1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠠᠷᠪᠠᠨ ᠳᠣᠯᠣᠭ᠎ᠠ
 ᠬᠠᠳᠠᠨ ᠠᠴᠠ ᠪᠤᠷᠭᠢᠯᠤᠭᠰᠠᠨ ᠤᠰᠤ

1 ᠢᠰᠷᠧᠯᠴᠦᠳ ᠦᠨ ᠨᠡᠢᠲᠡ ᠴᠢᠭᠤᠯᠭᠠᠨ ᠽᠢᠨ ᠴᠥᠯ ᠡᠴᠡ ᠬᠥᠳᠡᠯᠵᠦ᠂ ᠶᠣᠬᠣᠸᠠ ᠶᠢᠨ ᠲᠤᠰᠢᠶᠠᠯ ᠢᠶᠠᠷ ᠠᠶᠠᠯᠠᠭᠰᠠᠭᠠᠷ ᠷᠧᠹᠢᠳᠢᠮ ᠳᠤ ᠪᠠᠭᠤᠳᠠᠯᠯᠠᠪᠠ᠃ ᠬᠠᠷᠢᠨ ᠲᠡᠨᠳᠡ ᠠᠷᠠᠳ ᠣᠯᠠᠨ ᠳᠤ ᠤᠤᠭᠤᠬᠤ ᠤᠰᠤ ᠪᠠᠢᠭᠰᠠᠨ ᠦᠭᠡᠢ᠃ 2 ᠠᠷᠠᠳ ᠣᠯᠠᠨ ᠮᠣᠰᠧ ᠲᠠᠢ ᠮᠠᠷᠭᠤᠯᠳᠤᠵᠤ᠄ 《ᠪᠢᠳᠡᠨ ᠳᠦ ᠤᠤᠭᠤᠬᠤ ᠤᠰᠤ ᠥᠭ》 ᠭᠡᠰᠡᠨ ᠳᠦ᠂ ᠮᠣᠰᠧ᠄ 《ᠲᠠ ᠨᠠᠷ ᠶᠠᠭᠤᠨ ᠳᠤ ᠨᠠᠳᠠ ᠲᠠᠢ ᠮᠠᠷᠭᠤᠯᠳᠤᠨ᠎ᠠ ᠪᠤᠢ︖ ᠲᠠ ᠨᠠᠷ ᠶᠠᠭᠠᠬᠢᠭᠠᠳ ᠶᠣᠬᠣᠸᠠ ᠶᠢ ᠲᠡᠩᠰᠡᠨ᠎ᠡ ᠪᠤᠢ︖》 ᠭᠡᠪᠡ᠃ 3 ᠬᠠᠷᠢᠨ ᠠᠷᠠᠳ ᠣᠯᠠᠨ ᠲᠡᠨᠳᠡ ᠴᠠᠩ᠋ᠭᠠᠵᠤ᠂ ᠤᠰᠤ ᠬᠦᠰᠡᠨ ᠮᠣᠰᠧ ᠳᠤ ᠭᠣᠮᠣᠳᠠᠯᠯᠠᠨ᠄ 《ᠲᠠ ᠶᠠᠭᠤᠨ ᠳᠤ ᠪᠢᠳᠡᠨ ᠢ ᠶᠧᠵᠢᠫᠲ ᠡᠴᠡ ᠠᠪᠴᠢᠷᠠᠭᠠᠳ᠂ ᠪᠢᠳᠡᠨ ᠢ ᠦᠷ᠎ᠡ ᠬᠡᠦᠬᠡᠳ᠂ ᠮᠠᠯ ᠰᠦᠷᠦᠭ ᠲᠡᠢ ᠮᠢᠨᠢ ᠬᠠᠮᠲᠤ ᠴᠠᠩ᠋ᠭᠠᠭᠠᠵᠤ ᠦᠬᠦᠭᠦᠯᠬᠦ ᠭᠡᠵᠦ ᠪᠠᠢᠨ᠎ᠠ ᠪᠤᠢ︖》 ᠭᠡᠯᠴᠡᠪᠡ᠃ 4 ᠮᠣᠰᠧ ᠶᠣᠬᠣᠸᠠ ᠳᠤ ᠬᠠᠰᠬᠢᠷᠤᠨ᠄ 《ᠪᠢ ᠡᠨᠡ ᠠᠷᠠᠳ ᠲᠦᠮᠡᠨ ᠢ ᠶᠠᠭᠠᠬᠢᠬᠤ ᠪᠤᠢ︖ ᠲᠡᠳᠡ ᠤᠳᠠᠯ ᠦᠭᠡᠢ ᠨᠠᠳᠠ ᠤᠷᠤᠭᠤ ᠴᠢᠯᠠᠭᠤ ᠰᠢᠳᠡᠬᠦ ᠨᠢ ᠡ》 ᠭᠡᠪᠡ᠃ 5 ᠶᠣᠬᠣᠸᠠ ᠮᠣᠰᠧ ᠳᠤ ᠠᠢᠯᠠᠳᠤᠨ᠄ 《ᠴᠢ ᠠᠷᠠᠳ ᠲᠦᠮᠡᠨ ᠦ ᠡᠮᠦᠨᠡᠭᠦᠷ ᠭᠠᠷ᠂ ᠨᠢᠯ ᠮᠥᠷᠡᠨ ᠢ ᠴᠣᠬᠢᠭᠰᠠᠨ ᠲᠠᠶᠠᠭ ᠢᠶᠠᠨ ᠭᠠᠷ ᠲᠠᠭᠠᠨ ᠪᠠᠷᠢᠵᠤ᠂ ᠢᠰᠷᠧᠯ ᠤᠨ ᠠᠬᠠᠯᠠᠭᠴᠢᠳ ᠤᠨ ᠳᠤᠮᠳᠠ ᠠᠴᠠ ᠵᠠᠷᠢᠮ ᠢ ᠨᠢ ᠳᠠᠭᠠᠭᠤᠯᠤᠨ ᠶᠠᠪᠤ᠃ 6 ᠬᠠᠷᠠ᠂ ᠪᠢ ᠬᠣᠷᠧᠪ ᠤᠨ ᠬᠠᠳᠠᠨ ᠳᠡᠭᠡᠷ᠎ᠡ ᠴᠢᠨᠦ ᠡᠮᠦᠨ᠎ᠡ ᠵᠣᠭᠰᠣᠬᠤ ᠪᠣᠯᠣᠨ᠎ᠠ︕ ᠴᠢ ᠬᠠᠳᠠ ᠶᠢ ᠴᠣᠬᠢᠭᠠᠷᠠᠢ᠃ ᠲᠡᠭᠡᠪᠡᠯ ᠲᠡᠨᠳᠡ ᠡᠴᠡ ᠤᠰᠤ ᠭᠠᠷᠴᠤ᠂ ᠠᠷᠠᠳ ᠲᠦᠮᠡᠨ ᠤᠤᠭᠤᠬᠤ ᠪᠣᠯᠣᠨ᠎ᠠ》 ᠭᠡᠰᠡᠨ ᠳᠦ᠂ ᠮᠣᠰᠧ ᠢᠰᠷᠧᠯ ᠤᠨ ᠠᠬᠠᠯᠠᠭᠴᠢᠳ ᠤᠨ ᠨᠢᠳᠦᠨ ᠡᠮᠦᠨ᠎ᠡ ᠲᠡᠷᠡ ᠶᠣᠰᠣᠭᠠᠷ ᠭᠦᠢᠴᠡᠳᠬᠡᠪᠡ᠃ 7 ᠮᠣᠰᠧ ᠲᠡᠷᠡ ᠭᠠᠵᠠᠷ ᠢ ᠮᠠᠰᠠ 16 ᠪᠤᠶᠤ ᠮᠧᠷᠢᠪᠠ 17 ᠭᠡᠵᠦ ᠨᠡᠷᠡᠯᠡᠪᠡ᠃ ᠤᠴᠢᠷ ᠨᠢ ᠢᠰᠷᠧᠯᠴᠦᠳ ᠲᠡᠨᠳᠡ ᠮᠠᠷᠭᠤᠯᠳᠤᠭᠰᠠᠨ ᠪᠥᠭᠡᠳ᠄ 《ᠶᠣᠬᠣᠸᠠ ᠪᠢᠳᠡᠨ ᠦ ᠳᠤᠮᠳᠠ ᠪᠠᠢᠨ᠎ᠠ ᠤᠤ᠂ ᠦᠭᠡᠢ ᠤᠤ︖》 ᠭᠡᠵᠦ ᠶᠣᠬᠣᠸᠠ ᠶᠢ ᠲᠡᠩᠰᠡᠭᠰᠡᠨ ᠶᠤᠮ᠃
 ᠠᠮᠠᠯᠧᠺᠴᠤᠳ ᠢ ᠢᠯᠠᠪᠠ

8 ᠢᠰᠷᠧᠯᠴᠦᠳ ᠷᠧᠹᠢᠳᠢᠮ ᠳᠤ ᠪᠠᠢᠬᠤ ᠳᠤᠨᠢ ᠠᠮᠠᠯᠧᠺᠴᠤᠳ ᠢᠷᠡᠵᠦ ᠳᠣᠪᠲᠣᠯᠪᠠ᠃ 9 ᠮᠣᠰᠧ ᠶᠣᠱᠦ᠋ᠶ᠎ᠠ ᠳᠤ᠄ 《ᠡᠷᠡᠴᠦᠳ ᠢ ᠰᠢᠯᠢᠵᠦ ᠠᠪᠤᠭᠠᠳ ᠠᠮᠠᠯᠧᠺᠴᠤᠳ ᠤᠨ ᠡᠰᠡᠷᠭᠦ ᠪᠠᠢᠯᠳᠤᠬᠤ ᠪᠠᠷ ᠶᠠᠪᠤ᠃ ᠪᠢ ᠮᠠᠷᠭᠠᠰᠢ ᠭᠠᠷ ᠲᠠᠭᠠᠨ ᠪᠤᠷᠬᠠᠨ ᠤ ᠲᠠᠶᠠᠭ ᠢ ᠪᠠᠷᠢᠨ᠂ ᠲᠣᠯᠣᠭᠠᠳ ᠤᠨ ᠣᠷᠣᠢ ᠳᠡᠭᠡᠷ᠎ᠡ ᠵᠣᠭᠰᠣᠨ᠎ᠠ》 ᠭᠡᠪᠡ᠃ 10 ᠶᠣᠱᠦ᠋ᠶ᠎ᠠ ᠮᠣᠰᠧ ᠶᠢᠨ ᠬᠡᠯᠡᠭᠰᠡᠨ ᠶᠣᠰᠣᠭᠠᠷ ᠦᠢᠯᠡᠳᠴᠦ᠂ ᠠᠮᠠᠯᠧᠺᠴᠤᠳ ᠤᠨ ᠡᠰᠡᠷᠭᠦ ᠪᠠᠢᠯᠳᠤᠬᠤ ᠳᠤ᠂ ᠮᠣᠰᠧ ᠠᠷᠣᠨ᠂ ᠾᠦᠷ ᠨᠠᠷ ᠲᠠᠢ ᠬᠠᠮᠲᠤ ᠲᠣᠯᠣᠭᠠᠳ ᠤᠨ ᠣᠷᠣᠢ ᠳᠡᠭᠡᠷ᠎ᠡ ᠭᠠᠷᠤᠯ᠎ᠠ᠃ 11 ᠮᠣᠰᠧ ᠭᠠᠷ ᠢᠶᠠᠨ ᠡᠷᠭᠦᠪᠡᠯ ᠢᠰᠷᠧᠯᠴᠦᠳ ᠢᠯᠠᠵᠤ᠂ ᠪᠠᠭᠤᠯᠭᠠᠪᠠᠯ ᠠᠮᠠᠯᠧᠺᠴᠤᠳ ᠢᠯᠠᠵᠤ ᠪᠠᠢᠪᠠ᠃ 12 ᠮᠣᠰᠧ ᠶᠢᠨ ᠭᠠᠷ ᠴᠤᠴᠠᠭᠰᠠᠨ ᠳᠤ᠂ ᠬᠥᠮᠦᠰ ᠴᠢᠯᠠᠭᠤ ᠲᠠᠯᠪᠢᠵᠤ ᠥᠭᠴᠡᠢ᠃ ᠮᠣᠰᠧ ᠴᠢᠯᠠᠭᠤᠨ ᠳᠡᠭᠡᠷ᠎ᠡ ᠰᠠᠭᠤᠪᠠ᠃ ᠠᠷᠣᠨ᠂ ᠾᠦᠷ ᠬᠣᠶᠠᠷ ᠲᠡᠭᠦᠨ ᠦ ᠭᠠᠷ ᠢ ᠨᠢᠭᠡ ᠨᠢ ᠡᠨᠡ ᠲᠠᠯ᠎ᠠ ᠠᠴᠠ ᠨᠢ᠂ ᠨᠥᠭᠥᠭᠡ ᠨᠢ ᠲᠡᠷᠡ ᠲᠠᠯ᠎ᠠ ᠠᠴᠠ ᠨᠢ ᠲᠦᠰᠢᠬᠦ ᠳᠦ᠂ ᠨᠠᠷᠠ ᠵᠢᠷᠭᠠᠬᠤ ᠪᠣᠯᠲᠠᠯ᠎ᠠ ᠲᠣᠭᠲᠠᠪᠤᠷᠢᠲᠠᠢ ᠪᠠᠢᠪᠠ᠃ 13 ᠲᠡᠢᠨ ᠬᠦ ᠶᠣᠱᠦ᠋ᠶ᠎ᠠ ᠠᠮᠠᠯᠧᠺᠴᠤᠳ ᠤᠨ ᠴᠡᠷᠢᠭ ᠢ ᠢᠯᠳᠦᠨ ᠦ ᠢᠷ ᠢᠶᠠᠷ ᠢᠯᠠᠭᠰᠠᠨ ᠪᠠᠢᠨ᠎ᠠ᠃

14 ᠶᠣᠬᠣᠸᠠ ᠮᠣᠰᠧ ᠳᠤ᠄ 《ᠪᠢ ᠠᠮᠠᠯᠧᠺ ᠤᠨ ᠳᠤᠷᠠᠰᠤᠮᠵᠢ ᠶᠢ ᠲᠩᠷᠢ ᠶᠢᠨ ᠳᠣᠣᠷ᠎ᠠ ᠠᠴᠠ ᠪᠦᠷᠢᠮᠦᠰᠦᠨ ᠠᠷᠴᠢᠨ᠎ᠠ᠃ ᠴᠢ ᠡᠭᠦᠨ ᠢ ᠳᠤᠷᠠᠰᠬᠠᠯ ᠪᠣᠯᠭᠠᠨ ᠨᠣᠮ ᠳᠤ ᠪᠢᠴᠢᠵᠦ᠂ ᠶᠣᠱᠦ᠋ᠶ᠎ᠠ ᠳᠤ ᠴᠡᠭᠡᠵᠢᠯᠡᠭᠦᠯ》 ᠭᠡᠪᠡ᠃ 15 ᠮᠣᠰᠧ ᠲᠠᠬᠢᠯ ᠤᠨ ᠰᠢᠷᠡᠭᠡ ᠪᠣᠰᠬᠠᠵᠤ᠂ ᠲᠡᠭᠦᠨ ᠢ ᠪᠠᠨ᠄ 《ᠶᠣᠬᠣᠸᠠ ᠪᠣᠯ ᠮᠢᠨᠦ ᠲᠤᠭ》 ᠭᠡᠵᠦ ᠨᠡᠷᠡᠯᠡᠨ᠄ 16 《ᠶᠣᠬᠣᠸᠠ ᠶᠢᠨ ᠲᠤᠭ ᠥᠭᠡᠳᠡ ᠭᠠᠷ ᠢᠶᠠᠨ ᠡᠷᠭᠦ 18 ᠂ ᠶᠣᠬᠣᠸᠠ ᠠᠮᠠᠯᠧᠺ ᠲᠠᠢ ᠦᠶ᠎ᠡ ᠶᠢᠨ ᠦᠶ᠎ᠡ ᠳᠦ ᠳᠠᠢᠲᠤᠨ᠎ᠠ》 ᠭᠡᠪᠡ᠃