ᠭᠡᠲᠦᠯᠦᠯ ᠠᠷᠪᠠᠨ ᠨᠢᠭᠡ
ᠤᠤᠭᠠᠨ ᠢ ᠰᠥᠨᠥᠭᠡᠭᠰᠡᠨ ᠭᠠᠮᠰᠢᠭ (10)
1 ᠶᠣᠬᠣᠸᠠ ᠮᠣᠰᠧ ᠳᠤ᠄ 《ᠪᠢ ᠪᠠᠰᠠ ᠨᠢᠭᠡ ᠭᠠᠮᠰᠢᠭ ᠢ ᠹᠠᠷᠠᠣ᠋ ᠬᠢᠭᠡᠳ ᠶᠧᠵᠢᠫᠲ ᠳᠡᠭᠡᠷ᠎ᠡ ᠪᠠᠭᠤᠯᠭᠠᠨ᠎ᠠ᠃ ᠡᠭᠦᠨ ᠦ ᠳᠠᠷᠠᠭ᠎ᠠ ᠯᠠ ᠲᠡᠷᠡ ᠲᠠ ᠨᠠᠷ ᠢ ᠡ᠊ᠨᠳᠡ ᠡᠴᠡ ᠶᠠᠪᠤᠭᠤᠯᠤᠨ᠎ᠠ᠃ ᠲᠡᠷᠡ ᠲᠠ ᠨᠠᠷ ᠢ ᠶᠠᠪᠤᠭᠤᠯᠬᠤ ᠳᠠᠭᠠᠨ ᠡ᠊ᠨᠳᠡ ᠡᠴᠡ ᠪᠦᠷᠢᠮᠦᠰᠦᠨ ᠦᠯᠳᠡᠨ ᠬᠥᠭᠡᠭᠡᠨ᠎ᠡ᠃ 2 ᠣᠳᠣ ᠴᠢ ᠠᠷᠠᠳ ᠲᠦᠮᠡᠨ ᠦ ᠰᠣᠨᠣᠷ ᠲᠤ᠄ 〈ᠡᠷᠡᠭᠲᠡᠢ ᠡᠮᠡᠭᠲᠡᠢ ᠬᠥᠮᠦᠨ ᠪᠣᠯᠭᠠᠨ ᠬᠥᠷᠰᠢ ᠡᠴᠡ ᠪᠡᠨ ᠮᠥᠩᠭᠥᠨ ᠡᠳ᠋ᠯᠡᠯ᠂ ᠠᠯᠲᠠᠨ ᠡᠳ᠋ᠯᠡᠯ ᠢ ᠱᠠᠭᠠᠷᠳᠠᠭᠲᠤᠨ〉 ᠭᠡᠵᠦ ᠬᠡᠯᠡ》 ᠭᠡᠪᠡ᠃ 3 ᠶᠣᠬᠣᠸᠠ ᠠᠷᠠᠳ ᠲᠦᠮᠡᠨ ᠢ ᠶᠧᠵᠢᠫᠲ᠋ᠴᠦᠳ ᠦᠨ ᠨᠢᠳᠦᠨ ᠦ ᠡᠮᠦᠨ᠎ᠡ ᠲᠠᠭᠠᠯᠠᠯ ᠢ ᠣᠯᠣᠭᠤᠯᠤᠭᠰᠠᠨ ᠪᠥᠭᠡᠳ ᠮᠣᠰᠧ ᠶᠢ ᠴᠤ ᠶᠧᠵᠢᠫᠲ ᠲᠤ ᠹᠠᠷᠠᠣ᠋ ᠶᠢᠨ ᠵᠠᠷᠤᠴᠠ ᠨᠠᠷ ᠤᠨ ᠨᠢᠳᠦᠨ ᠦ ᠡᠮᠦᠨ᠎ᠡ᠂ ᠮᠥᠨ ᠠᠷᠠᠳ ᠲᠦᠮᠡᠨ ᠦ ᠬᠢᠨᠢ ᠨᠢᠳᠦᠨ ᠦ ᠡᠮᠦᠨ᠎ᠡ ᠦᠯᠡᠮᠵᠢ ᠠᠭᠤᠤ ᠪᠣᠯᠭᠠᠵᠠᠢ᠃
4 ᠮᠣᠰᠧ ᠹᠠᠷᠠᠣ᠋ ᠳᠤ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠰᠥᠨᠢ ᠳᠤᠮᠳᠠ ᠪᠢ ᠥᠪᠡᠷ ᠢᠶᠡᠨ ᠶᠧᠵᠢᠫᠲ ᠤᠨ ᠳᠤᠮᠳᠠᠭᠤᠷ ᠥᠩᠭᠡᠷᠡᠬᠦ ᠳᠦ᠂ 5 ᠶᠧᠵᠢᠫᠲ ᠭᠠᠵᠠᠷ ᠤᠨ ᠤᠤᠭᠠᠨ ᠪᠦᠭᠦᠳᠡ ᠦᠬᠦᠬᠦ ᠪᠣᠯᠣᠨ᠎ᠠ᠃ ᠰᠡᠨᠲᠢ ᠳᠡᠭᠡᠨ ᠵᠠᠯᠠᠷᠠᠭᠴᠢ ᠹᠠᠷᠠᠣ᠋ ᠶᠢᠨ ᠤᠤᠭᠠᠨ ᠬᠦᠦ ᠡᠴᠡ ᠡᠬᠢᠯᠡᠨ᠂ ᠲᠡᠭᠡᠷᠮ᠎ᠡ ᠲᠦᠯᠬᠢᠭ᠍ᠴᠢ ᠪᠣᠭᠣᠯ ᠡᠮᠡᠭᠲᠡᠢ ᠶᠢᠨ ᠤᠤᠭᠠᠨ ᠬᠦᠦ ᠬᠦᠷᠲᠡᠯ᠎ᠡ᠂ ᠮᠥᠨ ᠪᠦᠬᠦ ᠮᠠᠯ ᠤᠨ ᠠᠩ᠋ᠬᠠᠨ ᠤ ᠲᠥᠯ ᠴᠤ ᠢᠯᠭᠠᠭ᠎ᠠ ᠦᠭᠡᠢ᠃ 6 ᠶᠧᠵᠢᠫᠲ ᠤᠨ ᠪᠦᠬᠦ ᠨᠤᠲᠤᠭ ᠲᠤ ᠤᠷᠢᠳᠤ ᠡᠮᠦᠨ᠎ᠡ ᠪᠠᠢᠭ᠎ᠠ ᠦᠭᠡᠢ᠂ ᠪᠠᠰᠠ ᠬᠣᠢᠰᠢᠳᠠ ᠴᠤ ᠦᠯᠦ ᠭᠠᠷᠬᠤ ᠠᠰᠤᠷᠤ ᠶᠡᠬᠡ ᠤᠬᠢᠯᠠᠭᠠᠨ ᠮᠠᠢᠯᠠᠭᠠᠨ ᠪᠣᠯᠬᠤ ᠪᠣᠯᠣᠨ᠎ᠠ᠃ 7 ᠭᠡᠪᠡᠴᠦ ᠢᠰᠷᠧᠯᠴᠦᠳ ᠦᠨ ᠳᠤᠮᠳᠠ ᠬᠥᠮᠦᠨ ᠠᠮᠢᠲᠠᠨ ᠤ ᠡᠰᠡᠷᠭᠦ ᠨᠣᠬᠠᠢ ᠬᠦᠷᠲᠡᠯ᠎ᠡ ᠬᠤᠴᠠᠵᠤ ᠪᠣᠷᠭᠣᠭᠠᠬᠤ ᠦᠭᠡᠢ᠃ ᠢᠩᠭᠢᠭᠰᠡᠨ ᠢᠶᠡᠷ ᠲᠠ ᠨᠠᠷ ᠶᠧᠵᠢᠫᠲ ᠢᠰᠷᠧᠯ ᠬᠣᠶᠠᠷ ᠤᠨ ᠬᠣᠭᠣᠷᠣᠨᠳᠣ ᠶᠣᠬᠣᠸᠠ ᠶᠢᠨ ᠵᠠᠭᠠᠭ ᠲᠠᠯᠪᠢᠭᠰᠠᠨ ᠢ ᠮᠡᠳᠡᠬᠦ ᠪᠣᠯᠣᠨ᠎ᠠ᠃〉 8 ᠲᠠᠨ ᠤ ᠡᠨᠡ ᠵᠠᠷᠤᠴᠠ ᠨᠠᠷ ᠪᠦᠭᠦᠳᠡᠭᠡᠷ ᠢᠶᠡᠨ ᠨᠠᠳᠠ ᠤᠷᠤᠭᠤ ᠢᠷᠡᠭᠡᠳ ᠮᠢᠨᠦ ᠡᠮᠦᠨ᠎ᠡ ᠮᠥᠷᠭᠥᠵᠦ᠂ ᠲᠠ ᠴᠤ᠂ ᠲᠠᠨ ᠢ ᠳᠠᠭᠠᠭᠴᠢ ᠠᠷᠠᠳ ᠲᠦᠮᠡᠨ ᠴᠤ ᠪᠦᠭᠦᠳᠡᠭᠡᠷ ᠡ᠊ᠨᠳᠡ ᠡᠴᠡ ᠶᠠᠪᠤᠭᠠᠴᠢ ᠭᠡᠵᠡᠭᠡᠬᠦ ᠪᠣᠯᠣᠨ᠎ᠠ᠂ ᠡᠭᠦᠨ ᠦ ᠳᠠᠷᠠᠭ᠎ᠠ ᠯᠠ ᠪᠢ ᠭᠠᠷᠤᠨ᠎ᠠ》 ᠭᠡᠳ ᠶᠡᠬᠡ ᠠᠭᠤᠷ ᠲᠠᠢ ᠪᠠᠷ ᠹᠠᠷᠠᠣ᠋ ᠶᠢᠨ ᠬᠢ ᠡᠴᠡ ᠭᠠᠷᠴᠠᠢ᠃
9 ᠶᠣᠬᠣᠸᠠ ᠮᠣᠰᠧ ᠳᠤ᠄ 《ᠹᠠᠷᠠᠣ᠋ ᠲᠠ ᠨᠠᠷ ᠤᠨ ᠬᠢ ᠶᠢ ᠰᠣᠨᠣᠰᠬᠤ ᠦᠭᠡᠢ᠃ ᠡᠢᠮᠦ ᠡᠴᠡ ᠭᠠᠢᠬᠠᠮᠰᠢᠭ ᠤᠳ ᠮᠢᠨᠢ ᠶᠧᠵᠢᠫᠲ ᠤᠨ ᠨᠤᠲᠤᠭ ᠲᠤ ᠣᠯᠠᠰᠢᠷᠠᠨ᠎ᠠ》 ᠭᠡᠵᠦ ᠬᠡᠯᠡᠭᠰᠡᠨ ᠪᠠᠢᠯ᠎ᠠ᠃ 10 ᠡᠢᠨ ᠬᠦ ᠮᠣᠰᠧ᠂ ᠠᠷᠣᠨ ᠬᠣᠶᠠᠷ ᠡᠳᠡᠭᠡᠷ ᠪᠦᠬᠦ ᠭᠠᠢᠬᠠᠮᠰᠢᠭ ᠢ ᠹᠠᠷᠠᠣ᠋ ᠶᠢᠨ ᠡᠮᠦᠨ᠎ᠡ ᠦᠢᠯᠡᠳᠪᠡ᠃ ᠶᠣᠬᠣᠸᠠ ᠹᠠᠷᠠᠣ᠋ ᠶᠢᠨ ᠵᠢᠷᠦᠬᠡ ᠶᠢ ᠬᠠᠲᠠᠭᠤᠷᠠᠭᠤᠯᠤᠭᠰᠠᠨ ᠤᠴᠢᠷ ᠠᠴᠠ ᠲᠡᠷᠡ ᠢᠰᠷᠧᠯᠴᠦᠳ ᠢ ᠨᠤᠲᠤᠭ ᠠᠴᠠ ᠪᠠᠨ ᠶᠠᠪᠤᠭᠤᠯᠤᠭᠰᠠᠨ ᠦᠭᠡᠢ᠃