ᠭᠡᠲᠦᠯᠦᠯ ᠵᠢᠷᠭᠤᠭ᠎ᠠ
1 ᠶᠣᠬᠣᠸᠠ ᠮᠣᠰᠧ ᠳᠤ᠄ 《ᠹᠠᠷᠠᠣ᠋ ᠳᠤ ᠶᠠᠭᠤ ᠦᠢᠯᠡᠳᠬᠦ ᠶᠢ ᠮᠢᠨᠢ ᠣᠳᠣ ᠴᠢ ᠬᠠᠷᠠᠨ᠎ᠠ᠃ ᠮᠢᠨᠦ ᠬᠦᠴᠦᠲᠦ ᠮᠤᠲᠤᠷ ᠤᠨ ᠡᠷᠬᠡ ᠪᠡᠷ ᠲᠡᠷᠡ ᠲᠡᠳᠡᠨ ᠢ ᠨᠤᠲᠤᠭ ᠠᠴᠠ ᠪᠠᠨ ᠬᠥᠭᠡᠭᠡᠬᠦ ᠪᠣᠯᠣᠨ᠎ᠠ》 ᠭᠡᠪᠡ᠃
2 ᠪᠤᠷᠬᠠᠨ ᠴᠠᠰᠢ ᠨᠢ ᠮᠣᠰᠧ ᠳᠤ᠄ 《ᠪᠢ ᠪᠣᠯ ᠶᠣᠬᠣᠸᠠ᠃ 3 ᠠᠪᠷᠠᠬᠠᠮ᠂ ᠢᠰᠠᠺ᠂ ᠶᠠᠺᠣᠪ ᠲᠤ ᠪᠢ ᠲᠡᠭᠦᠰ ᠬᠦᠴᠦᠲᠦ ᠪᠤᠷᠬᠠᠨ ᠭᠡᠳᠡᠭ ᠢᠶᠡᠨ ᠬᠠᠷᠠᠭᠤᠯᠤᠭᠰᠠᠨ᠂ ᠬᠠᠷᠢᠨ ᠲᠡᠳᠡᠨ ᠳᠦ ᠥᠪᠡᠷ ᠢ ᠪᠠᠨ ᠶᠣᠬᠣᠸᠠ ᠭᠡᠳᠡᠭ ᠨᠡᠷ᠎ᠡ ᠪᠡᠷ ᠲᠠᠨᠢᠭᠤᠯᠤᠭᠰᠠᠨ ᠪᠢᠰᠢ᠃ 4 ᠪᠢ ᠮᠥᠨ ᠲᠡᠳᠡᠨ ᠲᠡᠢ ᠭᠡᠷ᠎ᠡ ᠪᠠᠢᠭᠤᠯᠵᠤ᠂ ᠥᠪᠡᠷᠰᠡᠳ ᠦᠨ ᠬᠢᠨᠢ ᠴᠠᠭᠠᠴᠢᠯᠠᠨ ᠠᠮᠢᠳᠤᠷᠠᠵᠤ ᠪᠠᠢᠭᠰᠠᠨ ᠺᠠᠨᠠᠨ ᠭᠠᠵᠠᠷ ᠢ ᠲᠡᠳᠡᠨ ᠳᠦ ᠥᠭᠬᠦ ᠪᠡᠷ ᠠᠮᠠᠯᠠᠭᠰᠠᠨ ᠪᠢᠯᠡ᠃ 5 ᠣᠳᠣ ᠪᠢ ᠶᠧᠵᠢᠫᠲ᠋ᠴᠦᠳ ᠦᠨ ᠳᠣᠣᠷ᠎ᠠ ᠪᠣᠭᠣᠯᠴᠢᠯᠠᠭᠳᠠᠵᠤ ᠪᠤᠢ ᠢᠰᠷᠧᠯᠴᠦᠳ ᠦᠨ ᠶᠣᠣᠯᠠᠬᠤ ᠶᠢ ᠰᠣᠨᠣᠰᠴᠤ᠂ ᠥᠪᠡᠷ ᠦᠨ ᠢᠶᠠᠨ ᠭᠡᠷ᠎ᠡ ᠶᠢ ᠰᠠᠨᠠᠯ᠎ᠠ᠃ 6 ᠡᠢᠮᠦ ᠡᠴᠡ ᠢᠰᠷᠧᠯᠴᠦᠳ ᠲᠦ ᠶᠣᠬᠣᠸᠠ ᠢᠩᠭᠢᠵᠦ ᠠᠢᠯᠠᠳᠴᠤ ᠪᠠᠢᠨ᠎ᠠ᠄ 〈ᠪᠢ ᠪᠣᠯ ᠶᠣᠬᠣᠸᠠ᠂ ᠶᠧᠵᠢᠫᠲ᠋ᠴᠦᠳ ᠦᠨ ᠠᠯᠪᠠᠳᠠᠯᠭ᠎ᠠ ᠶᠢᠨ ᠠᠵᠢᠯ ᠠᠴᠠ ᠲᠠ ᠨᠠᠷ ᠢ ᠰᠤᠯᠠᠯᠠᠨ᠎ᠠ᠂ ᠪᠣᠭᠣᠯᠴᠢᠯᠠᠯ ᠠᠴᠠ ᠨᠢ ᠲᠠ ᠨᠠᠷ ᠢ ᠴᠢᠯᠥᠭᠡᠯᠡᠨ᠎ᠡ᠂ ᠰᠤᠩ᠋ᠭᠠᠭᠰᠠᠨ ᠮᠤᠲᠤᠷ ᠪᠣᠯᠣᠨ ᠶᠡᠬᠡ ᠰᠢᠳᠬᠡᠯ ᠤᠳ ᠢᠶᠠᠷ ᠲᠠ ᠨᠠᠷ ᠢ ᠵᠣᠯᠢᠨ ᠠᠪᠤᠨ᠎ᠠ᠃ 7 ᠪᠢ ᠲᠠ ᠨᠠᠷ ᠢ ᠠᠷᠠᠳ ᠲᠦᠮᠡᠨ ᠢᠶᠡᠨ ᠪᠣᠯᠭᠠᠨ ᠠᠪᠴᠤ᠂ ᠲᠠ ᠨᠠᠷ ᠤᠨ ᠪᠤᠷᠬᠠᠨ ᠪᠣᠯᠣᠨ᠎ᠠ᠂ ᠪᠢ ᠪᠣᠯ ᠲᠠ ᠨᠠᠷ ᠢ ᠶᠧᠵᠢᠫᠲ᠋ᠴᠦᠳ ᠦᠨ ᠠᠯᠪᠠᠳᠠᠯᠭ᠎ᠠ ᠶᠢᠨ ᠠᠵᠢᠯ ᠠᠴᠠ ᠴᠢᠯᠥᠭᠡᠯᠡᠭᠰᠡᠨ ᠶᠣᠬᠣᠸᠠ᠂ ᠲᠠ ᠨᠠᠷ ᠤᠨ ᠪᠤᠷᠬᠠᠨ ᠮᠥᠨ ᠭᠡᠳᠡᠭ ᠢ ᠲᠠ ᠨᠠᠷ ᠮᠡᠳᠡᠬᠦ ᠪᠣᠯᠣᠨ᠎ᠠ᠃ 8 ᠪᠢ ᠠᠪᠷᠠᠬᠠᠮ᠂ ᠢᠰᠠᠺ᠂ ᠶᠠᠺᠣᠪ ᠲᠤ ᠥᠭᠬᠦ ᠪᠡᠷ ᠭᠠᠷ ᠢᠶᠠᠨ ᠡᠷᠭᠦᠨ ᠲᠠᠩ᠋ᠭᠠᠷᠢᠭᠯᠠᠭᠰᠠᠨ ᠲᠡᠷᠡ ᠭᠠᠵᠠᠷ ᠤᠷᠤᠭᠤ ᠲᠠ ᠨᠠᠷ ᠢ ᠠᠪᠠᠴᠢᠵᠤ᠂ ᠲᠡᠭᠦᠨ ᠢ ᠲᠠ ᠨᠠᠷ ᠲᠤ ᠥᠪ ᠪᠣᠯᠭᠠᠨ ᠥᠭᠭᠥᠨ᠎ᠡ᠃ ᠪᠢ ᠪᠣᠯ ᠶᠣᠬᠣᠸᠠ〉 ᠭᠡᠭᠡᠷᠡᠢ》 ᠭᠡᠵᠦ ᠠᠢᠯᠠᠳᠪᠠ᠃ 9 ᠮᠣᠰᠧ ᠡᠭᠦᠨ ᠢ ᠢᠰᠷᠧᠯᠴᠦᠳ ᠲᠦ ᠤᠯᠠᠮᠵᠢᠯᠠᠭᠰᠠᠨ ᠪᠣᠯᠪᠠᠴᠤ ᠲᠡᠳᠡ ᠰᠣᠨᠣᠰᠣᠭᠰᠠᠨ ᠦᠭᠡᠢ᠃ ᠤᠴᠢᠷ ᠨᠢ ᠬᠦᠨᠳᠦ ᠠᠵᠢᠯ ᠠᠴᠠ ᠪᠣᠯᠵᠤ ᠲᠡᠳᠡᠨ ᠦ ᠰᠦᠨᠡᠰᠦ ᠡᠮᠲᠡᠷᠡᠭᠰᠡᠨ ᠪᠠᠢᠯ᠎ᠠ᠃
10 ᠶᠣᠬᠣᠸᠠ ᠮᠣᠰᠧ ᠳᠤ᠄ 11 《ᠴᠢ ᠶᠧᠵᠢᠫᠲ ᠤᠨ ᠬᠠᠭᠠᠨ ᠹᠠᠷᠠᠣ᠋ ᠳᠤ ᠣᠴᠢᠵᠤ᠂ ᠢᠰᠷᠧᠯᠴᠦᠳ ᠢ ᠨᠤᠲᠤᠭ ᠠᠴᠠ ᠪᠠᠨ ᠶᠠᠪᠤᠭᠤᠯ ᠭᠡᠵᠦ ᠬᠡᠯᠡ》 ᠭᠡᠬᠦ ᠳᠦ᠂ 12 ᠮᠣᠰᠧ ᠶᠣᠬᠣᠸᠠ ᠳᠤ ᠬᠠᠷᠢᠭᠤᠯᠤᠨ᠄ 《ᠬᠠᠷ᠎ᠠ᠂ ᠢᠰᠷᠧᠯᠴᠦᠳ ᠴᠤ ᠮᠢᠨᠦᠬᠢ ᠶᠢ ᠰᠣᠨᠣᠰᠬᠤ ᠦᠭᠡᠢ ᠪᠠᠢᠬᠤ ᠳᠤ᠂ ᠹᠠᠷᠠᠣ᠋ ᠮᠢᠨᠦᠬᠢ ᠶᠢ ᠬᠡᠷᠬᠢᠨ ᠰᠣᠨᠣᠰᠬᠤ ᠪᠢᠯᠡ︖ ᠮᠢᠨᠦ ᠬᠡᠯᠡ ᠠᠮᠠ ᠪᠢᠳᠠᠭᠤ ᠰᠢᠦ》 ᠭᠡᠪᠡ᠃ 13 ᠬᠠᠷᠢᠨ ᠶᠣᠬᠣᠸᠠ ᠮᠣᠰᠧ᠂ ᠠᠷᠣᠨ ᠬᠣᠶᠠᠷ ᠲᠤ ᠢᠰᠷᠧᠯᠴᠦᠳ ᠪᠣᠯᠣᠨ ᠶᠧᠵᠢᠫᠲ ᠤᠨ ᠬᠠᠭᠠᠨ ᠹᠠᠷᠠᠣ᠋ ᠶᠢᠨ ᠲᠠᠯ᠎ᠠ ᠪᠠᠷ ᠠᠢᠯᠠᠳᠤᠭᠰᠠᠨ ᠪᠥᠭᠡᠳ ᠢᠰᠷᠧᠯᠴᠦᠳ ᠢ ᠶᠧᠵᠢᠫᠲ ᠡᠴᠡ ᠭᠠᠷᠭᠠᠬᠤ ᠡᠭᠦᠷᠭᠡ ᠶᠢ ᠲᠡᠳᠡᠨ ᠳᠦ ᠲᠤᠰᠢᠶᠠᠭᠰᠠᠨ ᠪᠠᠢᠨ᠎ᠠ᠃
ᠮᠣᠰᠧ ᠠᠷᠣᠨ ᠬᠣᠶᠠᠷ ᠤᠨ ᠭᠡᠷ ᠦᠨ ᠴᠠᠳᠢᠭ
14 ᠲᠡᠳᠡᠨ ᠦ ᠡᠪᠦᠭᠡ ᠳᠡᠭᠡᠳᠦᠰ ᠦᠨ ᠭᠡᠷ ᠪᠦᠯᠢ ᠶᠢᠨ ᠠᠬᠠᠯᠠᠭᠴᠢᠳ ᠭᠡᠪᠡᠯ᠂ ᠢᠰᠷᠧᠯ ᠤᠨ ᠤᠤᠭᠠᠨ ᠬᠦᠦ ᠷᠧᠣᠪᠧᠨ ᠤ ᠬᠥᠪᠡᠭᠦᠳ᠄ ᠬᠠᠨᠣᠺ᠂ ᠫᠠᠯᠦ᠋᠂ ᠾᠧᠽᠷᠣᠨ᠂ ᠺᠠᠷᠮᠢ᠃ ᠲᠡᠳᠡ ᠪᠣᠯ ᠷᠧᠣᠪᠧᠨ ᠤ ᠤᠷᠤᠭ ᠤᠳ ᠶᠤᠮ᠃ 15 ᠰᠢᠮᠧᠶᠣᠨ ᠤ ᠬᠥᠪᠡᠭᠦᠳ᠄ ᠶᠧᠮᠦ᠋ᠶᠧᠯ᠂ ᠶᠠᠮᠢᠨ᠂ ᠣᠬᠠᠳ᠋᠂ ᠶᠠᠺᠢᠨ᠂ ᠽᠣᠬᠠᠷ ᠬᠢᠭᠡᠳ ᠺᠠᠨᠠᠨ ᠡᠮᠡᠭᠲᠡᠢ ᠶᠢᠨ ᠬᠥᠪᠡᠭᠦᠨ ᠱᠠᠦ᠋ᠯ᠃ ᠲᠡᠳᠡ ᠪᠣᠯ ᠰᠢᠮᠧᠶᠣᠨ ᠤ ᠤᠷᠤᠭ ᠤᠳ ᠶᠤᠮ᠃ 16 ᠯᠧᠸᠢ ᠶᠢᠨ ᠬᠥᠪᠡᠭᠦᠳ ᠢ ᠲᠥᠷᠥᠭᠰᠡᠨ ᠳᠠᠷᠠᠭᠠᠯᠠᠯ ᠢᠶᠠᠷ ᠨᠢ ᠵᠢᠭᠰᠠᠭᠠᠪᠠᠯ᠂ ᠭᠧᠷᠱᠣᠨ᠂ ᠺᠣᠬᠠᠲ᠂ ᠮᠧᠷᠠᠷᠢ᠃ ᠯᠧᠸᠢ ᠵᠠᠭᠤ ᠭᠤᠴᠢᠨ ᠳᠣᠯᠣᠭ᠎ᠠ ᠨᠠᠰᠤᠯᠠᠪᠠ᠃ 17 ᠭᠧᠷᠱᠣᠨ ᠤ ᠬᠥᠪᠡᠭᠦᠳ᠄ ᠯᠢᠪᠨᠢ ᠪᠣᠯᠣᠨ ᠱᠢᠮᠧᠶᠢ᠃ ᠲᠡᠳᠡ ᠪᠣᠯ ᠲᠤᠰ ᠲᠤᠰ ᠤᠨ ᠢᠶᠠᠨ ᠠᠢᠮᠠᠭ ᠤᠨ ᠡᠭᠦᠰᠭᠡᠭᠴᠢ ᠪᠢᠯᠡ᠃ 18 ᠺᠣᠬᠠᠲ ᠤᠨ ᠬᠥᠪᠡᠭᠦᠳ᠄ ᠠᠮᠷᠠᠮ᠂ ᠢᠽᠬᠠᠷ᠂ ᠾᠧᠪᠷᠣᠨ᠂ ᠦᠽᠢᠶᠧᠯ᠃ ᠺᠣᠬᠠᠲ ᠵᠠᠭᠤ ᠭᠤᠴᠢᠨ ᠭᠤᠷᠪᠠ ᠨᠠᠰᠤᠯᠠᠪᠠ᠃ 19 ᠮᠧᠷᠠᠷᠢ ᠶᠢᠨ ᠬᠥᠪᠡᠭᠦᠳ᠄ ᠮᠠᠯᠢ ᠪᠣᠯᠣᠨ ᠮᠦᠱᠢ᠃ ᠡᠳᠡ ᠨᠠᠷ ᠨᠢ ᠭᠡᠷ ᠦᠨ ᠴᠠᠳᠢᠭ ᠲᠤ ᠲᠡᠮᠳᠡᠭᠯᠡᠭᠳᠡᠭᠰᠡᠨ ᠯᠧᠸᠢ ᠶᠢᠨ ᠠᠢᠮᠠᠭ ᠤᠳ ᠶᠤᠮ᠃ 20 ᠠᠮᠷᠠᠮ ᠨᠢ ᠠᠪᠠᠭ᠎ᠠ ᠡᠭᠡᠴᠢ ᠶᠣᠺᠧᠪᠧᠳ᠋ ᠢᠶᠠᠨ ᠡᠬᠡᠨᠡᠷ ᠢᠶᠡᠨ ᠪᠣᠯᠭᠠᠨ ᠠᠪᠤᠭᠰᠠᠨ ᠳᠤ᠂ ᠲᠡᠷᠡ ᠡᠮᠡᠭᠲᠡᠢ ᠲᠡᠭᠦᠨ ᠳᠦ ᠠᠷᠣᠨ ᠪᠣᠯᠣᠨ ᠮᠣᠰᠧ ᠶᠢ ᠲᠥᠷᠥᠭᠦᠯᠵᠡᠢ᠃ ᠠᠮᠷᠠᠮ ᠵᠠᠭᠤ ᠭᠤᠴᠢᠨ ᠳᠣᠯᠣᠭᠠᠨ ᠨᠠᠰᠤᠯᠠᠪᠠ᠃ 21 ᠢᠽᠬᠠᠷ ᠤᠨ ᠬᠥᠪᠡᠭᠦᠳ᠄ ᠺᠣᠷᠠ᠂ ᠨᠧᠹᠧᠭ᠂ ᠽᠢᠺᠷᠢ᠃ 22 ᠦᠽᠢᠶᠧᠯ ᠤᠨ ᠬᠥᠪᠡᠭᠦᠳ᠄ ᠮᠢᠱᠠᠶᠧᠯ᠂ ᠡᠯᠽᠠᠹᠠᠨ᠂ ᠰᠢᠲ᠋ᠷᠢ᠃ 23 ᠠᠷᠣᠨ ᠨᠢ ᠠᠮᠢᠨᠠᠳᠠᠪ ᠤᠨ ᠥᠬᠢᠨ᠂ ᠨᠠᠾᠱᠣᠨ ᠤ ᠳᠡᠭᠦᠦ ᠡᠯᠢᠱᠧᠪᠠ ᠶᠢ ᠡᠬᠡᠨᠡᠷ ᠢᠶᠡᠨ ᠪᠣᠯᠭᠠᠨ ᠠᠪᠤᠭᠰᠠᠨ ᠳᠤ᠂ ᠲᠡᠷᠡ ᠡᠮᠡᠭᠲᠡᠢ ᠲᠡᠭᠦᠨ ᠳᠦ ᠨᠠᠳᠠᠪ᠂ ᠠᠪᠢᠾᠦ᠋᠂ ᠡᠯᠧᠶᠠᠽᠠᠷ᠂ ᠢᠲ᠋ᠠᠮᠠᠷ ᠨᠠᠷ ᠢ ᠲᠥᠷᠥᠭᠦᠯᠪᠡ᠃ 24 ᠺᠣᠷᠠ ᠶᠢᠨ ᠬᠥᠪᠡᠭᠦᠳ᠄ ᠠᠰᠢᠷ᠂ ᠡᠯᠺᠠᠨᠠ᠂ ᠠᠪᠢᠶᠠᠰᠠᠹ᠃ ᠲᠡᠳᠡ ᠪᠣᠯ ᠺᠣᠷᠠᠴᠤᠳ ᠤᠨ ᠠᠢᠮᠠᠭ ᠤᠳ ᠶᠤᠮ᠃ 25 ᠠᠷᠣᠨ ᠤ ᠬᠦᠦ ᠡᠯᠧᠶᠠᠽᠠᠷ ᠫᠦᠲ᠋ᠢᠶᠧᠯ ᠤᠨ ᠨᠢᠭᠡ ᠥᠬᠢᠨ ᠢ ᠡᠬᠡᠨᠡᠷ ᠪᠣᠯᠭᠠᠨ ᠠᠪᠤᠭᠰᠠᠨ ᠳᠤ᠂ ᠲᠡᠷᠡ ᠡᠮᠡᠭᠲᠡᠢ ᠲᠡᠭᠦᠨ ᠳᠦ ᠹᠢᠨᠧᠬᠠᠰ ᠢ ᠲᠥᠷᠥᠭᠦᠯᠦᠭᠰᠡᠨ᠃ ᠡᠳᠡ ᠪᠣᠯ ᠠᠢᠮᠠᠭ ᠠᠢᠮᠠᠭ ᠢᠶᠠᠷ ᠬᠤᠪᠢᠶᠠᠭᠳᠠᠭᠰᠠᠨ ᠯᠧᠸᠢ ᠣᠪᠣᠭ ᠤᠨ ᠠᠬᠠᠯᠠᠭᠴᠢᠳ ᠶᠤᠮ᠃
26 ᠶᠠᠭ ᠡᠨᠡ ᠠᠷᠣᠨ᠂ ᠮᠣᠰᠧ ᠬᠣᠶᠠᠷ ᠲᠤ ᠶᠣᠬᠣᠸᠠ᠄ 《ᠢᠰᠷᠧᠯᠴᠦᠳ ᠢ ᠪᠠᠭ ᠪᠠᠭ 4 ᠢᠶᠠᠷ ᠨᠢ ᠶᠧᠵᠢᠫᠲ ᠡᠴᠡ ᠭᠠᠷᠭ᠎ᠠ》 ᠭᠡᠵᠦ ᠠᠢᠯᠠᠳᠤᠭᠰᠠᠨ ᠠᠵᠢ᠃ 27 《ᠢᠰᠷᠧᠯᠴᠦᠳ ᠢ ᠶᠧᠵᠢᠫᠲ ᠡᠴᠡ ᠭᠠᠷᠭ᠎ᠠ》 ᠭᠡᠵᠦ ᠶᠧᠵᠢᠫᠲ ᠤᠨ ᠬᠠᠭᠠᠨ ᠹᠠᠷᠠᠣ᠋ ᠳᠤ ᠬᠡᠯᠡᠭᠰᠡᠨ ᠬᠥᠮᠦᠰ ᠨᠢ ᠶᠠᠭ ᠡᠨᠡ ᠮᠣᠰᠧ᠂ ᠠᠷᠣᠨ ᠬᠣᠶᠠᠷ ᠪᠢᠯᠡ᠃
ᠮᠣᠰᠧ ᠶᠢ ᠲᠥᠯᠥᠭᠡᠯᠡᠨ ᠶᠠᠷᠢᠭᠴᠢ ᠠᠷᠣᠨ
28 ᠶᠧᠵᠢᠫᠲ ᠤᠨ ᠨᠤᠲᠤᠭ ᠲᠤ ᠶᠣᠬᠣᠸᠠ ᠮᠣᠰᠧ ᠳᠤ ᠠᠢᠯᠠᠳᠬᠤ ᠡᠳᠦᠷ ᠲᠡᠭᠡᠨ᠂ 29 ᠲᠡᠭᠦᠨ ᠳᠦ᠄ 《ᠪᠢ ᠪᠣᠯ ᠶᠣᠬᠣᠸᠠ᠃ ᠴᠢᠮ᠎ᠠ ᠳᠤ ᠬᠡᠯᠡᠬᠦ ᠪᠦᠬᠦᠨ ᠢ ᠮᠢᠨᠢ ᠶᠧᠵᠢᠫᠲ ᠤᠨ ᠬᠠᠭᠠᠨ ᠹᠠᠷᠠᠣ᠋ ᠳᠤ ᠬᠡᠯᠡ》 ᠭᠡᠪᠡ᠃ 30 ᠭᠡᠪᠡᠴᠦ ᠮᠣᠰᠧ ᠶᠣᠬᠣᠸᠠ ᠳᠤ ᠬᠠᠷᠢᠭᠤᠯᠤᠨ᠄ 《ᠬᠠᠷ᠎ᠠ᠂ ᠮᠢᠨᠦ ᠬᠡᠯᠡ ᠠᠮᠠ ᠪᠢᠳᠠᠭᠤ ᠰᠢᠦ᠃ ᠹᠠᠷᠠᠣ᠋ ᠮᠢᠨᠦᠬᠢ ᠶᠢ ᠬᠡᠷᠬᠢᠨ ᠰᠣᠨᠣᠰᠬᠤ ᠪᠢᠯᠡ︖》 ᠭᠡᠰᠡᠨ ᠪᠠᠢᠯ᠎ᠠ᠃