ᠭᠡᠲᠦᠯᠦᠯ ᠭᠤᠴᠢᠨ ᠨᠢᠭᠡ
ᠤᠷᠠᠨ ᠳᠠᠷᠬᠠᠳ
1 ᠶᠣᠬᠣᠸᠠ ᠮᠣᠰᠧ ᠳᠤ ᠠᠢᠯᠠᠳᠤᠨ᠄ 2 《ᠠᠩ᠋ᠬᠠᠷᠤᠭᠲᠤᠨ᠂ ᠪᠢ ᠶᠦᠳᠠ ᠣᠪᠣᠭ ᠤᠨ ᠾᠦᠷ ᠦᠨ ᠠᠴᠢ᠂ ᠦᠦᠷᠢ ᠶᠢᠨ ᠬᠦᠦ ᠪᠧᠽᠠᠯᠧᠯ ᠢ ᠨᠡᠷ᠎ᠡ ᠪᠡᠷ ᠨᠢ ᠳᠠᠭᠤᠳᠠᠵᠤ᠂ 3 ᠲᠡᠭᠦᠨ ᠢ ᠪᠤᠷᠬᠠᠨ ᠤ ᠰᠦᠨᠡᠰᠦ ᠪᠡᠷ᠂ ᠮᠥᠨ ᠮᠡᠷᠭᠡᠨ ᠤᠬᠠᠭᠠᠨ᠂ ᠣᠢᠯᠠᠭᠠᠯᠲᠠ᠂ ᠮᠡᠳᠡᠯᠭᠡ ᠪᠠ ᠪᠦᠬᠦᠢᠯᠡ ᠤᠷ᠎ᠠ ᠴᠢᠳᠠᠪᠤᠷᠢ ᠪᠠᠷ ᠳᠦᠭᠦᠷᠭᠡᠭᠰᠡᠨ᠂ 4 ᠲᠡᠷᠡ ᠪᠡᠷ ᠵᠠᠭᠪᠤᠷ ᠵᠣᠬᠢᠶᠠᠬᠤ᠂ ᠠᠯᠲᠠ᠂ ᠮᠥᠩᠭᠥ᠂ ᠬᠦᠷᠡᠯ ᠢᠶᠡᠷ ᠤᠷᠠᠯᠠᠬᠤ᠂ 5 ᠦᠨᠡᠲᠦ ᠴᠢᠯᠠᠭᠤ ᠶᠢ ᠰᠡᠢᠯᠦᠨ ᠰᠠᠭᠤᠯᠭᠠᠬᠤ᠂ ᠮᠣᠳᠣ ᠰᠡᠢᠯᠬᠦ ᠲᠥᠷᠥᠯ ᠪᠦᠷᠢ ᠶᠢᠨ ᠠᠵᠢᠯ ᠢ ᠬᠢᠬᠦ ᠪᠣᠯᠣᠨ᠎ᠠ᠃ 6 ᠬᠠᠷ᠎ᠠ᠂ ᠪᠢ ᠳ᠋ᠠᠨ ᠣᠪᠣᠭ ᠤᠨ ᠠᠾᠢᠰᠠᠮᠠᠺ ᠤᠨ ᠬᠦᠦ ᠣᠬᠣᠯᠢᠶᠠᠪ ᠢ ᠲᠡᠭᠦᠨ ᠲᠡᠢ ᠬᠠᠮᠲᠤ ᠪᠠᠢᠯᠭᠠᠭᠰᠠᠨ ᠪᠥᠭᠡᠳ ᠤᠷᠠᠨ ᠬᠥᠮᠦᠨ ᠪᠦᠬᠦᠨ ᠳᠦ ᠤᠷ᠎ᠠ ᠶᠢ ᠥᠭᠭᠥᠭᠰᠡᠨ᠂ ᠲᠡᠳᠡ ᠮᠢᠨᠦ ᠴᠢᠮ᠎ᠠ ᠳᠤ ᠲᠤᠰᠢᠶᠠᠭᠰᠠᠨ ᠪᠦᠬᠦᠨ ᠢ ᠬᠢᠬᠦ ᠪᠣᠯᠣᠨ᠎ᠠ᠃ 7 ᠲᠡᠳᠡ ᠠᠭᠤᠯᠵᠠᠯᠲᠠ ᠶᠢᠨ ᠴᠠᠴᠠᠷ᠂ ᠭᠡᠷᠡᠴᠢᠯᠡᠯ ᠦᠨ ᠠᠪᠳᠠᠷ᠎ᠠ ᠪᠠ ᠲᠡᠭᠦᠨ ᠦ ᠳᠡᠭᠡᠷᠡᠬᠢ ᠬᠡᠯᠲᠦᠷᠢᠭᠦᠯᠦᠯᠭᠡ ᠶᠢᠨ ᠬᠠᠪᠬᠠᠭ᠂ ᠴᠠᠴᠠᠷ ᠤᠨ ᠠᠯᠢᠪᠠ ᠬᠡᠷᠡᠭᠰᠡᠯ — 8 ᠰᠢᠷᠡᠭᠡ ᠪᠣᠯᠣᠨ ᠲᠡᠭᠦᠨ ᠦ ᠬᠡᠷᠡᠭᠰᠡᠯ ᠤᠳ᠂ ᠰᠢᠵᠢᠷ ᠠᠯᠲᠠᠨ ᠳ᠋ᠧᠩ ᠤᠨ ᠲᠠᠯᠪᠢᠭᠤᠷ ᠪᠣᠯᠣᠨ ᠲᠡᠭᠦᠨ ᠦ ᠪᠦᠬᠦ ᠬᠡᠷᠡᠭᠰᠡᠯ᠂ ᠤᠲᠤᠯᠭᠠᠲᠤ ᠲᠠᠬᠢᠯ ᠤᠨ ᠰᠢᠷᠡᠭᠡ᠂ 9 ᠰᠢᠲᠠᠭᠠᠯᠭᠠᠲᠤ ᠲᠠᠬᠢᠯ ᠤᠨ ᠰᠢᠷᠡᠭᠡ ᠪᠣᠯᠣᠨ ᠲᠡᠭᠦᠨ ᠦ ᠪᠦᠬᠦ ᠬᠡᠷᠡᠭᠰᠡᠯ᠂ ᠤᠬᠢᠶᠠᠯᠭ᠎ᠠ ᠶᠢᠨ ᠰᠠᠪᠠ ᠪᠣᠯᠣᠨ ᠲᠡᠭᠦᠨ ᠦ ᠰᠠᠭᠤᠷᠢ᠂ 10 ᠮᠥᠨ ᠲᠠᠬᠢᠯᠴᠢ ᠶᠢᠨ ᠠᠯᠪᠠᠨ ᠤ ᠦᠢᠯᠡᠴᠢᠯᠡᠯ ᠳᠦ ᠡᠮᠦᠰᠬᠦ ᠨᠡᠬᠡᠮᠡᠯ ᠬᠤᠪᠴᠠᠰᠤ᠂ ᠲᠤᠬᠠᠢᠯᠠᠪᠠᠯ ᠲᠠᠬᠢᠯᠴᠢ ᠠᠷᠣᠨ ᠤ ᠠᠷᠢᠭᠤᠨ ᠬᠤᠪᠴᠠᠰᠤ ᠪᠣᠯᠣᠨ ᠲᠡᠭᠦᠨ ᠦ ᠬᠥᠪᠡᠭᠦᠳ ᠦᠨ ᠬᠤᠪᠴᠠᠰᠤ᠂ 11 ᠪᠠᠰᠠ ᠲᠣᠰᠣᠯᠠᠯᠭ᠎ᠠ ᠶᠢᠨ ᠲᠣᠰᠣ ᠬᠢᠭᠡᠳ ᠠᠷᠢᠭᠤᠨ ᠭᠠᠵᠠᠷ ᠲᠤ ᠬᠡᠷᠡᠭᠯᠡᠬᠦ ᠠᠩᠬᠢᠯᠤᠭᠤᠨ ᠤᠲᠤᠯᠭ᠎ᠠ ᠵᠡᠷᠭᠡ ᠶᠢ ᠬᠢᠬᠦ ᠪᠣᠯᠣᠨ᠎ᠠ᠂ ᠲᠡᠳᠡ ᠮᠢᠨᠦ ᠴᠢᠮ᠎ᠠ ᠳᠤ ᠲᠤᠰᠢᠶᠠᠭᠰᠠᠨ ᠪᠦᠬᠦᠨ ᠦ ᠶᠣᠰᠣᠭᠠᠷ ᠬᠢᠬᠦ ᠪᠣᠯᠣᠨ᠎ᠠ》 ᠭᠡᠪᠡ᠃
ᠠᠮᠠᠷᠠᠯ ᠤᠨ ᠡᠳᠦᠷ
12 ᠶᠣᠬᠣᠸᠠ ᠮᠣᠰᠧ ᠳᠤ ᠠᠢᠯᠠᠳᠤᠨ᠄ 13 《ᠴᠢ ᠢᠰᠷᠧᠯᠴᠦᠳ ᠲᠦ ᠡᠢᠨ ᠬᠦ ᠬᠡᠯᠡ᠄ 〈ᠲᠠ ᠨᠠᠷ ᠮᠢᠨᠦ ᠠᠮᠠᠷᠠᠯ ᠤᠨ ᠡᠳᠦᠷ ᠢ ᠵᠠᠪᠠᠯ ᠰᠠᠬᠢ᠃ ᠡᠨᠡ ᠨᠢ ᠲᠠ ᠨᠠᠷ ᠢ ᠠᠷᠢᠭᠤᠰᠬᠠᠭᠴᠢ ᠨᠢ ᠶᠣᠬᠣᠸᠠ ᠪᠢ ᠭᠡᠳᠡᠭ ᠢ ᠰᠠᠨᠠᠭᠤᠯᠬᠤ ᠪᠢ ᠪᠣᠯᠣᠨ ᠲᠠ ᠨᠠᠷ ᠤᠨ ᠬᠣᠭᠣᠷᠣᠨᠳᠣ ᠦᠶ᠎ᠡ ᠶᠢᠨ ᠦᠶ᠎ᠡ ᠳᠦ ᠪᠠᠢᠬᠤ ᠲᠡᠮᠳᠡᠭ ᠪᠣᠯᠣᠨ᠎ᠠ᠃ 14 ᠲᠠ ᠨᠠᠷ ᠠᠮᠠᠷᠠᠯ ᠤᠨ ᠡᠳᠦᠷ ᠢ ᠰᠠᠬᠢ᠃ ᠡᠨᠡ ᠡᠳᠦᠷ ᠨᠢ ᠲᠠ ᠨᠠᠷ ᠲᠤ ᠠᠷᠢᠭᠤᠨ ᠶᠤᠮ᠃ ᠡᠭᠦᠨ ᠢ ᠪᠤᠵᠠᠷᠯᠠᠭᠰᠠᠨ ᠬᠥᠮᠦᠨ ᠨᠢ ᠦᠬᠦᠬᠦ ᠶᠣᠰᠣᠲᠠᠢ᠂ ᠡᠨᠡ ᠡᠳᠦᠷ ᠠᠵᠢᠯ ᠬᠢᠭᠰᠡᠨ ᠬᠥᠮᠦᠨ ᠠᠷᠠᠳ ᠲᠦᠮᠡᠨ ᠡᠴᠡ ᠪᠡᠨ ᠲᠠᠰᠤᠯᠤᠭᠳᠠᠬᠤ ᠪᠣᠯᠣᠨ᠎ᠠ᠃ 15 ᠵᠢᠷᠭᠤᠭᠠᠨ ᠡᠳᠦᠷ ᠦᠨ ᠲᠤᠷᠰᠢᠳᠠ ᠠᠵᠢᠯ ᠬᠢᠵᠦ ᠪᠣᠯᠣᠨ᠎ᠠ᠃ ᠬᠠᠷᠢᠨ ᠳᠣᠯᠣᠳᠠᠬᠢ ᠡᠳᠦᠷ ᠨᠢ ᠪᠦᠷᠢᠨ ᠠᠮᠠᠷᠠᠯ ᠤᠨ ᠡᠳᠦᠷ ᠪᠥᠭᠡᠳ ᠶᠣᠬᠣᠸᠠ ᠳᠤ ᠵᠣᠷᠢᠭᠤᠯᠤᠭᠳᠠᠭᠰᠠᠨ ᠠᠷᠢᠭᠤᠨ ᠡᠳᠦᠷ ᠶᠤᠮ᠃ ᠠᠮᠠᠷᠠᠯ ᠤᠨ ᠡᠳᠦᠷ ᠠᠵᠢᠯ ᠬᠢᠭᠰᠡᠨ ᠬᠥᠮᠦᠨ ᠵᠠᠪᠠᠯ ᠦᠬᠦᠬᠦ ᠶᠣᠰᠣᠲᠠᠢ᠃ 16 ᠢᠰᠷᠧᠯᠴᠦᠳ ᠠᠮᠠᠷᠠᠯ ᠤᠨ ᠡᠳᠦᠷ ᠢ ᠰᠠᠬᠢᠵᠤ᠂ ᠠᠮᠠᠷᠠᠯ ᠤᠨ ᠡᠳᠦᠷ ᠢ ᠮᠥᠩᠬᠡ ᠶᠢᠨ ᠭᠡᠷ᠎ᠡ ᠪᠣᠯᠭᠠᠨ ᠦᠶ᠎ᠡ ᠶᠢᠨ ᠦᠶ᠎ᠡ ᠳᠦ ᠲᠡᠮᠳᠡᠭᠯᠡᠬᠦ ᠶᠣᠰᠣᠲᠠᠢ᠃〉 17 ᠡᠨᠡ ᠨᠢ ᠪᠢ ᠪᠣᠯᠣᠨ ᠢᠰᠷᠧᠯᠴᠦᠳ ᠦᠨ ᠬᠣᠭᠣᠷᠣᠨᠳᠣ ᠮᠥᠩᠬᠡᠳᠡ ᠪᠠᠢᠬᠤ ᠲᠡᠮᠳᠡᠭ ᠶᠤᠮ᠃ ᠤᠴᠢᠷ ᠨᠢ ᠵᠢᠷᠭᠤᠭᠠᠨ ᠡᠳᠦᠷ ᠦᠨ ᠲᠤᠷᠰᠢᠳᠠ ᠶᠣᠬᠣᠸᠠ ᠲᠩᠷᠢ ᠭᠠᠵᠠᠷ ᠢ ᠪᠦᠲᠦᠭᠡᠵᠦ᠂ ᠳᠣᠯᠣᠳᠠᠬᠢ ᠡᠳᠦᠷ ᠲᠦ ᠠᠵᠢᠯ ᠢᠶᠠᠨ ᠵᠣᠭᠰᠣᠵᠤ ᠠᠮᠤᠰᠬᠬᠢᠭᠰᠠᠨ ᠪᠢᠯᠡ》 ᠭᠡᠪᠡ᠃
18 ᠶᠣᠬᠣᠸᠠ ᠮᠣᠰᠧ ᠲᠠᠢ ᠰᠢᠨᠠᠢ ᠠᠭᠤᠯᠠᠨ ᠳᠡᠭᠡᠷ᠎ᠡ ᠶᠠᠷᠢᠯᠴᠠᠵᠤ ᠳᠠᠭᠤᠰᠤᠭᠠᠳ ᠴᠢᠯᠠᠭᠤᠨ ᠬᠠᠪᠲᠠᠰᠤᠨ ᠳᠡᠭᠡᠷ᠎ᠡ ᠬᠤᠷᠤᠭᠤ ᠪᠠᠷ ᠢᠶᠠᠨ ᠪᠢᠴᠢᠭᠰᠡᠨ ᠬᠣᠶᠠᠷ ᠭᠡᠷᠡᠴᠢᠯᠡᠯ ᠦᠨ ᠬᠠᠪᠲᠠᠰᠤ ᠶᠢ ᠲᠡᠭᠦᠨ ᠳᠦ ᠥᠭᠴᠡᠢ᠃