1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠠᠷᠪᠠᠨ ᠬᠣᠶᠠᠷ
 ᠭᠡᠲᠦᠯᠭᠡᠭᠰᠡᠨ ᠦ ᠪᠠᠶᠠᠷ ᠤᠨ ᠶᠣᠰᠣ ᠵᠢᠷᠤᠮ

1 ᠶᠣᠬᠣᠸᠠ ᠶᠧᠵᠢᠫᠲ ᠲᠤ ᠮᠣᠰᠧ᠂ ᠠᠷᠣᠨ ᠬᠣᠶᠠᠷ ᠲᠤ᠄ 2 《ᠲᠠ ᠨᠠᠷ ᠡᠨᠡ ᠰᠠᠷ᠎ᠠ ᠶᠢ ᠨᠢᠭᠡᠳᠦᠭᠡᠷ ᠰᠠᠷ᠎ᠠ᠂ ᠵᠢᠯ ᠤᠨ ᠲᠡᠷᠢᠭᠦᠨ ᠰᠠᠷ᠎ᠠ ᠪᠠᠨ ᠪᠣᠯᠭᠠᠭᠠᠷᠠᠢ᠃ 3 ᠪᠦᠬᠦ ᠢᠰᠷᠧᠯ ᠤᠨ ᠨᠡᠢᠲᠡ ᠴᠢᠭᠤᠯᠭᠠᠨ ᠳᠤ ᠡᠢᠨ ᠬᠦ ᠬᠡᠯᠡ᠄ 〈ᠡᠨᠡ ᠰᠠᠷ᠎ᠠ ᠶᠢᠨ ᠠᠷᠪᠠᠨ ᠳᠤ ᠡᠴᠢᠭᠡ ᠶᠢᠨ ᠪᠦᠯᠢ ᠶᠢᠨ ᠢᠶᠠᠨ ᠲᠥᠯᠥᠭᠡ ᠬᠤᠷᠠᠭ᠎ᠠ ᠶᠢ᠂ ᠭᠡᠷ ᠪᠣᠯᠭᠠᠨ ᠨᠢᠭᠡ ᠬᠤᠷᠠᠭ᠎ᠠ ᠶᠢ ᠠᠪ᠃ 4 ᠬᠡᠷᠪᠡ ᠠᠮᠠ ᠪᠦᠯᠢ ᠴᠥᠭᠡᠬᠦᠯᠡ᠂ ᠪᠦᠲᠦᠨ ᠬᠤᠷᠠᠭ᠎ᠠ ᠢᠳᠡᠵᠦ ᠪᠠᠷᠠᠬᠤ ᠦᠭᠡᠢ ᠭᠡᠷ ᠪᠦᠯᠢ ᠪᠣᠯ ᠣᠢᠷ᠎ᠠ ᠬᠥᠷᠰᠢ ᠲᠠᠢ ᠪᠠᠨ ᠬᠥᠮᠦᠨ ᠦ ᠲᠣᠭ᠎ᠠ ᠪᠠᠷ᠂ ᠬᠥᠮᠦᠨ ᠪᠦᠷᠢ ᠶᠢᠨ ᠢᠳᠡᠬᠦ ᠬᠡᠮᠵᠢᠶ᠎ᠡ ᠪᠡᠷ ᠲᠣᠭᠠᠴᠠᠭᠠᠯᠠᠵᠤ ᠬᠤᠷᠠᠭ᠎ᠠ ᠪᠠᠨ ᠬᠤᠪᠢᠶᠠ᠃ 5 ᠡᠭᠦᠨ ᠦ ᠲᠥᠯᠥᠭᠡ ᠲᠠ ᠨᠠᠷ ᠬᠣᠨᠢ ᠪᠤᠶᠤ ᠢᠮᠠᠭᠠᠨ ᠠᠴᠠ ᠥ ᠰᠡᠪ ᠦᠭᠡᠢ᠂ ᠨᠢᠭᠡ ᠨᠠᠰᠤᠲᠠᠢ ᠡᠷ᠎ᠡ ᠲᠥᠯ ᠢ ᠰᠣᠩ᠋ᠭᠣᠬᠤ ᠶᠣᠰᠣᠲᠠᠢ᠃ 6 ᠡᠭᠦᠨ ᠢ ᠲᠤᠰ ᠰᠠᠷ᠎ᠠ ᠶᠢᠨ ᠠᠷᠪᠠᠨ ᠳᠥᠷᠪᠡᠨ ᠬᠦᠷᠲᠡᠯ᠎ᠡ ᠪᠠᠢᠯᠭᠠᠵᠤ᠂ ᠨᠠᠷᠠ ᠰᠢᠩᠭᠡᠬᠦ ᠡᠴᠡ ᠡᠮᠦᠨ᠎ᠡ 7 ᠢᠰᠷᠧᠯ ᠤᠨ ᠨᠡᠢᠲᠡ ᠴᠢᠭᠤᠯᠭᠠᠨ ᠤ ᠬᠢᠨ ᠴᠥᠮ ᠢᠶᠡᠷ ᠢᠶᠠᠨ ᠬᠤᠷᠠᠭ᠎ᠠ ᠪᠠᠨ ᠨᠢᠲᠤᠯ᠃ 7 ᠲᠡᠳᠡ ᠪᠠᠰᠠ ᠴᠢᠰᠤᠨ ᠠᠴᠠ ᠨᠢ ᠠᠪᠴᠤ᠂ ᠲᠡᠷᠡ ᠬᠦ ᠬᠤᠷᠠᠭ᠎ᠠ ᠶᠢ ᠢᠳᠡᠬᠦ ᠠᠢᠯ ᠤᠨ ᠬᠠᠭᠠᠯᠭᠠᠨ ᠤ ᠪᠠᠷᠠᠭᠤᠨ ᠵᠡᠭᠦᠨ ᠬᠠᠲᠠᠪᠴᠢ ᠪᠠ ᠲᠣᠲᠣᠭᠣᠨ ᠳᠤ ᠨᠢᠯᠠᠬᠤ ᠶᠣᠰᠣᠲᠠᠢ᠃ 8 ᠲᠡᠷᠡ ᠰᠥᠨᠢ ᠳᠡᠭᠡᠨ ᠲᠡᠳᠡ ᠮᠢᠬ᠎ᠠ ᠶᠢ ᠨᠢ ᠭᠠᠯ ᠳᠤ ᠰᠢᠷᠠᠵᠤ᠂ ᠢᠰᠭᠡᠭᠡ ᠦᠭᠡᠢ ᠪᠣᠣᠪᠣ ᠪᠠ ᠭᠠᠰᠢᠭᠤᠨ ᠨᠣᠭᠣᠭ᠎ᠠ ᠲᠠᠢ ᠬᠠᠮᠲᠤ ᠢᠳᠡᠬᠦ ᠶᠣᠰᠣᠲᠠᠢ᠃ 9 ᠮᠢᠬᠠᠨ ᠤ ᠠᠯᠢ ᠴᠤ ᠬᠡᠰᠡᠭ ᠢ ᠲᠦᠭᠦᠬᠡᠢ ᠪᠠᠷ᠂ ᠡᠰᠡᠪᠡᠯ ᠤᠰᠤᠨ ᠳᠤ ᠴᠢᠨᠠᠵᠤ ᠢᠳᠡᠵᠦ ᠪᠣᠯᠬᠤ ᠦᠭᠡᠢ᠃ ᠲᠣᠯᠣᠭᠠᠢ᠂ ᠬᠥᠯ᠂ ᠭᠡᠳᠡᠰᠦ ᠳᠣᠲᠣᠷ ᠢ ᠨᠢ ᠭᠠᠯ ᠳᠤ ᠰᠢᠷᠠᠵᠤ ᠢᠳᠡ᠃ 10 ᠠᠯᠢ ᠴᠤ ᠬᠡᠰᠡᠭ ᠢ ᠨᠢ ᠥᠷᠯᠥᠭᠡ ᠪᠣᠯᠲᠠᠯ᠎ᠠ ᠪᠦᠦ ᠦᠯᠡᠳᠡᠭᠡ᠃ ᠥᠷᠯᠥᠭᠡ ᠪᠣᠯᠬᠤ ᠳᠤ ᠦᠯᠡᠳᠡᠭᠰᠡᠨ ᠢ ᠨᠢ ᠭᠠᠯ ᠳᠤ ᠰᠢᠲᠠᠭ᠎ᠠ᠃ 11 ᠲᠠ ᠨᠠᠷ ᠲᠡᠭᠦᠨ ᠢ ᠢᠳᠡᠬᠦ ᠳᠡᠭᠡᠨ ᠡᠢᠨ ᠬᠦ ᠢᠳᠡ᠄ ᠪᠡᠯᠬᠡᠭᠦᠰᠦᠨ ᠳᠡᠭᠡᠨ ᠪᠦᠰᠡ ᠲᠠᠢ᠂ ᠬᠥᠯ ᠳᠡᠭᠡᠨ ᠭᠤᠲᠤᠯ ᠲᠠᠢ᠂ ᠭᠠᠷ ᠲᠠᠭᠠᠨ ᠲᠠᠶᠠᠭ ᠲᠠᠢ ᠪᠠᠢᠵᠤ ᠶᠠᠭᠠᠷᠠᠪᠴᠢᠯᠠᠨ ᠢᠳᠡ᠃ ᠶᠣᠬᠣᠸᠠ ᠶᠢᠨ ᠭᠡᠲᠦᠯᠭᠡᠬᠦ ᠪᠠᠶᠠᠷ ᠨᠢ ᠡᠨᠡ ᠶᠤᠮ᠃ 12 ᠲᠡᠷᠡ ᠰᠥᠨᠢ ᠪᠢ ᠶᠧᠵᠢᠫᠲ ᠣᠷᠣᠨ ᠳᠠᠶᠠᠭᠠᠷ ᠥᠩᠭᠡᠷᠡᠵᠦ᠂ ᠶᠧᠵᠢᠫᠲ ᠤᠨ ᠨᠤᠲᠤᠭ ᠳᠠᠬᠢ ᠤᠤᠭᠠᠨ ᠪᠦᠭᠦᠳᠡ ᠶᠢ ᠬᠥᠮᠦᠨ ᠠᠮᠢᠲᠠᠨ ᠭᠡᠵᠦ ᠢᠯᠭᠠᠯ ᠦᠭᠡᠢ ᠴᠣᠬᠢᠵᠤ᠂ ᠶᠧᠵᠢᠫᠲ ᠤᠨ ᠪᠤᠷᠬᠠᠳ ᠪᠦᠭᠦᠳᠡ ᠳᠦ ᠰᠢᠳᠬᠡᠯ ᠪᠠᠭᠤᠯᠭᠠᠨ᠎ᠠ᠃ ᠪᠢ ᠪᠣᠯ ᠶᠣᠬᠣᠸᠠ᠃ 13 ᠴᠢᠰᠤ ᠨᠢ ᠭᠡᠷ ᠦᠨ ᠴᠢᠨᠢ ᠳᠡᠭᠡᠷ᠎ᠡ ᠲᠠ ᠨᠠᠷ ᠲᠤ ᠲᠡᠮᠳᠡᠭ ᠪᠣᠯᠣᠨ᠎ᠠ᠃ ᠪᠢ ᠲᠡᠷᠡ ᠴᠢᠰᠤ ᠶᠢ ᠬᠠᠷᠠᠭᠠᠳ ᠲᠠ ᠨᠠᠷ ᠤᠨ ᠳᠡᠭᠡᠭᠦᠷ ᠥᠩᠭᠡᠷᠡᠨ᠎ᠡ᠃ ᠪᠢ ᠶᠧᠵᠢᠫᠲ ᠨᠤᠲᠤᠭ ᠢ ᠴᠣᠬᠢᠬᠤ ᠳᠤ᠂ ᠲᠠ ᠨᠠᠷ ᠰᠦᠢᠷᠡᠯ ᠦᠨ ᠭᠠᠮᠰᠢᠭ ᠲᠤ ᠡᠰᠡ ᠥᠷᠲᠥᠨ᠎ᠡ᠃

14 ᠡᠨᠡ ᠡᠳᠦᠷ ᠨᠢ ᠲᠠ ᠨᠠᠷ ᠲᠤ ᠳᠤᠷᠠᠰᠬᠠᠯ ᠤᠨ ᠡᠳᠦᠷ ᠶᠤᠮ᠃ ᠲᠠ ᠨᠠᠷ ᠡᠭᠦᠨ ᠢ ᠶᠣᠬᠣᠸᠠ ᠶᠢᠨ ᠪᠠᠶᠠᠷ ᠪᠣᠯᠭᠠᠨ ᠲᠡᠮᠳᠡᠭᠯᠡᠬᠦ ᠤᠴᠢᠷᠲᠠᠢ᠃ ᠡᠭᠦᠨ ᠢ ᠲᠠ ᠨᠠᠷ ᠪᠠᠢᠩ᠋ᠭᠤ ᠶᠢᠨ ᠵᠢᠷᠤᠮ ᠪᠣᠯᠭᠠᠨ ᠦᠶ᠎ᠡ ᠶᠢᠨ ᠦᠶ᠎ᠡ ᠳᠦ ᠲᠡᠮᠳᠡᠭᠯᠡᠭᠡᠷᠡᠢ᠃ 15 ᠲᠠ ᠨᠠᠷ ᠳᠣᠯᠣᠭᠠᠨ ᠡᠳᠦᠷ ᠦᠨ ᠲᠤᠷᠰᠢ ᠢᠰᠭᠡᠭᠡ ᠦᠭᠡᠢ ᠪᠣᠣᠪᠣ ᠢᠳᠡᠬᠦ ᠤᠴᠢᠷᠲᠠᠢ᠃ ᠡᠬᠢᠨ ᠤ ᠡᠳᠦᠷ ᠲᠦ ᠢᠰᠭᠡᠭᠦᠷ ᠢ ᠭᠡᠷ ᠡᠴᠡ ᠪᠡᠨ ᠵᠠᠢᠯᠠᠭᠤᠯ᠃ ᠡᠬᠢᠨ ᠤ ᠡᠳᠦᠷ ᠡᠴᠡ ᠳᠣᠯᠣᠳᠠᠬᠢ ᠡᠳᠦᠷ ᠬᠦᠷᠲᠡᠯᠡᠬᠢ ᠬᠤᠭᠤᠴᠠᠭᠠᠨ ᠳᠤ ᠢᠰᠭᠡᠭᠰᠡᠨ ᠵᠦᠢᠯ ᠢ ᠢᠳᠡᠭᠴᠢ ᠨᠢ ᠢᠰᠷᠧᠯ ᠡᠴᠡ ᠲᠠᠰᠤᠯᠤᠭᠳᠠᠬᠤ ᠪᠣᠯᠣᠨ᠎ᠠ᠃ 16 ᠡᠬᠢᠨ ᠤ ᠡᠳᠦᠷ ᠪᠣᠯᠣᠨ ᠳᠣᠯᠣᠳᠠᠬᠢ ᠡᠳᠦᠷ ᠨᠢ ᠠᠷᠢᠭᠤᠨ ᠴᠤᠭᠯᠠᠭᠠᠨ ᠲᠠᠢ᠃ ᠲᠠ ᠨᠠᠷ ᠡᠨᠡ ᠡᠳᠦᠷ ᠤᠳ ᠲᠤ ᠬᠥᠮᠦᠨ ᠪᠦᠷᠢ ᠶᠢᠨ ᠢᠳᠡᠬᠦ ᠶᠠᠭᠤᠮ᠎ᠠ ᠶᠢ ᠪᠡᠯᠡᠳᠬᠡᠬᠦ ᠡᠴᠡ ᠥᠭᠡᠷ᠎ᠡ ᠶᠠᠮᠠᠷ ᠴᠤ ᠠᠵᠢᠯ ᠪᠦᠦ ᠬᠢ᠃ 17 ᠲᠠ ᠨᠠᠷ ᠡᠨᠡ ᠢᠰᠭᠡᠭᠡ ᠦᠭᠡᠢ ᠪᠣᠣᠪᠣ ᠶᠢᠨ ᠪᠠᠶᠠᠷ ᠢ ᠲᠡᠮᠳᠡᠭᠯᠡ᠃ ᠶᠠᠭ ᠡᠨᠡ ᠡᠳᠦᠷ ᠪᠢ ᠲᠠ ᠨᠠᠷ ᠢ ᠠᠩ᠋ᠭᠢ ᠠᠩ᠋ᠭᠢ ᠪᠠᠷ ᠨᠢ ᠶᠧᠵᠢᠫᠲ ᠤᠨ ᠭᠠᠵᠠᠷ ᠠᠴᠠ ᠭᠠᠷᠭᠠᠭᠰᠠᠨ ᠶᠤᠮ᠃ ᠲᠡᠢᠮᠦ ᠡᠴᠡ ᠲᠠ ᠨᠠᠷ ᠡᠨᠡ ᠡᠳᠦᠷ ᠢ ᠪᠠᠢᠩ᠋ᠭᠤ ᠶᠢᠨ ᠵᠢᠷᠤᠮ ᠪᠣᠯᠭᠠᠨ ᠦᠶ᠎ᠡ ᠶᠢᠨ ᠦᠶ᠎ᠡ ᠳᠦ ᠲᠡᠮᠳᠡᠭᠯᠡᠭᠡᠷᠡᠢ᠃ 18 ᠲᠠ ᠨᠠᠷ ᠲᠡᠷᠢᠭᠦᠨ ᠰᠠᠷ᠎ᠠ ᠶᠢᠨ ᠠᠷᠪᠠᠨ ᠳᠥᠷᠪᠡᠨ ᠦ ᠦᠳᠡᠰᠢ ᠡᠴᠡ ᠬᠣᠷᠢᠨ ᠨᠢᠭᠡᠨ ᠦ ᠦᠳᠡᠰᠢ ᠬᠦᠷᠲᠡᠯ᠎ᠡ ᠢᠰᠭᠡᠭᠡ ᠦᠭᠡᠢ ᠪᠣᠣᠪᠣ ᠢᠳᠡᠬᠦ ᠶᠣᠰᠣᠲᠠᠢ᠃ 19 ᠳᠣᠯᠣᠭᠠᠨ ᠡᠳᠦᠷ ᠦᠨ ᠲᠤᠷᠰᠢ ᠠᠢᠯ ᠭᠡᠷ ᠤᠳ ᠲᠡᠭᠡᠨ ᠶᠠᠮᠠᠷ ᠴᠤ ᠢᠰᠭᠡᠭᠦᠷ ᠪᠦᠦ ᠪᠠᠢᠯᠭ᠎ᠠ᠃ ᠢᠰᠭᠡᠭᠰᠡᠨ ᠶᠠᠮᠠᠷ ᠨᠢᠭᠡ ᠶᠠᠭᠤᠮ᠎ᠠ ᠶᠢ ᠢᠳᠡᠭᠰᠡᠨ ᠭᠠᠳᠠᠨ᠎ᠠ ᠶᠢᠨ ᠬᠥᠮᠦᠨ ᠴᠤ᠂ ᠤᠤᠭᠠᠯ ᠬᠥᠮᠦᠨ ᠴᠤ ᠢᠰᠷᠧᠯ ᠤᠨ ᠨᠡᠢᠲᠡ ᠴᠢᠭᠤᠯᠭᠠᠨ ᠠᠴᠠ ᠲᠠᠰᠤᠯᠤᠭᠳᠠᠬᠤ ᠪᠣᠯᠣᠨ᠎ᠠ᠃ 20 ᠡᠨᠡ ᠬᠤᠭᠤᠴᠠᠭᠠᠨ ᠳᠤ ᠲᠠ ᠨᠠᠷ ᠢᠰᠭᠡᠭᠰᠡᠨ ᠶᠠᠮᠠᠷ ᠴᠤ ᠶᠠᠭᠤᠮ᠎ᠠ ᠶᠢ ᠪᠦᠦ ᠢᠳᠡ᠂ ᠬᠠᠷᠢᠨ ᠣᠷᠣᠰᠢᠨ ᠪᠤᠢ ᠪᠦᠬᠦ ᠭᠠᠵᠠᠷ ᠲᠠᠭᠠᠨ ᠢᠰᠭᠡᠭᠡ ᠦᠭᠡᠢ ᠪᠣᠣᠪᠣ ᠢᠳᠡ〉》 ᠭᠡᠪᠡ᠃
 ᠵᠣᠯᠢᠶᠠᠰᠤᠨ ᠬᠤᠷᠠᠭ᠎ᠠ ᠶᠢᠨ ᠴᠢᠰᠤ

21 ᠮᠣᠰᠧ ᠢᠰᠷᠧᠯ ᠤᠨ ᠪᠦᠬᠦ ᠠᠬᠠᠯᠠᠭᠴᠢ ᠶᠢ ᠳᠠᠭᠤᠳᠠᠨ᠂ ᠲᠡᠳᠡᠨ ᠳᠦ᠄ 《ᠲᠠ ᠨᠠᠷ ᠭᠡᠷ ᠪᠦᠯᠢ ᠪᠣᠯᠭᠠᠨ ᠢᠶᠠᠷ ᠢᠶᠠᠨ ᠬᠤᠷᠠᠭ᠎ᠠ ᠶᠢ ᠰᠢᠯᠢᠨ ᠠᠪᠤᠭᠠᠳ᠂ ᠲᠡᠷᠡ ᠭᠡᠲᠦᠯᠭᠡᠭᠰᠡᠨ ᠦ ᠪᠠᠶᠠᠷ ᠤᠨ ᠬᠤᠷᠠᠭ᠎ᠠ ᠶᠢ ᠨᠢᠲᠤᠯ᠃ 22 ᠪᠠᠰᠠ ᠪᠠᠭᠴᠠᠯᠠᠭᠰᠠᠨ ᠾᠢᠰᠣᠫ 8 ᠠᠪᠴᠤ ᠰᠠᠪᠠᠨ ᠳᠣᠲᠣᠷᠠᠬᠢ ᠴᠢᠰᠤᠨ ᠳᠤ ᠳᠦᠷᠦᠭᠡᠳ᠂ ᠲᠡᠷᠡ ᠬᠦ ᠴᠢᠰᠤᠨ ᠠᠴᠠ ᠬᠠᠭᠠᠯᠭᠠᠨ ᠤ ᠲᠣᠲᠣᠭᠣ ᠪᠠ ᠬᠣᠶᠠᠷ ᠬᠠᠲᠠᠪᠴᠢᠨ ᠳᠤ ᠲᠦᠷᠬᠢ᠃ ᠥᠷᠯᠥᠭᠡ ᠪᠣᠯᠲᠠᠯ᠎ᠠ ᠨᠢᠭᠡ ᠴᠤ ᠬᠥᠮᠦᠨ ᠭᠡᠷ ᠦᠨ ᠢᠶᠠᠨ ᠬᠠᠭᠠᠯᠭᠠᠨ ᠭᠠᠳᠠᠨ᠎ᠠ ᠪᠦᠦ ᠭᠠᠷ᠃ 23 ᠶᠣᠬᠣᠸᠠ ᠶᠧᠵᠢᠫᠲ᠋ᠴᠦᠳ ᠢ ᠴᠣᠬᠢᠬᠤ ᠪᠠᠷ ᠢᠷᠡᠵᠦ ᠥᠩᠭᠡᠷᠡᠬᠦ ᠪᠣᠯᠣᠨ᠎ᠠ᠃ ᠬᠠᠭᠠᠯᠭᠠᠨ ᠤ ᠲᠣᠲᠣᠭᠣ ᠪᠠ ᠬᠣᠶᠠᠷ ᠬᠠᠲᠠᠪᠴᠢᠨ ᠳᠠᠬᠢ ᠴᠢᠰᠤ ᠶᠢ ᠬᠠᠷᠠᠪᠠᠯ᠂ ᠲᠡᠷᠡ ᠡᠨᠡ ᠬᠠᠭᠠᠯᠭ᠎ᠠ ᠶᠢᠨ ᠳᠡᠭᠡᠭᠦᠷ ᠥᠩᠭᠡᠷᠡᠬᠦ ᠪᠥᠭᠡᠳ ᠤᠰᠠᠳᠬᠠᠭᠴᠢᠳ ᠤᠨ ᠲᠠ ᠨᠠᠷ ᠢ ᠴᠣᠬᠢᠬᠤ ᠪᠠᠷ ᠭᠡᠷ ᠲᠦ ᠴᠢᠨᠢ ᠣᠷᠣᠬᠤ ᠶᠢ ᠵᠥᠪᠰᠢᠶᠡᠷᠡᠬᠦ ᠦᠭᠡᠢ᠃ 24 ᠲᠠ ᠨᠠᠷ ᠪᠣᠯᠣᠨ ᠦᠷ᠎ᠡ ᠤᠳᠤᠮ ᠴᠢᠨᠢ ᠡᠨᠡ ᠦᠢᠯᠡ ᠶᠢ ᠶᠣᠰᠣ ᠵᠢᠷᠤᠮ ᠪᠣᠯᠭᠠᠨ ᠡᠭᠦᠷᠢᠳᠡ ᠮᠥᠩᠬᠡᠳᠡ ᠲᠡᠮᠳᠡᠭᠯᠡᠬᠦ ᠶᠣᠰᠣᠲᠠᠢ᠃ 25 ᠲᠠ ᠨᠠᠷ ᠶᠣᠬᠣᠸᠠ ᠶᠢᠨ ᠠᠮᠠᠯᠠᠭᠰᠠᠨ ᠶᠣᠰᠣᠭᠠᠷ ᠢᠶᠠᠨ ᠥᠭᠬᠦ ᠲᠡᠷᠡ ᠭᠠᠵᠠᠷ ᠤᠷᠤᠭᠤ ᠣᠷᠣᠭᠰᠠᠨ ᠦᠶ᠎ᠡ ᠳᠦ ᠴᠤ ᠡᠨᠡ ᠶᠣᠰᠣᠯᠠᠯ ᠢ ᠲᠡᠮᠳᠡᠭᠯᠡ᠃ 26 ᠲᠠ ᠨᠠᠷ ᠤᠨ ᠬᠡᠦᠬᠡᠳ ᠤᠳ ᠴᠢᠨᠢ᠄ 〈ᠡᠨᠡ ᠶᠣᠰᠣᠯᠠᠯ ᠶᠠᠮᠠᠷ ᠤᠴᠢᠷ ᠲᠠᠢ ᠶᠤᠮ ᠪᠤᠢ︖〉 ᠭᠡᠵᠦ ᠠᠰᠠᠭᠤᠬᠤ ᠦᠶ᠎ᠡ ᠳᠦ᠂ 27 ᠲᠠ ᠨᠠᠷ᠄ 〈ᠶᠣᠬᠣᠸᠠ ᠳᠤ ᠡᠷᠭᠦᠬᠦ ᠭᠡᠲᠦᠯᠭᠡᠭᠰᠡᠨ ᠦ ᠪᠠᠶᠠᠷ ᠤᠨ ᠲᠠᠬᠢᠯ ᠶᠤᠮ᠃ ᠲᠡᠷᠡ ᠶᠧᠵᠢᠫᠲ᠋ᠴᠦᠳ ᠢ ᠴᠣᠬᠢᠬᠤ ᠦᠶ᠎ᠡ ᠳᠡᠭᠡᠨ ᠶᠧᠵᠢᠫᠲ ᠲᠤ ᠪᠠᠢᠭ᠎ᠠ ᠢᠰᠷᠧᠯᠴᠦᠳ ᠦᠨ ᠭᠡᠷ ᠦᠨ ᠳᠡᠭᠡᠭᠦᠷ ᠥᠩᠭᠡᠷᠡᠵᠦ᠂ ᠮᠠᠨ ᠤ ᠭᠡᠷ ᠢ ᠠᠪᠤᠷᠠᠭᠰᠠᠨ〉 ᠭᠡᠵᠦ ᠬᠡᠯᠡ》 ᠬᠡᠮᠡᠭᠰᠡᠨ ᠳᠦ᠂ ᠠᠷᠠᠳ ᠲᠦᠮᠡᠨ ᠳᠣᠭᠣᠭᠰᠢ ᠮᠡᠬᠦᠢᠨ᠂ ᠬᠦᠨᠳᠦᠳᠬᠡᠨ ᠮᠥᠷᠭᠥᠪᠡ᠃

28 ᠢᠰᠷᠧᠯᠴᠦᠳ ᠬᠠᠷᠢᠵᠤ᠂ ᠶᠣᠬᠣᠸᠠ ᠶᠢᠨ ᠮᠣᠰᠧ᠂ ᠠᠷᠣᠨ ᠬᠣᠶᠠᠷ ᠲᠤ ᠲᠤᠰᠢᠶᠠᠭᠰᠠᠨ ᠶᠣᠰᠣᠭᠠᠷ ᠦᠢᠯᠡᠳᠪᠡ᠃

29 ᠰᠥᠨᠢ ᠳᠥᠯᠢ ᠪᠠᠷ᠂ ᠶᠣᠬᠣᠸᠠ ᠶᠧᠵᠢᠫᠲ ᠳᠠᠬᠢ ᠤᠤᠭᠠᠨ᠂ ᠲᠤᠬᠠᠢᠯᠠᠪᠠᠯ ᠰᠡᠨᠲᠢ ᠳᠡᠭᠡᠨ ᠵᠠᠯᠠᠷᠠᠭᠴᠢ ᠹᠠᠷᠠᠣ᠋ ᠶᠢᠨ ᠤᠤᠭᠠᠨ ᠬᠦᠦ ᠡᠴᠡ ᠡᠬᠢᠯᠡᠭᠡᠳ᠂ ᠭᠢᠨᠳᠠᠨ ᠳᠤ ᠬᠣᠷᠢᠭᠳᠠᠵᠤ ᠪᠠᠢᠭ᠎ᠠ ᠬᠥᠮᠦᠨ ᠦ ᠤᠤᠭᠠᠨ ᠬᠦᠦ ᠳᠦ ᠬᠦᠷᠲᠡᠯ᠎ᠡ᠂ ᠮᠥᠨ ᠮᠠᠯ ᠤᠨ ᠪᠦᠬᠦ ᠠᠩ᠋ᠬᠠᠨ ᠤ ᠲᠥᠯ ᠢ ᠴᠣᠬᠢᠯ᠎ᠠ᠃ 30 ᠲᠡᠷᠡ ᠰᠥᠨᠢ ᠹᠠᠷᠠᠣ᠋ ᠪᠣᠯᠣᠨ ᠲᠡᠭᠦᠨ ᠦ ᠵᠠᠷᠤᠴᠠ ᠨᠠᠷ᠂ ᠮᠥᠨ ᠶᠧᠵᠢᠫᠲ᠋ᠴᠦᠳ ᠪᠦᠭᠦᠳᠡᠭᠡᠷ ᠢᠶᠡᠨ ᠰᠡᠷᠢᠵᠦ ᠪᠣᠰᠪᠠ᠃ ᠦᠬᠦᠯ ᠬᠠᠭᠠᠴᠠᠯ ᠨᠢᠭᠤᠷᠯᠠᠭ᠎ᠠ ᠦᠭᠡᠢ ᠠᠢᠯ ᠲᠡᠨᠳᠡ ᠪᠠᠢᠭᠰᠠᠨ ᠦᠭᠡᠢ ᠪᠣᠯᠬᠣᠷ ᠶᠧᠵᠢᠫᠲ ᠲᠤ ᠠᠰᠤᠷᠤ ᠶᠡᠬᠡ ᠤᠬᠢᠯᠠᠭᠠᠨ ᠬᠠᠢᠯᠠᠭᠠᠨ ᠪᠣᠯᠣᠯ᠎ᠠ᠃
 ᠢᠰᠷᠧᠯᠴᠦᠳ ᠶᠧᠵᠢᠫᠲ ᠡᠴᠡ ᠭᠠᠷᠪᠠ

31 ᠹᠠᠷᠠᠣ᠋ ᠮᠣᠰᠧ᠂ ᠠᠷᠣᠨ ᠬᠣᠶᠠᠷ ᠢ ᠰᠥᠨᠢ ᠪᠠᠷ ᠳᠠᠭᠤᠳᠠᠵᠤ᠄ 《ᠬᠥᠳᠡᠯ᠂ ᠲᠠ ᠨᠠᠷ ᠴᠤ᠂ ᠢᠰᠷᠧᠯᠴᠦᠳ ᠴᠤ᠂ ᠮᠢᠨᠦ ᠠᠷᠠᠳ ᠲᠦᠮᠡᠨ ᠦ ᠳᠤᠮᠳᠠ ᠠᠴᠠ ᠭᠠᠷ᠃ ᠲᠠ ᠨᠠᠷ ᠬᠡᠯᠡᠭᠰᠡᠨ ᠢᠶᠡᠷ ᠢᠶᠠᠨ ᠶᠠᠪᠤᠵᠤ᠂ ᠶᠣᠬᠣᠸᠠ ᠳᠤ ᠮᠥᠷᠭᠥ᠃ 32 ᠲᠠ ᠨᠠᠷ ᠬᠡᠯᠡᠭᠰᠡᠨ ᠢᠶᠡᠷ ᠢᠶᠠᠨ ᠬᠣᠨᠢ᠂ ᠦᠬᠡᠷ ᠢᠶᠡᠨ ᠠᠪᠤᠭᠠᠳ ᠶᠠᠪᠤ᠃ ᠨᠠᠮᠠᠶᠢ ᠴᠤ ᠢᠷᠥᠭᠡᠵᠡᠭᠡ》 ᠭᠡᠪᠡ᠃

33 ᠶᠧᠵᠢᠫᠲ᠋ᠴᠦᠳ᠄ 《ᠪᠢᠳᠡ ᠪᠦᠭᠦᠳᠡ ᠦᠬᠦᠬᠦ ᠨᠢ》 ᠭᠡᠳ ᠠᠷᠠᠳ ᠲᠦᠮᠡᠨ ᠢ ᠨᠤᠲᠤᠭ ᠠᠴᠠ ᠪᠠᠨ ᠪᠤᠰᠢᠭᠤᠬᠠᠨ ᠭᠠᠷᠭᠠᠬᠤ ᠪᠠᠷ ᠰᠢᠪᠠᠳᠠᠭᠤᠯᠪᠠ᠃ 34 ᠲᠡᠢᠮᠦ ᠡᠴᠡ ᠠᠷᠠᠳ ᠲᠦᠮᠡᠨ ᠢᠰᠭᠡᠭᠦᠷ ᠦᠭᠡᠢ ᠵᠢᠭᠤᠷᠠᠮᠠᠯ ᠭᠤᠯᠢᠷ ᠢ ᠰᠠᠪᠠᠨ ᠳᠠᠭᠠᠨ ᠬᠢᠵᠦ᠂ ᠬᠤᠪᠴᠠᠰᠤᠨ ᠳᠠᠭᠠᠨ ᠪᠣᠭᠣᠵᠤ ᠮᠥᠷᠥᠯᠡᠪᠡ᠃ 35 ᠢᠰᠷᠧᠯᠴᠦᠳ ᠮᠣᠰᠧ ᠶᠢᠨ ᠦᠭᠡ ᠪᠡᠷ ᠦᠢᠯᠡᠳᠴᠦ᠂ ᠶᠧᠵᠢᠫᠲ᠋ᠴᠦᠳ ᠡᠴᠡ ᠮᠥᠩᠭᠥᠨ ᠡᠳ᠋ᠯᠡᠯ᠂ ᠠᠯᠲᠠᠨ ᠡᠳ᠋ᠯᠡᠯ ᠪᠣᠯᠣᠨ ᠬᠤᠪᠴᠠᠰᠤ ᠬᠤᠨᠠᠷ ᠱᠠᠭᠠᠷᠳᠠᠭᠰᠠᠨ ᠪᠠᠢᠵᠠᠢ᠃ 36 ᠶᠣᠬᠣᠸᠠ ᠠᠷᠠᠳ ᠲᠦᠮᠡᠨ ᠢᠶᠡᠨ ᠶᠧᠵᠢᠫᠲ᠋ᠴᠦᠳ ᠦᠨ ᠨᠢᠳᠦᠨ ᠳᠦ ᠲᠠᠭᠠᠯᠠᠯ ᠢ ᠣᠯᠣᠭᠤᠯᠤᠭᠰᠠᠨ ᠪᠣᠯᠬᠣᠷ ᠲᠡᠳᠡᠨ ᠦ ᠱᠠᠭᠠᠷᠳᠠᠭᠰᠠᠨ ᠢ ᠶᠧᠵᠢᠫᠲ᠋ᠴᠦᠳ ᠥᠭᠪᠡ᠃ ᠲᠡᠢᠨ ᠬᠦ ᠲᠡᠳᠡ ᠶᠧᠵᠢᠫᠲ᠋ᠴᠦᠳ ᠢ ᠲᠣᠨᠣᠭᠰᠠᠨ ᠪᠠᠢᠯ᠎ᠠ᠃

37 ᠢᠰᠷᠧᠯᠴᠦᠳ ᠷᠠᠮᠧᠰᠧᠰ ᠡᠴᠡ ᠰᠦᠺᠣᠲ ᠤᠷᠤᠭᠤ ᠬᠥᠳᠡᠯᠬᠦ ᠳᠦ᠂ ᠡᠬᠡᠨᠡᠷ ᠬᠡᠦᠬᠡᠳ ᠤᠳ ᠠᠴᠠ ᠭᠠᠳᠠᠨ᠎ᠠ᠂ ᠪᠠᠷᠤᠭ ᠵᠢᠷᠠᠨ ᠲᠦᠮᠡᠨ ᠶᠠᠪᠠᠭᠠᠨ ᠡᠷ᠎ᠡ ᠪᠠᠢᠯ᠎ᠠ᠃ 38 ᠲᠡᠳᠡᠨ ᠲᠡᠢ ᠬᠠᠮᠲᠤ ᠦᠢ ᠣᠯᠠᠨ ᠢᠰᠷᠧᠯ ᠪᠤᠰᠤ ᠬᠥᠮᠦᠰ ᠬᠢᠭᠡᠳ ᠬᠣᠨᠢ ᠦᠬᠡᠷ᠂ ᠠᠰᠤᠷᠤ ᠣᠯᠠᠨ ᠲᠣᠭᠠᠨ ᠤ ᠮᠠᠯ ᠰᠦᠷᠦᠭ ᠵᠠᠮ ᠳᠤ ᠭᠠᠷᠴᠠᠢ᠃ 39 ᠲᠡᠳᠡ ᠶᠧᠵᠢᠫᠲ ᠡᠴᠡ ᠠᠪᠴᠢᠷᠠᠭᠰᠠᠨ ᠵᠢᠭᠤᠷᠠᠮᠠᠯ ᠭᠤᠯᠢᠷ ᠢᠶᠠᠷ ᠢᠶᠠᠨ ᠢᠰᠭᠡᠭᠡ ᠦᠭᠡᠢ ᠪᠣᠭᠣᠷᠰᠣᠭ ᠬᠢᠵᠡᠢ᠃ ᠤᠴᠢᠷ ᠨᠢ ᠲᠡᠳᠡ ᠬᠣᠭᠣᠯᠠ ᠬᠦᠨᠡᠰᠦ ᠪᠡᠯᠡᠳᠬᠡᠬᠦ ᠵᠠᠪ ᠴᠤ ᠦᠭᠡᠢ ᠪᠠᠷ ᠶᠧᠵᠢᠫᠲ ᠡᠴᠡ ᠬᠥᠭᠡᠭᠡᠭᠳᠡᠭᠰᠡᠨ ᠠᠵᠢ᠃

40 ᠢᠰᠷᠧᠯᠴᠦᠳ ᠦᠨ ᠶᠧᠵᠢᠫᠲ ᠲᠤ ᠠᠮᠢᠳᠤᠷᠠᠭᠰᠠᠨ ᠬᠤᠭᠤᠴᠠᠭ᠎ᠠ ᠨᠢ ᠳᠥᠷᠪᠡᠨ ᠵᠠᠭᠤ ᠭᠤᠴᠢᠨ ᠵᠢᠯ ᠪᠢᠯᠡ᠃ 41 ᠳᠥᠷᠪᠡᠨ ᠵᠠᠭᠤ ᠭᠤᠴᠢᠨ ᠵᠢᠯ ᠤᠨ ᠡᠴᠦᠰ ᠦᠨ ᠶᠠᠭ ᠲᠡᠷᠡ ᠡᠳᠦᠷ ᠶᠣᠬᠣᠸᠠ ᠶᠢᠨ ᠬᠠᠮᠤᠭ ᠴᠡᠷᠢᠭ ᠶᠧᠵᠢᠫᠲ ᠡᠴᠡ ᠭᠠᠷᠪᠠ᠃ 42 ᠲᠡᠷᠡ ᠰᠥᠨᠢ ᠲᠡᠳᠡᠨ ᠢ ᠶᠧᠵᠢᠫᠲ ᠡᠴᠡ ᠭᠠᠷᠭᠠᠬᠤ ᠶᠢᠨ ᠲᠤᠯᠠᠳᠠ ᠶᠣᠬᠣᠸᠠ ᠰᠠᠬᠢᠵᠤ ᠬᠣᠨᠣᠭᠰᠠᠨ ᠶᠤᠮ᠃ ᠲᠡᠷᠡ ᠰᠥᠨᠢ ᠨᠢ ᠶᠣᠬᠣᠸᠠ ᠶᠢᠨ ᠬᠢ ᠪᠣᠯᠬᠣᠷ ᠢᠰᠷᠧᠯᠴᠦᠳ ᠪᠦᠭᠦᠳᠡᠭᠡᠷ ᠦᠶ᠎ᠡ ᠶᠢᠨ ᠦᠶ᠎ᠡ ᠳᠦ ᠲᠡᠮᠳᠡᠭᠯᠡᠬᠦ ᠶᠣᠰᠣᠲᠠᠢ ᠪᠢᠯᠡ᠃
 ᠭᠡᠲᠦᠯᠭᠡᠭᠰᠡᠨ ᠦ ᠪᠠᠶᠠᠷ ᠤᠨ ᠴᠡᠭᠡᠷ ᠤᠳ

43 ᠶᠣᠬᠣᠸᠠ ᠮᠣᠰᠧ᠂ ᠠᠷᠣᠨ ᠬᠣᠶᠠᠷ ᠲᠤ᠄ 《ᠭᠡᠲᠦᠯᠭᠡᠭᠰᠡᠨ ᠦ ᠪᠠᠶᠠᠷ ᠤᠨ ᠵᠢᠷᠤᠮ ᠭᠡᠪᠡᠯ᠂ ᠬᠠᠷᠢ ᠬᠥᠮᠦᠨ ᠡᠨᠡ ᠬᠣᠭᠣᠯᠠ ᠠᠴᠠ ᠢᠳᠡᠵᠦ ᠪᠣᠯᠬᠤ ᠦᠭᠡᠢ᠃ 44 ᠮᠥᠩᠭᠥ ᠪᠡᠷ ᠬᠤᠳᠠᠯᠳᠤᠵᠤ ᠠᠪᠤᠭᠰᠠᠨ ᠪᠣᠭᠣᠯ ᠪᠣᠯᠭᠠᠨ ᠬᠥᠪᠴᠢᠷᠬᠡᠢ ᠬᠥᠨᠳᠡᠭᠦᠯᠦᠭᠰᠡᠨ ᠪᠣᠯ ᠡᠭᠦᠨ ᠡᠴᠡ ᠢᠳᠡᠵᠦ ᠪᠣᠯᠣᠨ᠎ᠠ᠂ 45 ᠭᠡᠪᠡᠴᠦ ᠲᠦᠷ ᠰᠠᠭᠤᠭᠴᠢ᠂ ᠡᠰᠡᠪᠡᠯ ᠬᠥᠯᠥᠰᠥᠨ ᠦ ᠠᠵᠢᠯᠴᠢᠨ ᠡᠭᠦᠨ ᠡᠴᠡ ᠢᠳᠡᠵᠦ ᠪᠣᠯᠬᠤ ᠦᠭᠡᠢ᠃ 46 ᠡᠭᠦᠨ ᠢ ᠨᠢᠭᠡ ᠭᠡᠷ ᠳᠣᠲᠣᠷ᠎ᠠ ᠢᠳᠡᠬᠦ ᠶᠣᠰᠣᠲᠠᠢ᠃ ᠲᠠ ᠨᠠᠷ ᠲᠡᠷᠡ ᠮᠢᠬᠠᠨ ᠠᠴᠠ ᠬᠡᠰᠡᠭ ᠢ ᠴᠤ ᠭᠡᠷ ᠦᠨ ᠭᠠᠳᠠᠨ᠎ᠠ ᠠᠪᠴᠤ ᠭᠠᠷᠭᠠᠵᠤ ᠪᠣᠯᠬᠤ ᠦᠭᠡᠢ᠂ ᠶᠠᠰᠤ ᠶᠢ ᠨᠢ ᠬᠤᠭᠤᠯᠵᠤ ᠪᠣᠯᠬᠤ ᠦᠭᠡᠢ᠃ 47 ᠢᠰᠷᠧᠯ ᠤᠨ ᠨᠡᠢᠲᠡ ᠴᠢᠭᠤᠯᠭᠠᠨ ᠪᠦᠭᠦᠳᠡᠭᠡᠷ ᠡᠭᠦᠨ ᠢ ᠦᠢᠯᠡᠳᠬᠦ ᠶᠣᠰᠣᠲᠠᠢ᠃ 48 ᠬᠡᠷᠪᠡ ᠴᠢᠮ᠎ᠠ ᠲᠠᠢ ᠬᠠᠮᠲᠤ ᠰᠠᠭᠤᠳᠠᠭ ᠭᠠᠳᠠᠨ᠎ᠠ ᠶᠢᠨ ᠬᠥᠮᠦᠨ ᠶᠣᠬᠣᠸᠠ ᠶᠢᠨ ᠭᠡᠲᠦᠯᠭᠡᠭᠰᠡᠨ ᠦ ᠪᠠᠶᠠᠷ ᠢ ᠲᠡᠮᠳᠡᠭᠯᠡᠬᠦ ᠭᠡᠪᠡᠯ᠂ ᠬᠠᠮᠤᠭ ᠡᠷ᠎ᠡ ᠬᠦᠢᠰᠦᠲᠡᠨ ᠨᠢ ᠬᠥᠪᠴᠢᠷᠬᠡᠢ ᠬᠥᠨᠳᠡᠭᠦᠯᠬᠦ ᠶᠣᠰᠣᠲᠠᠢ᠂ ᠡᠭᠦᠨ ᠦ ᠳᠠᠷᠠᠭ᠎ᠠ ᠯᠠ ᠤᠤᠭᠠᠯ ᠬᠥᠮᠦᠨ ᠲᠡᠢ ᠠᠳᠠᠯᠢ ᠣᠷᠣᠯᠴᠠᠵᠤ ᠪᠣᠯᠣᠨ᠎ᠠ᠃ ᠭᠡᠪᠡᠴᠦ ᠬᠥᠪᠴᠢᠷᠬᠡᠢ ᠬᠥᠨᠳᠡᠭᠦᠯᠦᠭᠡ ᠦᠭᠡᠢ ᠬᠥᠮᠦᠨ ᠡᠭᠦᠨ ᠡᠴᠡ ᠢᠳᠡᠵᠦ ᠦᠯᠦ ᠪᠣᠯᠣᠨ᠎ᠠ᠃ 49 ᠡᠨᠡ ᠬᠠᠤᠯᠢ ᠨᠢ ᠤᠤᠭᠠᠯ ᠬᠥᠮᠦᠨ ᠳᠦ ᠴᠤ᠂ ᠲᠠ ᠨᠠᠷ ᠤᠨ ᠳᠤᠮᠳᠠ ᠰᠠᠭᠤᠭᠴᠢ ᠬᠠᠷᠢ ᠬᠥᠮᠦᠨ ᠳᠦ ᠴᠤ ᠢᠯᠭᠠᠭ᠎ᠠ ᠦᠭᠡᠢ》 ᠭᠡᠵᠦ ᠠᠢᠯᠠᠳᠪᠠ᠃

50 ᠢᠰᠷᠧᠯᠴᠦᠳ ᠪᠦᠭᠦᠳᠡᠭᠡᠷ ᠢᠶᠡᠨ ᠶᠣᠬᠣᠸᠠ ᠶᠢᠨ ᠮᠣᠰᠧ᠂ ᠠᠷᠣᠨ ᠬᠣᠶᠠᠷ ᠲᠤ ᠲᠤᠰᠢᠶᠠᠭᠰᠠᠨ ᠶᠣᠰᠣᠭᠠᠷ᠂ ᠶᠠᠭ ᠲᠡᠢᠨ ᠬᠦ ᠦᠢᠯᠡᠳᠪᠡ᠃ 51 ᠶᠠᠭ ᠲᠡᠷᠡ ᠡᠳᠦᠷ ᠶᠣᠬᠣᠸᠠ ᠢᠰᠷᠧᠯᠴᠦᠳ ᠢ ᠠᠩ᠋ᠭᠢ ᠠᠩ᠋ᠭᠢ ᠪᠠᠷ ᠨᠢ ᠶᠧᠵᠢᠫᠲ ᠡᠴᠡ ᠭᠠᠷᠭᠠᠭᠰᠠᠨ ᠶᠤᠮ᠃