ᠭᠡᠲᠦᠯᠦᠯ ᠠᠷᠪᠠᠨ ᠲᠠᠪᠤ
ᠮᠣᠰᠧ ᠶᠢᠨ ᠳᠠᠭᠤᠯᠠᠯ᠂ ᠮᠢᠷᠢᠶᠠᠮ ᠤᠨ ᠳᠠᠭᠤᠯᠠᠯ
1 ᠲᠡᠭᠡᠭᠡᠳ ᠮᠣᠰᠧ ᠪᠠ ᠢᠰᠷᠧᠯᠴᠦᠳ ᠶᠣᠬᠣᠸᠠ ᠳᠤ ᠡᠨᠡ ᠳᠠᠭᠤᠤ ᠶᠢ ᠳᠠᠭᠤᠯᠠᠵᠠᠢ᠄ 《ᠶᠣᠬᠣᠸᠠ ᠳᠤ ᠪᠢ ᠳᠠᠭᠤᠤ ᠳᠠᠭᠤᠯᠠᠨ᠎ᠠ ᠲᠡᠷᠡ ᠪᠣᠯ ᠢᠷᠠᠭᠤ ᠠᠯᠳᠠᠷᠲᠤ ᠢᠯᠠᠭᠴᠢ ᠲᠡᠷᠡ ᠪᠡᠷ ᠬᠥᠯᠥᠭᠲᠦ ᠳᠠᠢᠴᠢᠳ ᠢ ᠬᠦᠯᠦᠭ ᠲᠡᠢ ᠨᠢ ᠳᠠᠯᠠᠢ ᠳᠤ ᠬᠠᠶᠠᠭᠰᠠᠨ
2 ᠶᠣᠬᠣᠸᠠ ᠪᠣᠯ ᠮᠢᠨᠦ ᠬᠦᠴᠦ ᠴᠢᠳᠠᠯ᠂ ᠮᠢᠨᠦ ᠳᠠᠭᠤᠯᠠᠯ ᠲᠡᠷᠡ ᠪᠣᠯ ᠮᠢᠨᠦ ᠠᠪᠤᠷᠠᠯ ᠲᠡᠷᠡ ᠪᠣᠯ ᠮᠢᠨᠦ ᠪᠤᠷᠬᠠᠨ᠂ ᠪᠢ ᠲᠡᠭᠦᠨ ᠢ ᠮᠠᠭᠲᠠᠨ᠎ᠠ ᠲᠡᠷᠡ ᠪᠣᠯ ᠮᠢᠨᠦ ᠡᠴᠢᠭᠡ ᠶᠢᠨ ᠪᠤᠷᠬᠠᠨ᠂ ᠪᠢ ᠲᠡᠭᠦᠨ ᠢ ᠳᠡᠭᠡᠳᠦᠯᠡᠨ᠎ᠡ᠃
3 ᠶᠣᠬᠣᠸᠠ ᠪᠣᠯ ᠳᠠᠢᠴᠢᠨ ᠪᠠᠭᠠᠲᠤᠷ ᠲᠡᠭᠦᠨ ᠦ ᠨᠡᠷ᠎ᠡ ᠶᠣᠬᠣᠸᠠ᠃
4 ᠹᠠᠷᠠᠣ᠋ ᠶᠢᠨ ᠲᠡᠷᠭᠡ ᠨᠦᠭᠦᠳ ᠢ ᠴᠡᠷᠢᠭ ᠲᠠᠢ ᠨᠢ ᠬᠠᠮᠲᠤ ᠳᠠᠯᠠᠢ ᠳᠤ ᠴᠢᠯᠠᠭᠤᠳᠠᠵᠤ ᠹᠠᠷᠠᠣ᠋ ᠶᠢᠨ ᠰᠢᠯᠢᠳᠡᠭ ᠨᠣᠶᠠᠳ ᠢ ᠤᠯᠠᠭᠠᠨ ᠲᠠᠩᠭᠢᠰ ᠲᠤ ᠵᠢᠪᠪᠦᠭᠦᠯᠦᠭᠰᠡᠨ᠃
5 ᠭᠦᠨ ᠤᠰᠤ ᠪᠦᠷᠬᠦᠭᠰᠡᠨ ᠳᠦ ᠲᠡᠳᠡ ᠬᠦᠨᠳᠦ ᠴᠢᠯᠠᠭᠤ ᠰᠢᠭ᠋ ᠢᠶᠠᠷ ᠭᠦᠨ ᠤᠷᠤᠭᠤ ᠵᠢᠪᠪᠦᠭᠰᠡᠨ᠃
6 ᠶᠣᠬᠣᠸᠠ᠂ ᠲᠠᠨ ᠤ ᠪᠠᠷᠠᠭᠤᠨ ᠮᠤᠲᠤᠷ ᠶᠠᠭᠤᠲᠠᠢ ᠰᠦᠷ ᠲᠡᠢ᠂ ᠶᠠᠭᠤᠲᠠᠢ ᠬᠦᠴᠦ ᠲᠠᠢ ᠪᠤᠢ︕ ᠶᠣᠬᠣᠸᠠ᠂ ᠲᠠᠨ ᠤ ᠪᠠᠷᠠᠭᠤᠨ ᠮᠤᠲᠤᠷ ᠶᠠᠮᠠᠷ ᠴᠤ ᠳᠠᠢᠰᠤᠨ ᠢ ᠬᠡᠮᠬᠡᠯᠦᠨ᠎ᠡ᠃
7 ᠠᠭᠤᠤ ᠰᠦᠷ ᠬᠦᠴᠦ ᠪᠡᠷ ᠲᠠ ᠲᠡᠷᠰᠯᠡᠭᠴᠢᠳ ᠢ ᠳᠠᠷᠤᠵᠠᠢ ᠠᠰᠬᠠᠬᠤ ᠬᠢᠯᠢᠩ ᠤᠨ ᠲᠠᠨᠢ ᠴᠣᠭ ᠲᠤ ᠲᠡᠳᠡ ᠰᠦᠷᠡᠯ ᠮᠡᠲᠦ ᠰᠢᠲᠠᠵᠠᠢ᠃
8 ᠤᠰᠤ ᠬᠠᠮᠠᠷ ᠤᠨ ᠲᠠᠨᠢ ᠠᠮᠢᠰᠬᠤᠯ ᠢᠶᠠᠷ ᠤᠪᠤᠭᠠᠷᠠᠵᠤ ᠤᠷᠤᠰᠬᠠᠯ ᠨᠢ ᠬᠠᠨ᠎ᠠ ᠮᠡᠲᠦ ᠪᠣᠰᠣᠭᠰᠠᠨ ᠲᠠᠩᠭᠢᠰ ᠤᠨ ᠵᠢᠷᠦᠬᠡᠨ ᠳᠦ ᠭᠦᠨ ᠦ ᠤᠰᠤ ᠥᠳᠬᠡᠷᠡᠪᠡ᠃
9 ᠳᠠᠢᠰᠤᠨ ᠨᠤᠭᠤᠳ᠄ 〈ᠬᠥᠭᠡᠭᠡᠵᠦ ᠪᠠᠷᠢᠭᠠᠳ ᠣᠯᠵᠠ ᠪᠠᠨ ᠬᠤᠪᠢᠶᠠᠶᠠ ᠬᠦᠰᠡᠯ ᠪᠠᠬ᠎ᠠ ᠪᠠᠨ ᠲᠡᠳᠡᠨ ᠢᠶᠡᠷ ᠬᠠᠩ᠋ᠭᠠᠶᠠ ᠪᠢ ᠰᠡᠯᠡᠮ᠎ᠡ ᠪᠡᠨ ᠰᠤᠭᠤᠯᠤᠨ᠎ᠠ ᠮᠢᠨᠦ ᠭᠠᠷ ᠲᠡᠳᠡᠨ ᠢ ᠰᠥᠨᠥᠭᠡᠨ᠎ᠡ〉 ᠭᠡᠰᠡᠨ᠃
10 ᠬᠠᠷᠢᠨ ᠲᠠ᠄ 〈ᠠᠮᠢᠰᠬᠤᠯ ᠢᠶᠠᠨ ᠦᠯᠢᠶᠡᠨ ᠳᠠᠯᠠᠢ ᠶᠢ ᠲᠡᠳᠡᠨ ᠳᠦ ᠨᠥᠮᠥᠷᠥᠭᠦᠯᠪᠡ ᠠᠶᠤᠮᠰᠢᠭᠲᠤ ᠤᠰᠤᠨ ᠳᠤ ᠲᠡᠳᠡ ᠲᠤᠭᠤᠯᠭ᠎ᠠ ᠮᠡᠲᠦ ᠵᠢᠪᠪᠦᠪᠡ᠃
11 ᠶᠣᠬᠣᠸᠠ᠂ ᠪᠤᠷᠬᠠᠳ ᠤᠨ ᠳᠤᠮᠳᠠ ᠲᠠᠨ ᠰᠢᠭ᠋ ᠨᠢ ᠬᠡᠨ ᠪᠠᠢᠨ᠎ᠠ︖ ᠲᠠᠨ ᠰᠢᠭ᠋ ᠠᠷᠢᠭᠤᠨ ᠢᠶᠠᠷ ᠠᠯᠳᠠᠷᠰᠢᠭᠰᠠᠨ ᠨᠢ ᠬᠡᠨ ᠪᠠᠢᠨ᠎ᠠ︖ ᠲᠠ ᠮᠠᠭᠲᠠᠭᠳᠠᠭᠤᠰᠢᠲᠠᠢ᠂ ᠪᠠᠰᠠ ᠠᠶᠤᠮᠰᠢᠭ ᠲᠠᠢ ᠲᠠ ᠭᠠᠢᠬᠠᠮᠰᠢᠭ ᠤᠳ ᠢ ᠦᠢᠯᠡᠳᠬᠦ ᠴᠢᠳᠠᠯ ᠲᠠᠢ᠃
12 ᠲᠠ ᠪᠠᠷᠠᠭᠤᠨ ᠮᠤᠲᠤᠷ ᠢᠶᠠᠨ ᠰᠤᠩ᠋ᠭᠠᠭᠰᠠᠨ ᠳᠠᠢᠰᠤᠨ ᠢ ᠮᠢᠨᠢ ᠭᠠᠵᠠᠷ ᠵᠠᠯᠭᠢᠭᠰᠠᠨ᠃
13 ᠡᠨᠡᠷᠢᠩᠭᠦᠢ ᠬᠠᠢᠷ᠎ᠠ ᠪᠠᠷ ᠲᠠ ᠵᠣᠯᠢᠭᠰᠠᠨ ᠠᠷᠠᠳ ᠢᠶᠠᠨ ᠠᠮᠠᠷᠠᠭᠠᠨ᠎ᠠ ᠡᠷᠴᠢ ᠬᠦᠴᠦ ᠪᠡᠷ ᠲᠠ ᠠᠷᠢᠭᠤᠨ ᠰᠠᠭᠤᠴᠠᠨ ᠳᠠᠭᠠᠨ ᠣᠷᠣᠭᠤᠯᠤᠨ᠎ᠠ᠃
14 ᠦᠨᠳᠦᠰᠦᠲᠡᠨ ᠨᠦᠭᠦᠳ ᠰᠣᠨᠣᠰᠣᠭᠠᠳ ᠴᠡᠴᠡᠷᠡᠨ᠎ᠡ ᠹᠢᠯᠢᠰᠲ ᠤᠨ ᠰᠠᠭᠤᠭᠠᠯᠢᠴᠢᠳ ᠠᠢᠳᠠᠰ ᠲᠤ ᠠᠪᠲᠠᠨ᠎ᠠ᠃
15 ᠡᠳᠣᠮ ᠤᠨ ᠨᠣᠶᠠᠳ ᠰᠠᠨᠳᠤᠷᠤᠨ᠎ᠠ ᠮᠣᠶᠠᠪ ᠤᠨ ᠵᠠᠬᠢᠷᠤᠭᠴᠢᠳ ᠴᠡᠴᠡᠷᠡᠨ᠎ᠡ ᠺᠠᠨᠠᠨ ᠳᠤ ᠰᠠᠭᠤᠭᠴᠢᠳ ᠪᠦᠭᠦᠳᠡ ᠤᠬᠠᠭᠠᠨ ᠠᠯᠳᠠᠨ᠎ᠠ᠃
16 ᠲᠠᠨ ᠤ ᠠᠷᠠᠳ ᠥᠩᠭᠡᠷᠡᠲᠡᠯ᠎ᠡ ᠲᠠᠨ ᠤ ᠵᠣᠯᠢᠭᠰᠠᠨ ᠠᠷᠠᠳ ᠥᠩᠭᠡᠷᠡᠲᠡᠯ᠎ᠡ ᠠᠶᠤᠯ ᠠᠢᠳᠠᠰ ᠲᠡᠳᠡᠨ ᠳᠦ ᠪᠠᠭᠤᠨ᠎ᠠ ᠠᠭᠤᠤ ᠮᠤᠲᠤᠷ ᠤᠨ ᠲᠠᠨᠢ ᠬᠦᠴᠦᠨ ᠳᠦ ᠲᠡᠳᠡ ᠴᠢᠯᠠᠭᠤ ᠮᠡᠲᠦ ᠴᠢᠮᠡᠭᠡ ᠦᠭᠡᠢ ᠪᠠᠢᠬᠤ ᠪᠣᠯᠣᠨ᠎ᠠ᠃
17 ᠲᠠ ᠠᠷᠠᠳ ᠢᠶᠠᠨ ᠠᠪᠴᠢᠷᠠᠵᠤ ᠥᠪᠡᠷ ᠦᠨ ᠢᠶᠠᠨ ᠠᠭᠤᠯᠠᠨ ᠳᠡᠭᠡᠷ᠎ᠡ ᠥᠪᠡᠷ ᠦᠨ ᠰᠠᠭᠤᠴᠠ ᠪᠣᠯᠭᠠᠭᠰᠠᠨ ᠭᠠᠵᠠᠷ ᠲᠤ ᠥᠪᠡᠷ ᠦᠨ ᠮᠤᠲᠤᠷ ᠢᠶᠠᠷ ᠪᠡᠯᠡᠳᠬᠡᠭᠰᠡᠨ ᠠᠷᠢᠭᠤᠨ ᠭᠠᠵᠠᠷ ᠲᠤ ᠰᠠᠭᠤᠯᠭᠠᠬᠤ ᠪᠣᠯᠣᠨ᠎ᠠ᠂ ᠥ᠂ ᠡᠵᠡᠨ᠃
18 ᠶᠣᠬᠣᠸᠠ ᠡᠭᠦᠷᠢᠳᠡ ᠮᠥᠩᠬᠡᠳᠡ ᠬᠠᠭᠠᠨᠴᠢᠯᠠᠨ᠎ᠠ᠃》
19 ᠹᠠᠷᠠᠣ᠋ ᠶᠢᠨ ᠮᠣᠷᠢ᠂ ᠲᠡᠷᠭᠡ ᠪᠠ ᠮᠣᠷᠢᠲᠤ ᠴᠡᠷᠢᠭ ᠤᠳ ᠳᠠᠯᠠᠢ ᠤᠷᠤᠭᠤ ᠣᠷᠣᠬᠤ ᠳᠤ᠂ ᠶᠣᠬᠣᠸᠠ ᠲᠡᠳᠡᠨ ᠦ ᠳᠡᠭᠡᠷ᠎ᠡ ᠳᠠᠯᠠᠢ ᠶᠢᠨ ᠤᠰᠤ ᠶᠢ ᠡᠷᠭᠢᠭᠦᠯᠵᠦ ᠪᠠᠭᠤᠯᠭᠠᠪᠠ᠃ ᠬᠠᠷᠢᠨ ᠢᠰᠷᠧᠯᠴᠦᠳ ᠳᠠᠯᠠᠢ ᠳᠤᠮᠳᠠᠬᠢ ᠬᠠᠭᠤᠷᠠᠢ ᠭᠠᠵᠠᠷ ᠢᠶᠠᠷ ᠠᠯᠬᠤᠵᠤ ᠭᠠᠷᠤᠭᠰᠠᠨ ᠪᠠᠢᠨ᠎ᠠ᠃
20 ᠠᠷᠣᠨ ᠤ ᠡᠭᠡᠴᠢ᠂ ᠡᠰᠢ ᠦᠵᠡᠭᠦᠯᠦᠭᠴᠢ ᠮᠢᠷᠢᠶᠠᠮ ᠭᠠᠷ ᠲᠠᠭᠠᠨ ᠪᠥᠮᠪᠥᠷ ᠠᠪᠬᠤ ᠳᠤ᠂ ᠡᠮᠡᠭᠲᠡᠢᠴᠦᠳ ᠪᠦᠭᠦᠳᠡᠭᠡᠷ ᠪᠥᠮᠪᠥᠷ ᠠᠪᠴᠤ᠂ ᠲᠡᠭᠦᠨ ᠢ ᠳᠠᠭᠠᠵᠤ ᠭᠠᠷᠤᠨ ᠪᠥᠵᠢᠭᠯᠡᠵᠦ᠂ 21 ᠮᠢᠷᠢᠶᠠᠮ ᠳᠠᠭᠤᠯᠠᠨ᠄ 《ᠶᠣᠬᠣᠸᠠ ᠳᠤ ᠳᠠᠭᠤᠤ ᠳᠠᠭᠤᠯᠠᠵᠠᠭᠠᠶ᠎ᠠ ᠲᠡᠷᠡ ᠪᠣᠯ ᠢᠷᠠᠭᠤ ᠠᠯᠳᠠᠷᠲᠤ ᠢᠯᠠᠭᠴᠢ ᠲᠡᠷᠡ ᠪᠡᠷ ᠬᠥᠯᠥᠭᠲᠦ ᠳᠠᠢᠴᠢᠳ ᠢ ᠬᠦᠯᠦᠭ ᠲᠡᠢ ᠨᠢ ᠳᠠᠯᠠᠢ ᠳᠤ ᠬᠠᠶᠠᠭᠰᠠᠨ》 ᠭᠡᠪᠡ᠃
ᠮᠠᠷᠠ ᠶᠢᠨ ᠤᠰᠤ᠂ ᠡᠯᠢᠮ ᠤᠨ ᠤᠰᠤ
22 ᠮᠣᠰᠧ ᠢᠰᠷᠧᠯᠴᠦᠳ ᠢ ᠤᠳᠤᠷᠢᠳᠴᠤ᠂ ᠲᠡᠳᠡ ᠤᠯᠠᠭᠠᠨ ᠲᠠᠩᠭᠢᠰ ᠠᠴᠠ ᠱᠦᠷ ᠦᠨ ᠴᠥᠯ ᠤᠷᠤᠭᠤ ᠣᠷᠣᠪᠠ᠃ ᠲᠡᠳᠡ ᠴᠥᠯ ᠢᠶᠡᠷ ᠭᠤᠷᠪᠠᠨ ᠡᠳᠦᠷ ᠶᠠᠪᠤᠭᠰᠠᠨ ᠪᠣᠯᠪᠠᠴᠤ ᠤᠰᠤ ᠣᠯᠣᠭᠰᠠᠨ ᠦᠭᠡᠢ᠃ 23 ᠮᠠᠷᠠ ᠳᠤ ᠢᠷᠡᠭᠡᠳ ᠣᠯᠣᠭᠰᠠᠨ ᠤᠰᠤ ᠨᠢ ᠭᠠᠰᠢᠭᠤᠨ ᠪᠣᠯᠬᠣᠷ ᠤᠤᠭᠤᠵᠤ ᠴᠢᠳᠠᠭᠰᠠᠨ ᠦᠭᠡᠢ᠃ ᠡᠢᠮᠦ ᠡᠴᠡ ᠲᠡᠷᠡ ᠭᠠᠵᠠᠷ ᠮᠠᠷᠠ 10 ᠭᠡᠰᠡᠨ ᠨᠡᠷ᠎ᠡ ᠲᠠᠢ ᠪᠣᠯᠵᠠᠢ᠃ 24 ᠠᠷᠠᠳ ᠲᠦᠮᠡᠨ ᠮᠣᠰᠧ ᠳᠤ ᠭᠣᠮᠣᠳᠠᠯᠯᠠᠨ᠄ 《ᠪᠢᠳᠡ ᠶᠠᠭᠤ ᠤᠤᠭᠤᠬᠤ ᠪᠤᠢ︖》 ᠭᠡᠵᠡᠭᠡᠪᠡ᠃ 25 ᠮᠣᠰᠧ ᠶᠣᠬᠣᠸᠠ ᠳᠤ ᠬᠠᠰᠬᠢᠷᠤᠭᠰᠠᠨ ᠳᠤ᠂ ᠶᠣᠬᠣᠸᠠ ᠲᠡᠭᠦᠨ ᠳᠦ ᠨᠢᠭᠡ ᠮᠣᠳᠣ ᠶᠢ ᠵᠢᠭᠠᠵᠤ ᠥᠭᠪᠡ᠃
26 《ᠬᠡᠷᠪᠡ ᠲᠠ ᠨᠠᠷ ᠶᠣᠬᠣᠸᠠ ᠪᠤᠷᠬᠠᠨ ᠤ ᠪᠠᠨ ᠳᠠᠭᠤ ᠬᠣᠭᠣᠯᠠᠢ ᠶᠢ ᠠᠩ᠋ᠬᠠᠷᠤᠯ ᠲᠠᠢ ᠰᠣᠨᠣᠰᠴᠤ᠂ ᠮᠢᠨᠦ ᠮᠡᠯᠮᠡᠢ ᠳᠦ ᠵᠥᠪ ᠢ ᠦᠢᠯᠡᠳᠦᠨ᠂ ᠲᠤᠰᠢᠶᠠᠯ ᠤᠳ ᠲᠤ ᠮᠢᠨᠢ ᠴᠢᠬᠢ ᠲᠠᠯᠪᠢᠵᠤ᠂ ᠵᠢᠭᠠᠪᠤᠷᠢ ᠪᠣᠯᠭᠠᠨ ᠢ ᠮᠢᠨᠢ ᠰᠠᠬᠢᠪᠠᠯ᠂ ᠪᠢ ᠶᠧᠵᠢᠫᠲ᠋ᠴᠦᠳ ᠲᠦ ᠪᠠᠭᠤᠯᠭᠠᠭᠰᠠᠨ ᠡᠪᠡᠳᠴᠢᠨ ᠨᠦᠭᠦᠳ ᠡᠴᠡ ᠨᠢᠭᠡ ᠶᠢ ᠨᠢ ᠴᠤ ᠲᠠ ᠨᠠᠷ ᠲᠤ ᠪᠠᠭᠤᠯᠭᠠᠬᠤ ᠦᠭᠡᠢ᠃ ᠪᠢ ᠪᠣᠯ ᠶᠣᠬᠣᠸᠠ᠂ ᠴᠢᠮᠠᠶᠢ ᠡᠳᠡᠭᠡᠭᠡᠭᠴᠢ ᠪᠢᠯᠡ》 ᠭᠡᠪᠡ᠃
27 ᠲᠡᠳᠡ ᠡᠯᠢᠮ 11 ᠳᠤ ᠬᠦᠷᠴᠡᠢ᠂ ᠲᠡᠨᠳᠡ ᠠᠷᠪᠠᠨ ᠬᠣᠶᠠᠷ ᠱᠠᠩᠳᠠ᠂ ᠳᠠᠯᠠᠨ ᠳ᠋ᠠᠯ ᠮᠣᠳᠣ ᠪᠠᠢᠪᠠ᠃ ᠲᠡᠳᠡ ᠲᠡᠨᠳᠡᠬᠢ ᠶᠢᠨ ᠤᠰᠤᠨ ᠤ ᠳᠡᠷᠭᠡᠳᠡ ᠪᠠᠭᠤᠳᠠᠯᠯᠠᠪᠠ᠃