠷ᠎ᠠ ᠨᠢ ᠨᠢᠭᠡ ᠪᠦᠲᠦᠨ ᠣᠮᠧᠷ ᠮᠠᠨᠨᠠ ᠬᠢ᠃ ᠡᠭᠦᠨ ᠢ ᠶᠣᠬᠣᠸᠠ ᠶᠢᠨ ᠡᠮᠦᠨ᠎ᠡ ᠲᠠᠯᠪᠢᠵᠤ᠂ ᠦᠶ᠎ᠡ ᠶᠢᠨ ᠦᠶ᠎ᠡ ᠳᠦ ᠬᠠᠳᠠᠭᠠᠯᠠᠭᠤᠯᠤᠯ》 ᠭᠡᠪᠡ᠃ 34 ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠠᠷᠣᠨ ᠡᠭᠦᠨ ᠢ ᠭᠡᠷᠡᠴᠢᠯᠡᠯ ᠦᠨ ᠬᠠᠪᠲᠠᠰᠤᠨ ᠤ ᠡᠮᠦᠨ᠎ᠡ ᠲᠠᠯᠪᠢᠵᠤ ᠬᠠᠳᠠᠭᠠᠯᠠᠭᠤᠯᠪᠠ᠃ 35 ᠢᠰᠷᠧᠯᠴᠦᠳ ᠬᠥᠮᠦᠨ ᠦ ᠣᠷᠣᠰᠢᠨ ᠰᠠᠭᠤᠳᠠᠭ ᠭᠠᠵᠠᠷ ᠲᠤ ᠣᠴᠢᠬᠤ ᠬᠦᠷᠲᠡᠯ᠎ᠡ ᠳᠥᠴᠢᠨ ᠵᠢᠯ ᠮᠠᠨᠨᠠ ᠢᠳᠡᠵᠡᠢ᠃ ᠺᠠᠨᠠᠨ ᠨᠤᠲᠤᠭ ᠤᠨ ᠬᠢᠵᠠᠭᠠᠷ ᠲᠤ ᠣᠴᠢᠬᠤ ᠬᠦᠷᠲᠡᠯ᠎ᠡ ᠲᠡᠳᠡ ᠮᠠᠨᠨᠠ ᠢᠳᠡᠭᠰᠡᠨ ᠪᠢᠯᠡ᠃ 36 ᠨᠢᠭᠡ ᠣᠮᠧᠷ ᠨᠢ ᠡᠹᠠ 15 ᠶᠢᠨ ᠠᠷᠪᠠᠨ ᠤ ᠨᠢᠭᠡ ᠶᠤᠮ᠃