1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠬᠣᠷᠢᠨ ᠲᠠᠪᠤ
 ᠴᠠᠴᠠᠷ ᠪᠠᠷᠢᠬᠤ ᠡᠷᠭᠦᠯ

1 ᠶᠣᠬᠣᠸᠠ ᠮᠣᠰᠧ ᠳᠤ ᠠᠢᠯᠠᠳᠤᠨ᠄ 2 《ᠨᠠᠳᠠ ᠳᠤ ᠬᠠᠨᠳᠢᠪ ᠠᠪᠴᠢᠷᠠ ᠭᠡᠵᠦ ᠢᠰᠷᠧᠯᠴᠦᠳ ᠲᠦ ᠬᠡᠯᠡᠭᠡᠷᠡᠢ᠃ ᠨᠠᠳᠠ ᠳᠤ ᠳᠤᠷᠠᠲᠠᠢ ᠡᠷᠭᠦᠭᠴᠢ ᠬᠥᠮᠦᠨ ᠪᠣᠯᠭᠠᠨ ᠤ ᠪᠠᠷᠢᠬᠤ ᠬᠠᠨᠳᠢᠪ ᠢ ᠠᠪ᠃ 3 ᠲᠠ ᠨᠠᠷ ᠤᠨ ᠠᠪᠬᠤ ᠬᠠᠨᠳᠢᠪ ᠭᠡᠪᠡᠯ᠂ ᠠᠯᠲᠠ᠂ ᠮᠥᠩᠭᠥ᠂ ᠬᠦᠷᠡᠯ ᠬᠢᠭᠡᠳ 4 ᠬᠥᠬᠡ᠂ ᠨᠢᠯ ᠶᠠᠭᠠᠨ᠂ ᠴᠢᠰ ᠤᠯᠠᠭᠠᠨ ᠨᠣᠣᠰᠣᠨ ᠤᠲᠠᠰᠤ᠂ ᠨᠠᠷᠢᠨ ᠨᠡᠬᠡᠭᠰᠡᠨ ᠮᠠᠭᠠᠯᠢᠩ᠋ᠭᠤ᠂ ᠢᠮᠠᠭᠠᠨ ᠤ ᠰᠣᠷ᠂ 5 ᠤᠯᠠᠭᠠᠨ ᠢᠶᠠᠷ ᠪᠤᠳᠤᠭᠰᠠᠨ ᠬᠤᠴᠠ ᠶᠢᠨ ᠠᠷᠠᠰᠤ᠂ ᠳᠠᠯᠠᠢ ᠶᠢᠨ ᠭᠠᠬᠠᠢ ᠶᠢᠨ ᠠᠷᠠᠰᠤ᠂ ᠬᠤᠸᠠᠢᠰᠠ ᠮᠣᠳᠣ᠂ 6 ᠳ᠋ᠧᠩ ᠤᠨ ᠲᠣᠰᠣ᠂ ᠲᠣᠰᠣᠯᠠᠯᠭ᠎ᠠ ᠶᠢᠨ ᠲᠣᠰᠣᠨ ᠳᠤ ᠬᠢᠬᠦ ᠦᠨᠦᠷᠲᠡᠨ᠂ ᠠᠩᠬᠢᠯᠤᠭᠤᠨ ᠤᠲᠤᠯᠭ᠎ᠠ ᠳᠤ ᠬᠢᠬᠦ ᠦᠨᠦᠷᠲᠡᠨ᠂ 7 ᠡᠹᠣᠳ ᠪᠣᠯᠣᠨ ᠴᠡᠭᠡᠵᠢᠪᠴᠢᠨ ᠳᠤ ᠰᠠᠭᠤᠯᠭᠠᠬᠤ ᠰᠤᠳᠠᠯᠲᠤ ᠮᠠᠨᠤᠬᠤ ᠪᠠ ᠥᠭᠡᠷ᠎ᠡ ᠡᠷᠳᠡᠨᠢ ᠶᠢᠨ ᠴᠢᠯᠠᠭᠤ ᠨᠤᠭᠤᠳ ᠶᠤᠮ᠃ 8 ᠲᠡᠳᠡ ᠮᠢᠨᠦ ᠲᠥᠯᠥᠭᠡ ᠠᠷᠢᠭᠤᠨ ᠭᠠᠵᠠᠷ ᠢ ᠪᠠᠷᠢᠵᠤ᠂ ᠪᠢ ᠲᠡᠳᠡᠨ ᠦ ᠳᠤᠮᠳᠠ ᠣᠷᠣᠰᠢᠨ᠎ᠠ᠃ 9 ᠮᠢᠨᠦ ᠴᠢᠮ᠎ᠠ ᠳᠤ ᠦᠵᠡᠭᠦᠯᠬᠦ ᠠᠯᠢᠪᠠ ᠵᠠᠭᠪᠤᠷ ᠤᠨ ᠶᠣᠰᠣᠭᠠᠷ᠂ ᠶᠠᠭ ᠲᠡᠷᠡ ᠶᠣᠰᠣᠭᠠᠷ ᠲᠠ ᠨᠠᠷ ᠣᠷᠣᠰᠢᠬᠤᠢ ᠶᠢᠨ ᠴᠠᠴᠠᠷ ᠪᠣᠯᠣᠨ ᠠᠯᠢᠪᠠ ᠬᠡᠷᠡᠭᠰᠡᠯ ᠢ ᠬᠢᠭᠲᠦᠨ᠃
 ᠭᠡᠷ᠎ᠡ ᠶᠢᠨ ᠠᠪᠳᠠᠷ᠎ᠠ

10 ᠲᠡᠳᠡ ᠬᠤᠸᠠᠢᠰᠠ ᠮᠣᠳᠣ ᠪᠠᠷ ᠤᠷᠲᠤ ᠨᠢ ᠬᠣᠶᠠᠷ ᠲᠣᠬᠣᠢ ᠬᠠᠭᠠᠰ᠂ ᠥᠷᠭᠡᠨ ᠨᠢ ᠨᠢᠭᠡ ᠲᠣᠬᠣᠢ ᠬᠠᠭᠠᠰ᠂ ᠥᠨᠳᠥᠷ ᠨᠢ ᠨᠢᠭᠡ ᠲᠣᠬᠣᠢ ᠬᠠᠭᠠᠰ ᠠᠪᠳᠠᠷ᠎ᠠ ᠬᠢᠬᠦ ᠶᠣᠰᠣᠲᠠᠢ᠃ 11 ᠡᠭᠦᠨ ᠢ ᠴᠢ ᠳᠣᠲᠣᠷ᠎ᠠ ᠭᠠᠳᠠᠨ᠎ᠠ ᠦᠭᠡᠢ ᠰᠢᠵᠢᠷ ᠠᠯᠲᠠ ᠪᠠᠷ ᠪᠦᠷᠢᠭᠡᠳ ᠳᠡᠭᠡᠳᠦ ᠲᠠᠯ᠎ᠠ ᠶᠢ ᠨᠢ ᠲᠣᠭᠣᠷᠢᠭᠤᠯᠤᠨ ᠠᠯᠲᠠᠨ ᠬᠥᠪᠡᠭᠡ ᠬᠢ᠃ 12 ᠳᠠᠷᠠᠭ᠎ᠠ ᠨᠢ ᠳᠥᠷᠪᠡᠨ ᠠᠯᠲᠠᠨ ᠭᠠᠷᠠᠬ᠎ᠠ ᠴᠢᠳᠬᠤᠵᠤ᠂ ᠠᠪᠳᠠᠷ᠎ᠠ ᠶᠢᠨ ᠳᠥᠷᠪᠡᠨ ᠬᠥᠯ ᠳᠡᠭᠡᠷ᠎ᠡ ᠪᠠᠢᠷᠢᠯᠠᠭᠤᠯ᠃ ᠨᠢᠭᠡ ᠲᠠᠯ᠎ᠠ ᠳᠤᠨᠢ ᠬᠣᠶᠠᠷ ᠭᠠᠷᠠᠬ᠎ᠠ᠂ ᠨᠥᠭᠥᠭᠡ ᠲᠠᠯ᠎ᠠ ᠳᠤᠨᠢ ᠬᠣᠶᠠᠷ ᠭᠠᠷᠠᠬ᠎ᠠ ᠪᠠᠢᠬᠤ ᠶᠣᠰᠣᠲᠠᠢ᠃ 13 ᠲᠡᠭᠡᠭᠡᠳ ᠴᠢ ᠬᠤᠸᠠᠢᠰᠠ ᠮᠣᠳᠣ ᠪᠠᠷ ᠳᠠᠮᠨᠠᠭᠤᠷᠭ᠎ᠠ ᠨᠤᠭᠤᠳ ᠬᠢᠵᠦ᠂ ᠠᠯᠲᠠ ᠪᠠᠷ ᠪᠦᠷᠢ᠃ 14 ᠲᠡᠳᠡᠭᠡᠷ ᠳᠠᠮᠨᠠᠭᠤᠷᠭ᠎ᠠ ᠶᠢ ᠠᠪᠳᠠᠷ᠎ᠠ ᠶᠢᠨ ᠬᠠᠵᠠᠭᠤ ᠲᠠᠯ᠎ᠠ ᠳᠠᠬᠢ ᠭᠠᠷᠠᠬ᠎ᠠ ᠨᠤᠭᠤᠳ ᠲᠤ ᠰᠢᠷᠭᠤᠭᠤᠯᠵᠤ᠂ ᠠᠪᠳᠠᠷ᠎ᠠ ᠶᠢ ᠵᠥᠭᠡᠭᠡᠬᠦ ᠳᠦ ᠬᠡᠷᠡᠭᠯᠡ᠃ 15 ᠳᠠᠮᠨᠠᠭᠤᠷᠭ᠎ᠠ ᠨᠤᠭᠤᠳ ᠨᠢ ᠠᠪᠳᠠᠷ᠎ᠠ ᠶᠢᠨ ᠭᠠᠷᠠᠬᠠᠨ ᠳᠤ ᠦᠯᠡᠳᠡᠬᠦ ᠶᠣᠰᠣᠲᠠᠢ᠂ ᠲᠡᠳᠡᠭᠡᠷ ᠢ ᠰᠠᠯᠭᠠᠵᠤ ᠪᠣᠯᠬᠤ ᠦᠭᠡᠢ᠃ 16 ᠮᠢᠨᠦ ᠥᠭᠬᠦ ᠭᠡᠷᠡᠴᠢᠯᠡᠯ ᠦᠨ ᠬᠠᠪᠲᠠᠰᠤ ᠶᠢ ᠴᠢ ᠲᠡᠷᠡ ᠠᠪᠳᠠᠷ᠎ᠠ ᠳᠣᠲᠣᠷ᠎ᠠ ᠬᠢ᠃

17 ᠴᠢ ᠬᠡᠯᠲᠦᠷᠢᠭᠦᠯᠦᠯᠭᠡ ᠶᠢᠨ ᠬᠠᠪᠬᠠᠭ ᠢ ᠰᠢᠵᠢᠷ ᠠᠯᠲᠠ ᠪᠠᠷ ᠬᠢ᠃ ᠤᠷᠲᠤ ᠨᠢ ᠬᠣᠶᠠᠷ ᠲᠣᠬᠣᠢ ᠬᠠᠭᠠᠰ᠂ ᠥᠷᠭᠡᠨ ᠨᠢ ᠨᠢᠭᠡ ᠲᠣᠬᠣᠢ ᠬᠠᠭᠠᠰ ᠪᠠᠢᠬᠤ ᠶᠣᠰᠣᠲᠠᠢ᠃ 18 ᠴᠢ ᠠᠯᠲᠠ ᠳᠠᠪᠲᠠᠵᠤ ᠬᠣᠶᠠᠷ ᠺᠧᠷᠣᠪ ᠬᠢᠵᠦ᠂ ᠬᠡᠯᠲᠦᠷᠢᠭᠦᠯᠦᠯᠭᠡ ᠶᠢᠨ ᠬᠠᠪᠬᠠᠭ ᠤᠨ ᠬᠣᠶᠠᠷ ᠵᠠᠬ᠎ᠠ ᠳᠤ ᠪᠠᠢᠷᠢᠯᠠᠭᠤᠯ᠃ 19 ᠨᠢᠭᠡ ᠺᠧᠷᠣᠪ ᠢ ᠨᠢᠭᠡ ᠵᠠᠬ᠎ᠠ ᠳᠤ᠂ ᠨᠥᠭᠥᠭᠡ ᠺᠧᠷᠣᠪ ᠢ ᠨᠥᠭᠥᠭᠡ ᠵᠠᠬ᠎ᠠ ᠳᠤ ᠬᠢ᠂ ᠲᠡᠳᠡᠭᠡᠷ ᠢ ᠬᠡᠯᠲᠦᠷᠢᠭᠦᠯᠦᠯᠭᠡ ᠶᠢᠨ ᠬᠠᠪᠬᠠᠭ ᠤᠨ ᠬᠣᠶᠠᠷ ᠵᠠᠬ᠎ᠠ ᠳᠤᠨᠢ ᠲᠡᠭᠦᠨ ᠲᠡᠢ ᠨᠢᠭᠡ ᠴᠣᠭᠴᠠ ᠪᠣᠯᠭᠠᠨ ᠬᠢ᠃ 20 ᠺᠧᠷᠣᠪ ᠤᠳ ᠳᠠᠯᠠᠪᠴᠢ ᠨᠤᠭᠤᠳ ᠢᠶᠠᠨ ᠳᠡᠭᠡᠭᠰᠢ ᠳᠡᠯᠭᠡᠨ᠂ ᠬᠡᠯᠲᠦᠷᠢᠭᠦᠯᠦᠯᠭᠡ ᠶᠢᠨ ᠬᠠᠪᠬᠠᠭ ᠢ ᠬᠠᠯᠬᠠᠯᠠᠵᠤ᠂ ᠨᠢᠭᠤᠷ ᠢᠶᠠᠨ ᠬᠡᠯᠲᠦᠷᠢᠭᠦᠯᠦᠯᠭᠡ ᠶᠢᠨ ᠬᠠᠪᠬᠠᠭ ᠤᠷᠤᠭᠤ᠂ ᠪᠡᠶ᠎ᠡ ᠪᠡᠶ᠎ᠡ ᠤᠷᠤᠭᠤ ᠪᠠᠨ ᠬᠠᠨᠳᠤᠭᠤᠯᠬᠤ ᠶᠣᠰᠣᠲᠠᠢ᠃ 21 ᠴᠢ ᠠᠪᠳᠠᠷ᠎ᠠ ᠶᠢᠨ ᠳᠡᠭᠡᠷ᠎ᠡ ᠬᠡᠯᠲᠦᠷᠢᠭᠦᠯᠦᠯᠭᠡ ᠶᠢᠨ ᠬᠠᠪᠬᠠᠭ ᠢ ᠪᠠᠢᠷᠢᠯᠠᠭᠤᠯᠵᠤ᠂ ᠠᠪᠳᠠᠷ᠎ᠠ ᠶᠢᠨ ᠳᠣᠲᠣᠷ᠎ᠠ ᠮᠢᠨᠦ ᠥᠭᠬᠦ ᠭᠡᠷᠡᠴᠢᠯᠡᠯ ᠦᠨ ᠬᠠᠪᠲᠠᠰᠤ ᠶᠢ ᠬᠢ᠃ 22 ᠶᠠᠭ ᠲᠡᠨᠳᠡ᠂ ᠬᠡᠯᠲᠦᠷᠢᠭᠦᠯᠦᠯᠭᠡ ᠶᠢᠨ ᠬᠠᠪᠬᠠᠭ ᠤᠨ ᠳᠡᠭᠡᠷ᠎ᠡ ᠡᠴᠡ᠂ ᠲᠤᠬᠠᠢᠯᠠᠪᠠᠯ ᠭᠡᠷᠡᠴᠢᠯᠡᠯ ᠦᠨ ᠠᠪᠳᠠᠷ᠎ᠠ ᠶᠢᠨ ᠳᠡᠭᠡᠷᠡᠬᠢ ᠬᠣᠶᠠᠷ ᠺᠧᠷᠣᠪ ᠤᠨ ᠬᠣᠭᠣᠷᠣᠨᠳᠣ ᠠᠴᠠ ᠪᠢ ᠴᠢᠮ᠎ᠠ ᠲᠠᠢ ᠠᠭᠤᠯᠵᠠᠵᠤ᠂ ᠢᠰᠷᠧᠯᠴᠦᠳ ᠦᠨ ᠡᠮᠦᠨ᠎ᠡ ᠡᠴᠡ ᠴᠢᠮ᠎ᠠ ᠳᠤ ᠲᠤᠰᠢᠶᠠᠬᠤ ᠪᠦᠬᠦᠨ ᠢᠶᠡᠨ ᠶᠠᠷᠢᠨ᠎ᠠ᠃
 ᠰᠢᠷᠡᠭᠡ

23 ᠴᠢ ᠬᠤᠸᠠᠢᠰᠠ ᠮᠣᠳᠣ ᠪᠠᠷ ᠨᠢᠭᠡ ᠰᠢᠷᠡᠭᠡ ᠬᠢ᠃ ᠤᠷᠲᠤ ᠨᠢ ᠬᠣᠶᠠᠷ ᠲᠣᠬᠣᠢ᠂ ᠥᠷᠭᠡᠨ ᠨᠢ ᠨᠢᠭᠡ ᠲᠣᠬᠣᠢ᠂ ᠥᠨᠳᠥᠷ ᠨᠢ ᠨᠢᠭᠡ ᠲᠣᠬᠣᠢ ᠬᠠᠭᠠᠰ ᠪᠠᠢᠬᠤ ᠶᠣᠰᠣᠲᠠᠢ᠃ 24 ᠲᠡᠭᠦᠨ ᠢ ᠰᠢᠵᠢᠷ ᠠᠯᠲᠠ ᠪᠠᠷ ᠪᠦᠷᠢᠭᠡᠳ᠂ ᠳᠡᠭᠡᠷ᠎ᠡ ᠲᠠᠯ᠎ᠠ ᠶᠢ ᠨᠢ ᠲᠣᠭᠣᠷᠢᠭᠤᠯᠤᠨ ᠠᠯᠲᠠᠨ ᠬᠦᠷᠢᠶ᠎ᠡ ᠬᠢ᠃ 25 ᠰᠢᠷᠡᠭᠡ ᠶᠢ ᠲᠣᠭᠣᠷᠢᠭᠤᠯᠤᠨ ᠠᠯᠠᠭᠠᠨ ᠤ ᠡᠩ ᠦᠨ ᠬᠢᠷᠢ ᠲᠠᠢ ᠬᠥᠪᠡᠭᠡ ᠬᠢᠵᠦ᠂ ᠬᠥᠪᠡᠭᠡ ᠶᠢ ᠨᠢ ᠲᠣᠭᠣᠷᠢᠭᠤᠯᠤᠨ ᠠᠯᠲᠠ ᠪᠠᠷ ᠵᠠᠬ᠎ᠠ ᠶᠢ ᠦᠢᠯᠡᠳ᠃ 26 ᠳᠠᠷᠠᠭ᠎ᠠ ᠨᠢ ᠳᠥᠷᠪᠡᠨ ᠠᠯᠲᠠᠨ ᠭᠠᠷᠠᠬ᠎ᠠ ᠬᠢᠵᠦ᠂ ᠳᠥᠷᠪᠡᠨ ᠥᠨᠴᠥᠭ ᠦᠨ ᠬᠢᠨᠢ ᠬᠥᠯ ᠪᠦᠷᠢ ᠳᠤ ᠪᠠᠢᠷᠢᠯᠠᠭᠤᠯ᠃ 27 ᠲᠡᠷᠡ ᠭᠠᠷᠠᠬ᠎ᠠ ᠨᠤᠭᠤᠳ ᠨᠢ ᠬᠥᠪᠡᠭᠡᠨ ᠡᠴᠡ ᠣᠢᠷ᠎ᠠ ᠪᠠᠢᠷᠢᠯᠠᠵᠤ᠂ ᠰᠢᠷᠡᠭᠡ ᠵᠥᠭᠡᠭᠡᠬᠦ ᠳᠦ ᠬᠡᠷᠡᠭᠯᠡᠬᠦ ᠳᠠᠮᠨᠠᠭᠤᠷᠭ᠎ᠠ ᠨᠤᠭᠤᠳ ᠢ ᠲᠣᠭᠲᠠᠭᠠᠬᠤ ᠪᠣᠯᠣᠨ᠎ᠠ᠃ 28 ᠴᠢ ᠬᠤᠸᠠᠢᠰᠠ ᠮᠣᠳᠣ ᠪᠠᠷ ᠳᠠᠮᠨᠠᠭᠤᠷᠭ᠎ᠠ ᠨᠤᠭᠤᠳ ᠬᠢᠵᠦ᠂ ᠠᠯᠲᠠ ᠪᠠᠷ ᠪᠦᠷᠢᠭᠡᠳ ᠰᠢᠷᠡᠭᠡ ᠶᠢ ᠵᠥᠭᠡᠭᠡᠬᠦ ᠳᠦ ᠬᠡᠷᠡᠭᠯᠡ᠃ 29 ᠴᠢ ᠰᠢᠷᠡᠭᠡᠨ ᠳᠡᠭᠡᠷ᠎ᠡ ᠲᠠᠯᠪᠢᠬᠤ ᠲᠠᠪᠠᠭ ᠤᠳ᠂ ᠫᠢᠯᠠ ᠨᠤᠭᠤᠳ᠂ ᠤᠮᠳᠠᠭᠠᠨ ᠲᠠᠬᠢᠯ ᠢ ᠴᠢᠳᠬᠤᠬᠤ ᠠᠶᠠᠭ᠎ᠠ᠂ ᠳᠣᠩᠪᠣ ᠨᠤᠭᠤᠳ ᠢ ᠪᠦᠭᠦᠳᠡ ᠶᠢ ᠨᠢ ᠰᠢᠵᠢᠷ ᠠᠯᠲᠠ ᠪᠠᠷ ᠬᠢ᠃ 30 ᠲᠡᠭᠡᠭᠡᠳ ᠰᠢᠷᠡᠭᠡᠨ ᠳᠡᠭᠡᠷ᠎ᠡ ᠲᠠᠪᠢᠭ ᠪᠣᠣᠪᠣ ᠶᠢ ᠲᠠᠯᠪᠢ᠂ ᠲᠡᠭᠦᠨ ᠢ ᠮᠢᠨᠦ ᠡᠮᠦᠨ᠎ᠡ ᠪᠠᠢᠩ᠋ᠭᠤ ᠪᠠᠢᠯᠭᠠᠬᠤ ᠶᠣᠰᠣᠲᠠᠢ᠃
 ᠳ᠋ᠧᠩ ᠤᠨ ᠲᠠᠯᠪᠢᠭᠤᠷ

31 ᠴᠢ ᠰᠢᠵᠢᠷ ᠠᠯᠲᠠ ᠳᠠᠪᠲᠠᠵᠤ ᠳ᠋ᠧᠩ ᠤᠨ ᠲᠠᠯᠪᠢᠭᠤᠷ ᠬᠢ᠃ ᠲᠡᠭᠦᠨ ᠦ ᠰᠠᠭᠤᠷᠢ᠂ ᠡᠰᠢ᠂ ᠬᠤᠨᠳᠠᠭ᠎ᠠ ᠨᠤᠭᠤᠳ᠂ ᠴᠡᠴᠡᠭ ᠦᠨ ᠳᠤᠭᠲᠤᠢ ᠨᠤᠭᠤᠳ ᠪᠠ ᠴᠡᠴᠡᠭ ᠤᠳ ᠨᠢ ᠨᠢᠭᠡ ᠴᠣᠭᠴᠠ ᠪᠠᠢᠬᠤ ᠶᠣᠰᠣᠲᠠᠢ᠃ 32 ᠲᠠᠯᠪᠢᠭᠤᠷ ᠤᠨ ᠡᠰᠢ ᠶᠢᠨ ᠬᠣᠶᠠᠷ ᠲᠠᠯ᠎ᠠ ᠠᠴᠠ ᠵᠢᠷᠭᠤᠭᠠᠨ ᠰᠠᠯᠠᠭ᠎ᠠ ᠭᠠᠷᠴᠤ᠂ ᠨᠢᠭᠡ ᠲᠠᠯ᠎ᠠ ᠠᠴᠠ ᠭᠤᠷᠪᠠᠨ ᠰᠠᠯᠠᠭ᠎ᠠ᠂ ᠨᠥᠭᠥᠭᠡ ᠲᠠᠯ᠎ᠠ ᠠᠴᠠ ᠭᠤᠷᠪᠠᠨ ᠰᠠᠯᠠᠭ᠎ᠠ ᠭᠠᠷᠬᠤ ᠶᠣᠰᠣᠲᠠᠢ᠃ 33 ᠨᠢᠭᠡ ᠰᠠᠯᠠᠭᠠᠨ ᠳᠡᠭᠡᠷ᠎ᠡ ᠭᠦᠢᠯᠡᠰᠦᠨ ᠴᠡᠴᠡᠭ ᠦᠨ ᠬᠡᠯᠪᠡᠷᠢᠲᠡᠢ ᠭᠤᠷᠪᠠᠨ ᠬᠤᠨᠳᠠᠭ᠎ᠠ ᠪᠠᠢᠵᠤ᠂ ᠬᠤᠨᠳᠠᠭ᠎ᠠ ᠪᠣᠯᠭᠠᠨ ᠳᠤ ᠴᠡᠴᠡᠭ ᠦᠨ ᠳᠤᠭᠲᠤᠢ ᠪᠣᠯᠣᠨ ᠴᠡᠴᠡᠭ ᠲᠡᠢ ᠪᠠᠢᠬᠤ ᠶᠣᠰᠣᠲᠠᠢ᠃ ᠳᠠᠷᠠᠭᠠᠬᠢ ᠰᠠᠯᠠᠭᠠᠨ ᠳᠡᠭᠡᠷ᠎ᠡ ᠮᠥᠨ ᠭᠤᠷᠪᠠᠨ ᠬᠤᠨᠳᠠᠭ᠎ᠠ ᠪᠠᠢᠵᠤ᠂ ᠬᠤᠨᠳᠠᠭ᠎ᠠ ᠪᠣᠯᠭᠠᠨ ᠳᠤ ᠴᠡᠴᠡᠭ ᠦᠨ ᠳᠤᠭᠲᠤᠢ ᠪᠣᠯᠣᠨ ᠴᠡᠴᠡᠭ ᠲᠡᠢ ᠪᠠᠢᠬᠤ ᠶᠣᠰᠣᠲᠠᠢ᠃ ᠲᠠᠯᠪᠢᠭᠤᠷ ᠠᠴᠠ ᠭᠠᠷᠤᠭᠰᠠᠨ ᠵᠢᠷᠭᠤᠭᠠᠨ ᠰᠠᠯᠠᠭ᠎ᠠ ᠨᠢ ᠪᠦᠷ ᠠᠳᠠᠯᠢ᠃ 34 ᠬᠠᠷᠢᠨ ᠳ᠋ᠧᠩ ᠤᠨ ᠲᠠᠯᠪᠢᠭᠤᠷ ᠳᠡᠭᠡᠷ᠎ᠡ ᠭᠦᠢᠯᠡᠰᠦᠨ ᠦ ᠬᠡᠯᠪᠡᠷᠢᠲᠡᠢ ᠳᠥᠷᠪᠡᠨ ᠬᠤᠨᠳᠠᠭ᠎ᠠ ᠪᠠᠢᠵᠤ᠂ ᠬᠤᠨᠳᠠᠭ᠎ᠠ ᠪᠣᠯᠭᠠᠨ ᠳᠤ ᠴᠡᠴᠡᠭ ᠦᠨ ᠳᠤᠭᠲᠤᠢ ᠪᠣᠯᠣᠨ ᠴᠡᠴᠡᠭ ᠲᠡᠢ ᠪᠠᠢᠬᠤ ᠶᠣᠰᠣᠲᠠᠢ᠃ 35 ᠲᠠᠯᠪᠢᠭᠤᠷ ᠤᠨ ᠡᠰᠢ ᠡᠴᠡ ᠭᠠᠷᠤᠭᠰᠠᠨ ᠵᠢᠷᠭᠤᠭᠠᠨ ᠰᠠᠯᠠᠭᠠᠨ ᠤ ᠠᠩ᠋ᠬᠠᠨ ᠤ ᠬᠣᠣᠰ ᠰᠠᠯᠠᠭᠠᠨ ᠤ ᠳᠣᠣᠷ᠎ᠠ ᠨᠢᠭᠡ ᠴᠡᠴᠡᠭ ᠦᠨ ᠳᠤᠭᠲᠤᠢ᠂ ᠬᠣᠶᠠᠳᠠᠬᠢ ᠬᠣᠣᠰ ᠰᠠᠯᠠᠭᠠᠨ ᠤ ᠳᠣᠣᠷ᠎ᠠ ᠨᠢᠭᠡ ᠴᠡᠴᠡᠭ ᠦᠨ ᠳᠤᠭᠲᠤᠢ᠂ ᠭᠤᠷᠪᠠᠳᠠᠬᠢ ᠬᠣᠣᠰ ᠰᠠᠯᠠᠭᠠᠨ ᠤ ᠳᠣᠣᠷ᠎ᠠ ᠨᠢᠭᠡ ᠴᠡᠴᠡᠭ ᠦᠨ ᠳᠤᠭᠲᠤᠢ ᠬᠢ᠃ 36 ᠡᠳᠡᠭᠡᠷ ᠴᠡᠴᠡᠭ ᠦᠨ ᠳᠤᠭᠲᠤᠢ᠂ ᠰᠠᠯᠠᠭ᠎ᠠ ᠨᠢ ᠲᠠᠯᠪᠢᠭᠤᠷ ᠤᠨ ᠡᠰᠢ ᠲᠠᠢ ᠪᠠᠨ ᠨᠢᠭᠡ ᠴᠣᠭᠴᠠ ᠪᠠᠢᠬᠤ ᠶᠣᠰᠣᠲᠠᠢ᠃ ᠡᠨᠡ ᠪᠦᠭᠦᠳᠡ ᠶᠢ ᠰᠢᠵᠢᠷ ᠠᠯᠲᠠ ᠪᠠᠷ ᠳᠠᠪᠲᠠᠵᠤ ᠬᠢ᠃ 37 ᠲᠡᠭᠡᠭᠡᠳ ᠲᠠᠯᠪᠢᠭᠤᠷ ᠳᠡᠭᠡᠷ᠎ᠡ ᠳᠣᠯᠣᠭᠠᠨ ᠳ᠋ᠧᠩ ᠢ ᠲᠠᠯᠪᠢ᠂ ᠲᠡᠳᠡᠭᠡᠷ ᠨᠢ ᠡᠮᠦᠨᠡᠬᠢ ᠣᠷᠴᠢᠨ ᠢ ᠭᠡᠷᠡᠯᠲᠦᠭᠦᠯᠬᠦ ᠪᠣᠯᠣᠨ᠎ᠠ᠃ 38 ᠳ᠋ᠧᠩ ᠤᠨ ᠭᠣᠣᠯ ᠤᠨ ᠴᠢᠮᠬᠢᠭᠦᠷ᠂ ᠦᠨᠡᠰᠦᠨ ᠰᠠᠪᠠ ᠶᠢ ᠨᠢ ᠴᠤ ᠰᠢᠵᠢᠷ ᠠᠯᠲᠠ ᠪᠠᠷ ᠬᠢ᠃ 39 ᠳ᠋ᠧᠩ ᠤᠨ ᠲᠠᠯᠪᠢᠭᠤᠷ ᠢ ᠡᠨᠡ ᠪᠦᠬᠦ ᠬᠡᠷᠡᠭᠰᠡᠯ ᠦᠨ ᠬᠠᠮᠲᠤ ᠨᠢᠭᠡ ᠲᠠᠯᠠᠨᠲ ᠤᠨ ᠰᠢᠵᠢᠷ ᠠᠯᠲᠠ ᠪᠠᠷ ᠬᠢ᠃ 40 ᠠᠭᠤᠯᠠᠨ ᠳᠡᠭᠡᠷ᠎ᠡ ᠮᠢᠨᠦ ᠦᠵᠡᠭᠦᠯᠦᠭᠰᠡᠨ ᠵᠠᠭᠪᠤᠷ ᠢ ᠴᠢ ᠠᠩ᠋ᠬᠠᠷᠴᠤ᠂ ᠲᠡᠷᠡ ᠶᠣᠰᠣᠭᠠᠷ ᠬᠢ᠃