ᠭᠡᠲᠦᠯᠦᠯ ᠭᠤᠴᠢ
ᠤᠲᠤᠯᠭᠠᠲᠤ ᠲᠠᠬᠢᠯ ᠤᠨ ᠰᠢᠷᠡᠭᠡ
1 ᠴᠢ ᠤᠲᠤᠯᠭ᠎ᠠ ᠤᠭᠤᠭᠢᠭᠤᠯᠬᠤ ᠲᠠᠬᠢᠯ ᠤᠨ ᠰᠢᠷᠡᠭᠡ ᠶᠢ ᠬᠤᠸᠠᠢᠰᠠ ᠮᠣᠳᠣ ᠪᠠᠷ ᠬᠢ᠃ 2 ᠡᠨᠡ ᠨᠢ ᠳᠥᠷᠪᠡᠯᠵᠢᠨ᠂ ᠤᠷᠲᠤ ᠨᠢ ᠨᠢᠭᠡ ᠲᠣᠬᠣᠢ᠂ ᠥᠷᠭᠡᠨ ᠨᠢ ᠨᠢᠭᠡ ᠲᠣᠬᠣᠢ᠂ ᠥᠨᠳᠥᠷ ᠨᠢ ᠬᠣᠶᠠᠷ ᠲᠣᠬᠣᠢ ᠪᠥᠭᠡᠳ ᠥᠨᠴᠥᠭ ᠳᠠᠬᠢ ᠡᠪᠡᠷ ᠤᠳ ᠨᠢ ᠲᠡᠭᠦᠨ ᠲᠡᠢ ᠨᠢᠭᠡ ᠴᠣᠭᠴᠠ ᠪᠠᠢᠬᠤ ᠶᠣᠰᠣᠲᠠᠢ᠃ 3 ᠲᠠᠬᠢᠯ ᠤᠨ ᠰᠢᠷᠡᠭᠡᠨ ᠦ ᠳᠡᠭᠡᠳᠦ ᠲᠠᠯ᠎ᠠ ᠪᠣᠯᠣᠨ ᠪᠦᠬᠦ ᠬᠠᠵᠠᠭᠤ ᠲᠠᠯ᠎ᠠ ᠶᠢ ᠨᠢ ᠲᠣᠭᠣᠷᠢᠭᠤᠯᠤᠨ ᠰᠢᠵᠢᠷ ᠠᠯᠲᠠ ᠪᠠᠷ ᠪᠦᠷᠢᠵᠦ᠂ ᠡᠪᠡᠷ ᠤᠳ ᠢ ᠨᠢ ᠴᠤ ᠰᠢᠵᠢᠷ ᠠᠯᠲᠠ ᠪᠠᠷ ᠪᠦᠷᠢᠵᠦ᠂ ᠳᠡᠭᠡᠳᠦ ᠲᠠᠯ᠎ᠠ ᠶᠢ ᠨᠢ ᠲᠣᠭᠣᠷᠢᠭᠤᠯᠤᠨ ᠠᠯᠲᠠᠨ ᠬᠥᠪᠡᠭᠡ ᠬᠢ᠃ 4 ᠬᠥᠪᠡᠭᠡ ᠶᠢᠨ ᠬᠢᠨᠢ ᠳᠣᠣᠷ᠎ᠠ᠂ ᠬᠠᠷᠠᠯᠳᠤᠭ᠎ᠠ ᠬᠣᠶᠠᠷ ᠲᠠᠯ᠎ᠠ ᠳᠤ ᠬᠣᠶᠠᠷ ᠬᠣᠶᠠᠷ ᠠᠯᠲᠠᠨ ᠭᠠᠷᠠᠬ᠎ᠠ ᠬᠢᠵᠦ᠂ ᠲᠠᠬᠢᠯ ᠤᠨ ᠰᠢᠷᠡᠭᠡ ᠶᠢ ᠵᠥᠭᠡᠭᠡᠬᠦ ᠳᠠᠮᠨᠠᠭᠤᠷᠭ᠎ᠠ ᠶᠢᠨ ᠲᠣᠭᠲᠠᠭᠠᠭᠴᠢ ᠪᠣᠯᠭ᠎ᠠ᠃ 5 ᠳᠠᠮᠨᠠᠭᠤᠷᠭ᠎ᠠ ᠨᠤᠭᠤᠳ ᠢ ᠨᠢ ᠬᠤᠸᠠᠢᠰᠠ ᠮᠣᠳᠣ ᠪᠠᠷ ᠬᠢᠵᠦ᠂ ᠠᠯᠲᠠ ᠪᠠᠷ ᠪᠦᠷᠢ᠃ 6 ᠴᠢ ᠡᠨᠡ ᠲᠠᠬᠢᠯ ᠤᠨ ᠰᠢᠷᠡᠭᠡ ᠶᠢ ᠭᠡᠷᠡᠴᠢᠯᠡᠯ ᠦᠨ ᠠᠪᠳᠠᠷ᠎ᠠ ᠶᠢᠨ ᠡᠮᠦᠨ᠎ᠡ᠂ ᠬᠥᠰᠢᠭᠡᠨ ᠦ ᠡᠮᠦᠨ᠎ᠡ᠂ ᠲᠤᠬᠠᠢᠯᠠᠪᠠᠯ ᠮᠢᠨᠦ ᠴᠢᠮ᠎ᠠ ᠲᠠᠢ ᠠᠭᠤᠯᠵᠠᠬᠤ ᠭᠠᠵᠠᠷ ᠪᠣᠯᠬᠤ ᠭᠡᠷᠡᠴᠢᠯᠡᠯ ᠦᠨ ᠠᠪᠳᠠᠷ᠎ᠠ ᠶᠢᠨ ᠳᠡᠭᠡᠷᠡᠬᠢ ᠬᠡᠯᠲᠦᠷᠢᠭᠦᠯᠦᠯᠭᠡ ᠶᠢᠨ ᠬᠠᠪᠬᠠᠭ ᠤᠨ ᠡᠮᠦᠨ᠎ᠡ ᠲᠠᠯ᠎ᠠ ᠳᠤ ᠲᠠᠯᠪᠢ᠃ 7 ᠠᠷᠣᠨ ᠲᠡᠭᠦᠨ ᠳᠡᠭᠡᠷ᠎ᠡ ᠠᠩᠬᠢᠯᠤᠭᠤᠨ ᠤᠲᠤᠯᠭ᠎ᠠ ᠶᠢ ᠤᠭᠤᠭᠢᠭᠤᠯᠤᠨᠠ᠃ ᠥᠷᠯᠥᠭᠡ ᠪᠦᠷᠢ ᠳ᠋ᠧᠩ ᠤᠳ ᠢ ᠪᠡᠯᠡᠳᠬᠡᠬᠦ ᠳᠡᠭᠡᠨ ᠴᠤ᠂ 8 ᠨᠠᠷᠠ ᠰᠢᠩᠭᠡᠬᠦ ᠡᠴᠡ ᠡᠮᠦᠨ᠎ᠡ 30 ᠳ᠋ᠧᠩ ᠠᠰᠠᠭᠠᠬᠤ ᠳᠠᠭᠠᠨ ᠴᠤ ᠲᠡᠭᠦᠨ ᠢ ᠤᠭᠤᠭᠢᠭᠤᠯᠬᠤ ᠶᠣᠰᠣᠲᠠᠢ᠃ ᠡᠢᠨ ᠬᠦ ᠲᠠ ᠨᠠᠷ ᠦᠶ᠎ᠡ ᠶᠢᠨ ᠦᠶ᠎ᠡ ᠳᠦ ᠶᠣᠬᠣᠸᠠ ᠶᠢᠨ ᠡᠮᠦᠨ᠎ᠡ ᠪᠠᠢᠩ᠋ᠭᠤ ᠶᠢᠨ ᠤᠲᠤᠯᠭ᠎ᠠ ᠤᠭᠤᠭᠢᠭᠤᠯᠬᠤ ᠪᠣᠯᠣᠨ᠎ᠠ᠃ 9 ᠲᠠ ᠨᠠᠷ ᠡᠨᠡ ᠬᠦ ᠲᠠᠬᠢᠯ ᠤᠨ ᠰᠢᠷᠡᠭᠡᠨ ᠳᠡᠭᠡᠷ᠎ᠡ ᠶᠣᠰᠣ ᠪᠤᠰᠤ ᠤᠲᠤᠯᠭ᠎ᠠ᠂ ᠰᠢᠲᠠᠭᠠᠯᠭᠠᠲᠤ ᠲᠠᠬᠢᠯ᠂ ᠢᠳᠡᠭᠡᠨ ᠲᠠᠬᠢᠯ ᠢ ᠪᠦᠦ ᠡᠷᠭᠦ᠃ ᠲᠡᠭᠦᠨ ᠳᠡᠭᠡᠷ᠎ᠡ ᠤᠮᠳᠠᠭᠠᠨ ᠲᠠᠬᠢᠯ ᠢ ᠴᠤ ᠪᠦᠦ ᠠᠰᠬ᠎ᠠ᠃ 10 ᠠᠷᠣᠨ ᠰᠢᠷᠡᠭᠡᠨ ᠦ ᠡᠪᠡᠷ ᠤᠳ ᠳᠡᠭᠡᠷ᠎ᠡ ᠵᠢᠯ ᠳᠤ ᠨᠢᠭᠡ ᠤᠳᠠᠭ᠎ᠠ ᠭᠡᠮ ᠦᠨ ᠬᠡᠯᠲᠦᠷᠢᠭᠦᠯᠦᠯ ᠬᠢᠬᠦ ᠶᠣᠰᠣᠲᠠᠢ᠃ ᠲᠡᠭᠦᠨ ᠳᠡᠭᠡᠷ᠎ᠡ ᠭᠡᠮ ᠦᠨ ᠬᠡᠯᠲᠦᠷᠢᠭᠦᠯᠦᠯ ᠬᠢᠬᠦ ᠪᠡᠷ ᠡᠷᠭᠦᠬᠦ ᠨᠢᠭᠦᠯ ᠦᠨ ᠲᠠᠬᠢᠯ ᠤᠨ ᠴᠢᠰᠤ ᠪᠠᠷ ᠵᠢᠯ ᠳᠤ ᠨᠢᠭᠡ ᠤᠳᠠᠭ᠎ᠠ ᠭᠡᠮ ᠦᠨ ᠬᠡᠯᠲᠦᠷᠢᠭᠦᠯᠦᠯ ᠬᠢᠬᠦ ᠪᠥᠭᠡᠳ ᠡᠭᠦᠨ ᠢ ᠦᠶ᠎ᠡ ᠶᠢᠨ ᠦᠶ᠎ᠡ ᠳᠦ ᠬᠢᠬᠦ ᠶᠣᠰᠣᠲᠠᠢ᠃ ᠡᠨᠡ ᠨᠢ ᠶᠣᠬᠣᠸᠠ ᠳᠤ ᠠᠷᠢᠭᠤᠨ ᠠᠴᠠ ᠠᠷᠢᠭᠤᠨ》 ᠭᠡᠪᠡ᠃
ᠬᠡᠯᠲᠦᠷᠢᠭᠦᠯᠦᠯᠭᠡ ᠶᠢᠨ ᠮᠥᠩᠭᠥ
11 ᠶᠣᠬᠣᠸᠠ ᠮᠣᠰᠧ ᠳᠤ ᠠᠢᠯᠠᠳᠤᠨ᠄ 12 《ᠴᠢ ᠢᠰᠷᠧᠯᠴᠦᠳ ᠢ ᠪᠦᠷᠢᠳᠬᠡᠬᠦ ᠪᠡᠷ ᠲᠣᠭᠠᠯᠠᠯᠭ᠎ᠠ ᠬᠢᠭᠡᠷᠡᠢ᠃ ᠲᠡᠷᠡ ᠦᠶ᠎ᠡ ᠳᠦ ᠬᠥᠮᠦᠨ ᠪᠦᠷᠢ ᠠᠮᠢ ᠶᠢᠨ ᠢᠶᠠᠨ ᠵᠣᠯᠢᠶᠠᠰᠤ ᠶᠢ ᠶᠣᠬᠣᠸᠠ ᠳᠤ ᠥᠭᠬᠦ ᠶᠣᠰᠣᠲᠠᠢ᠃ ᠲᠡᠭᠡᠪᠡᠯ ᠪᠦᠷᠢᠳᠬᠡᠬᠦ ᠦᠶ᠎ᠡ ᠳᠦ ᠲᠡᠳᠡᠨ ᠦ ᠳᠤᠮᠳᠠ ᠭᠠᠮᠰᠢᠭ ᠪᠠᠢᠬᠤ ᠦᠭᠡᠢ ᠪᠣᠯᠣᠨ᠎ᠠ᠃ 13 ᠪᠦᠷᠢᠳᠬᠡᠭᠦᠯᠦᠭᠰᠡᠨ ᠬᠥᠮᠦᠨ ᠪᠣᠯᠭᠠᠨ ᠠᠷᠢᠭᠤᠨ ᠭᠠᠵᠠᠷ ᠤᠨ ᠪᠠᠷᠢᠮᠵᠢᠶ᠎ᠠ ᠪᠠᠷ ᠬᠠᠭᠠᠰ ᠱᠧᠺᠧᠯ ᠥᠭᠬᠦ ᠶᠣᠰᠣᠲᠠᠢ᠃ ᠨᠢᠭᠡ ᠱᠧᠺᠧᠯ ᠨᠢ ᠬᠣᠷᠢᠨ ᠭᠧᠷᠠ 31 ᠲᠠᠢ ᠲᠡᠩᠴᠡᠭᠦᠦ ᠪᠥᠭᠡᠳ ᠡᠢᠮᠦᠷᠬᠦ ᠬᠠᠭᠠᠰ ᠱᠧᠺᠧᠯ ᠨᠢ ᠶᠣᠬᠣᠸᠠ ᠳᠤ ᠪᠠᠷᠢᠬᠤ ᠬᠠᠨᠳᠢᠪ ᠪᠣᠯᠬᠤ ᠶᠤᠮ᠃ 14 ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠪᠦᠷᠢᠳᠬᠡᠭᠦᠯᠦᠭᠰᠡᠨ ᠬᠥᠮᠦᠨ ᠪᠦᠷᠢ ᠶᠣᠬᠣᠸᠠ ᠳᠤ ᠡᠨᠡ ᠬᠦ ᠬᠠᠨᠳᠢᠪ ᠢ ᠥᠭᠭᠥᠨ᠎ᠡ᠃ 15 ᠠᠮᠢ ᠶᠢᠨ ᠢᠶᠠᠨ ᠵᠣᠯᠢᠶᠠᠰᠤ ᠪᠣᠯᠭᠠᠬᠤ ᠪᠠᠷ ᠶᠣᠬᠣᠸᠠ ᠳᠤ ᠡᠷᠭᠦᠬᠦ ᠬᠠᠨᠳᠢᠪ ᠴᠢᠨᠢ ᠬᠠᠭᠠᠰ ᠱᠧᠺᠧᠯ ᠪᠠᠢᠬᠤ ᠶᠣᠰᠣᠲᠠᠢ᠃ ᠪᠠᠶᠠᠨ ᠬᠥᠮᠦᠨ ᠡᠭᠦᠨ ᠡᠴᠡ ᠢᠯᠡᠭᠦᠦ ᠶᠢ᠂ ᠶᠠᠳᠠᠭᠤ ᠬᠥᠮᠦᠨ ᠡᠭᠦᠨ ᠡᠴᠡ ᠳᠤᠲᠠᠭᠤ ᠶᠢ ᠥᠭᠬᠦ ᠶᠣᠰᠣ ᠦᠭᠡᠢ᠃ 16 ᠴᠢ ᠢᠰᠷᠧᠯᠴᠦᠳ ᠡᠴᠡ ᠵᠣᠯᠢᠶᠠᠰᠤᠨ ᠮᠥᠩᠭᠥ ᠶᠢ ᠠᠪᠴᠤ᠂ ᠠᠭᠤᠯᠵᠠᠯᠲᠠ ᠶᠢᠨ ᠴᠠᠴᠠᠷ ᠤᠨ ᠵᠠᠷᠤᠳᠠᠯ ᠳᠤ ᠬᠡᠷᠡᠭᠯᠡ᠃ ᠡᠨᠡ ᠨᠢ ᠢᠰᠷᠧᠯᠴᠦᠳ ᠲᠦ ᠠᠮᠢ ᠶᠢᠨ ᠬᠢᠨᠢ ᠲᠥᠯᠥᠭᠡ ᠲᠥᠯᠥᠭᠰᠡᠨ ᠵᠣᠯᠢᠶᠠᠰᠤ ᠶᠢ ᠨᠢ ᠶᠣᠬᠣᠸᠠ ᠶᠢᠨ ᠡᠮᠦᠨ᠎ᠡ ᠰᠠᠨᠠᠭᠤᠯᠬᠤ ᠳᠤᠷᠠᠰᠬᠠᠯ ᠪᠣᠯᠣᠨ᠎ᠠ》 ᠭᠡᠪᠡ᠃
ᠤᠬᠢᠶᠠᠯᠭ᠎ᠠ ᠶᠢᠨ ᠰᠠᠪᠠ
17 ᠶᠣᠬᠣᠸᠠ ᠮᠣᠰᠧ ᠳᠤ ᠠᠢᠯᠠᠳᠤᠨ᠄ 18 《ᠴᠢ ᠤᠬᠢᠶᠠᠯᠭ᠎ᠠ ᠶᠢᠨ ᠰᠠᠪᠠ ᠶᠢ ᠰᠠᠭᠤᠷᠢ ᠲᠠᠢ ᠨᠢ ᠬᠠᠮᠲᠤ ᠬᠦᠷᠡᠯ ᠢᠶᠡᠷ ᠬᠢ᠂ ᠲᠡᠭᠦᠨ ᠢ ᠠᠭᠤᠯᠵᠠᠯᠲᠠ ᠶᠢᠨ ᠴᠠᠴᠠᠷ ᠪᠠ ᠲᠠᠬᠢᠯ ᠤᠨ ᠰᠢᠷᠡᠭᠡᠨ ᠦ ᠬᠣᠭᠣᠷᠣᠨᠳᠣ ᠲᠠᠯᠪᠢᠭᠠᠳ᠂ ᠳᠣᠲᠣᠷ᠎ᠠ ᠨᠢ ᠤᠰᠤ ᠬᠢ᠃ 19 ᠠᠷᠣᠨ ᠪᠣᠯᠣᠨ ᠲᠡᠭᠦᠨ ᠦ ᠬᠥᠪᠡᠭᠦᠳ ᠭᠠᠷ ᠬᠥᠯ ᠢᠶᠡᠨ ᠲᠡᠷᠡ ᠰᠠᠪᠠᠨ ᠳᠤ ᠤᠬᠢᠶᠠᠬᠤ ᠪᠣᠯᠣᠨ᠎ᠠ᠃ 20 ᠲᠡᠳᠡ ᠠᠭᠤᠯᠵᠠᠯᠲᠠ ᠶᠢᠨ ᠴᠠᠴᠠᠷ ᠲᠤ ᠣᠷᠣᠬᠤ ᠳᠠᠭᠠᠨ ᠦᠬᠦᠬᠦ ᠦᠭᠡᠢ ᠶᠢᠨ ᠲᠤᠯᠠᠳᠠ ᠤᠰᠤ ᠪᠠᠷ ᠤᠬᠢᠶᠠᠬᠤ ᠶᠣᠰᠣᠲᠠᠢ᠃ ᠶᠣᠬᠣᠸᠠ ᠳᠤ ᠭᠠᠯ ᠤᠨ ᠲᠠᠬᠢᠯ ᠰᠢᠲᠠᠭᠠᠵᠤ ᠡᠷᠭᠦᠬᠦ ᠪᠡᠷ ᠲᠠᠬᠢᠯ ᠤᠨ ᠰᠢᠷᠡᠭᠡᠨ ᠳᠦ ᠣᠢᠷᠠᠲᠤᠬᠤ ᠳᠠᠭᠠᠨ ᠴᠤ 21 ᠦᠬᠦᠬᠦ ᠦᠭᠡᠢ ᠶᠢᠨ ᠲᠤᠯᠠᠳᠠ ᠭᠠᠷ ᠬᠥᠯ ᠢᠶᠡᠨ ᠤᠬᠢᠶᠠᠬᠤ ᠶᠣᠰᠣᠲᠠᠢ᠃ ᠡᠨᠡ ᠨᠢ ᠠᠷᠣᠨ ᠪᠠ ᠲᠡᠭᠦᠨ ᠦ ᠦᠷ᠎ᠡ ᠤᠳᠤᠮ ᠳᠤ ᠦᠶ᠎ᠡ ᠤᠯᠠᠮᠵᠢᠯᠠᠨ ᠰᠠᠬᠢᠬᠤ ᠡᠭᠦᠷᠢᠳᠡ ᠶᠢᠨ ᠶᠣᠰᠣ ᠵᠢᠷᠤᠮ ᠪᠣᠯᠬᠤ ᠶᠤᠮ》 ᠭᠡᠪᠡ᠃
ᠲᠣᠰᠣᠯᠠᠯᠭ᠎ᠠ ᠶᠢᠨ ᠵᠢᠷᠤᠮ
22 ᠶᠣᠬᠣᠸᠠ ᠮᠣᠰᠧ ᠳᠤ ᠠᠢᠯᠠᠳᠤᠨ᠄ 23 《ᠴᠢ ᠣᠬᠢ ᠰᠠᠢᠨ ᠦᠨᠦᠷᠲᠡᠨ ᠢ ᠴᠤᠭᠯᠠᠭᠤᠯ᠃ ᠥᠭᠡᠷ᠎ᠡ ᠪᠡᠷ ᠬᠡᠯᠡᠪᠡᠯ᠂ ᠰᠢᠩᠭᠡᠨ ᠮᠢᠷᠷᠠ ᠲᠠᠪᠤᠨ ᠵᠠᠭᠤᠨ ᠱᠧᠺᠧᠯ᠂ ᠵᠢᠭᠠᠷᠲᠤ ᠭᠠᠪᠢᠷ᠎ᠠ ᠡᠮᠦᠨᠡᠬᠢ ᠶᠢᠨ ᠬᠠᠭᠠᠰ᠂ ᠲᠤᠬᠠᠢᠯᠠᠪᠠᠯ ᠬᠣᠶᠠᠷ ᠵᠠᠭᠤ ᠲᠠᠪᠢᠨ ᠱᠧᠺᠧᠯ᠂ ᠠᠩᠬᠢᠯᠤᠭᠤᠨ ᠨᠢᠰᠢᠩᠭᠦ ᠬᠣᠶᠠᠷ ᠵᠠᠭᠤ ᠲᠠᠪᠢᠨ ᠱᠧᠺᠧᠯ᠂ 24 ᠭᠠᠪᠢᠷ᠎ᠠ ᠶᠢᠨ ᠬᠠᠯᠢᠰᠤ ᠲᠠᠪᠤᠨ ᠵᠠᠭᠤᠨ ᠱᠧᠺᠧᠯ ᠠᠪ᠂ ᠡᠨᠡ ᠪᠦᠬᠦᠨ ᠨᠢ ᠠᠷᠢᠭᠤᠨ ᠭᠠᠵᠠᠷ ᠤᠨ ᠱᠧᠺᠧᠯ ᠤᠨ ᠪᠠᠷᠢᠮᠵᠢᠶ᠎ᠠ ᠪᠠᠷ ᠪᠠᠢᠬᠤ ᠶᠣᠰᠣᠲᠠᠢ᠃ ᠮᠥᠨ ᠴᠢᠳᠦᠨ ᠲᠣᠰᠣᠨ ᠠᠴᠠ ᠨᠢᠭᠡ ᠾᠢᠨ ᠠᠪ᠃ 25 ᠴᠢ ᠦᠨᠦᠷᠲᠡᠨ ᠨᠠᠢᠷᠠᠭᠤᠯᠤᠭᠴᠢᠳ ᠤᠨ ᠠᠷᠭ᠎ᠠ ᠪᠠᠷ ᠡᠨᠡ ᠪᠦᠭᠦᠳᠡ ᠶᠢ ᠬᠣᠯᠢᠵᠤ ᠠᠷᠢᠭᠤᠨ ᠲᠣᠰᠣᠯᠠᠯᠭ᠎ᠠ ᠶᠢᠨ ᠲᠣᠰᠣ ᠬᠢ᠃ ᠡᠨᠡ ᠨᠢ ᠠᠷᠢᠭᠤᠨ ᠲᠣᠰᠣᠯᠠᠯᠭ᠎ᠠ ᠶᠢᠨ ᠲᠣᠰᠣ ᠪᠣᠯᠣᠨ᠎ᠠ᠃ 26 ᠴᠢ ᠡᠭᠦᠨ ᠢᠶᠡᠷ ᠠᠭᠤᠯᠵᠠᠯᠲᠠ ᠶᠢᠨ ᠴᠠᠴᠠᠷ ᠬᠢᠭᠡᠳ ᠭᠡᠷᠡᠴᠢᠯᠡᠯ ᠦᠨ ᠠᠪᠳᠠᠷ᠎ᠠ᠂ 27 ᠮᠥᠨ ᠰᠢᠷᠡᠭᠡ ᠪᠠ ᠲᠡᠭᠦᠨ ᠦ ᠪᠦᠬᠦ ᠬᠡᠷᠡᠭᠰᠡᠯ᠂ ᠳ᠋ᠧᠩ ᠤᠨ ᠲᠠᠯᠪᠢᠭᠤᠷ ᠪᠣᠯᠣᠨ ᠲᠡᠭᠦᠨ ᠦ ᠬᠡᠷᠡᠭᠰᠡᠯ᠂ ᠤᠲᠤᠯᠭᠠᠲᠤ ᠲᠠᠬᠢᠯ ᠤᠨ ᠰᠢᠷᠡᠭᠡ᠂ 28 ᠰᠢᠲᠠᠭᠠᠯᠭᠠᠲᠤ ᠲᠠᠬᠢᠯ ᠤᠨ ᠰᠢᠷᠡᠭᠡ ᠪᠠ ᠲᠡᠭᠦᠨ ᠦ ᠪᠦᠬᠦ ᠬᠡᠷᠡᠭᠰᠡᠯ᠂ ᠤᠬᠢᠶᠠᠯᠭ᠎ᠠ ᠶᠢᠨ ᠰᠠᠪᠠ ᠪᠠ ᠲᠡᠭᠦᠨ ᠦ ᠰᠠᠭᠤᠷᠢ ᠶᠢ ᠲᠣᠰᠣᠯ᠎ᠠ᠃ 29 ᠡᠢᠨ ᠬᠦ ᠠᠷᠢᠭᠤᠰᠬᠠᠭᠰᠠᠨ ᠢᠶᠠᠷ ᠲᠡᠳᠡᠭᠡᠷ ᠨᠢ ᠠᠷᠢᠭᠤᠨ ᠠᠴᠠ ᠠᠷᠢᠭᠤᠨ ᠪᠣᠯᠵᠤ᠂ ᠲᠡᠳᠡᠭᠡᠷ ᠲᠦ ᠬᠦᠷᠦᠭᠰᠡᠨ ᠪᠦᠬᠦᠨ ᠠᠷᠢᠭᠤᠨ ᠪᠣᠯᠣᠨ᠎ᠠ᠃ 30 ᠠᠷᠣᠨ ᠪᠠ ᠲᠡᠭᠦᠨ ᠦ ᠬᠥᠪᠡᠭᠦᠳ ᠢ ᠡᠨᠡ ᠲᠣᠰᠣ ᠪᠠᠷ ᠲᠣᠰᠣᠯᠠᠵᠤ᠂ ᠲᠡᠳᠡᠨ ᠢ ᠠᠷᠢᠭᠤᠰᠬᠠᠨ ᠨᠠᠳᠠ ᠳᠤ ᠦᠢᠯᠡᠴᠢᠯᠡᠬᠦ ᠲᠠᠬᠢᠯᠴᠢ ᠪᠣᠯᠭ᠎ᠠ᠃ 31 ᠴᠢ ᠢᠰᠷᠧᠯᠴᠦᠳ ᠲᠦ ᠵᠠᠬᠢᠨ᠄ 〈ᠡᠨᠡ ᠨᠢ ᠪᠦᠬᠦᠢᠯᠡ ᠦᠶ᠎ᠡ ᠶᠢᠨ ᠴᠢᠨᠢ ᠲᠤᠷᠰᠢ ᠨᠠᠳᠠ ᠳᠤ ᠵᠣᠷᠢᠭᠤᠯᠤᠭᠳᠠᠭᠰᠠᠨ ᠠᠷᠢᠭᠤᠨ ᠲᠣᠰᠣᠯᠠᠯᠭ᠎ᠠ ᠶᠢᠨ ᠲᠣᠰᠣ ᠪᠣᠯᠣᠨ᠎ᠠ᠃ 32 ᠡᠭᠦᠨ ᠢ ᠡᠩ ᠦᠨ ᠬᠥᠮᠦᠨ ᠦ ᠳᠡᠭᠡᠷ᠎ᠡ ᠠᠰᠬᠠᠵᠤ ᠪᠣᠯᠬᠤ ᠦᠭᠡᠢ᠃ ᠡᠭᠦᠨ ᠲᠡᠢ ᠢᠵᠢᠯ ᠨᠠᠢᠷᠠᠯᠭ᠎ᠠ ᠲᠠᠢ ᠲᠣᠰᠣ ᠶᠢ ᠪᠦᠦ ᠬᠢ᠃ ᠡᠨᠡ ᠪᠣᠯ ᠠᠷᠢᠭᠤᠨ ᠪᠥᠭᠡᠳ ᠲᠠ ᠨᠠᠷ ᠲᠤ ᠴᠤ ᠠᠷᠢᠭᠤᠨ ᠪᠠᠢᠬᠤ ᠶᠣᠰᠣᠲᠠᠢ᠃ 33 ᠡᠭᠦᠨ ᠲᠡᠢ ᠠᠳᠠᠯᠢ ᠶᠢ ᠨᠠᠢᠷᠠᠭᠤᠯᠬᠤ᠂ ᠡᠰᠡᠪᠡᠯ ᠲᠠᠬᠢᠯᠴᠢ ᠪᠤᠰᠤ ᠬᠥᠮᠦᠨ ᠳᠦ ᠲᠦᠷᠬᠢᠬᠦ ᠬᠥᠮᠦᠨ ᠪᠣᠯᠭᠠᠨ ᠠᠷᠠᠳ ᠲᠦᠮᠡᠨ ᠡᠴᠡ ᠪᠡᠨ ᠲᠠᠰᠤᠯᠤᠭᠳᠠᠬᠤ ᠪᠣᠯᠣᠨ᠎ᠠ〉 ᠭᠡᠰᠡᠨ ᠭᠡᠵᠦ ᠬᠡᠯᠡ》 ᠭᠡᠪᠡ᠃
ᠤᠲᠤᠯᠭ᠎ᠠ ᠨᠠᠢᠷᠠᠭᠤᠯᠬᠤ ᠵᠢᠷᠤᠮ
34 ᠶᠣᠬᠣᠸᠠ ᠮᠣᠰᠧ ᠳᠤ ᠠᠢᠯᠠᠳᠤᠨ᠄ 《ᠴᠢ ᠠᠩᠬᠢᠯᠤᠭᠤᠨ ᠦᠨᠦᠷᠲᠡᠨ᠂ ᠲᠤᠬᠠᠢᠯᠠᠪᠠᠯ ᠮᠣᠳᠣᠨ ᠤ ᠳᠠᠪᠠᠷᠬᠠᠢ᠂ ᠬᠠᠪ ᠵᠢᠭᠠᠰᠤᠨ ᠤ ᠬᠠᠯᠢᠰᠤ ᠶᠢᠨ ᠨᠤᠨᠲᠠᠭ᠂ ᠪᠤᠲᠠ ᠮᠣᠳᠣᠨ ᠤ ᠬᠠᠯᠢᠰᠤ ᠶᠢᠨ ᠨᠤᠨᠲᠠᠭ ᠪᠣᠯᠣᠨ ᠴᠡᠪᠡᠷ ᠭᠦᠭᠦᠯ ᠲᠤᠰ ᠪᠦᠷᠢ ᠶᠢ ᠢᠵᠢᠯ ᠬᠡᠮᠵᠢᠶ᠎ᠡ ᠪᠡᠷ ᠠᠪ᠃ 35 ᠴᠢ ᠡᠳᠡᠭᠡᠷ ᠢ ᠦᠨᠦᠷᠲᠡᠨ ᠨᠠᠢᠷᠠᠭᠤᠯᠤᠭᠴᠢᠳ ᠤᠨ ᠠᠷᠭ᠎ᠠ ᠪᠠᠷ ᠬᠣᠯᠢᠭᠰᠠᠨ ᠤ ᠳᠠᠷᠠᠭ᠎ᠠ᠂ ᠳᠠᠪᠤᠰᠤ ᠬᠢᠵᠦ ᠴᠡᠪᠡᠷ᠂ ᠠᠷᠢᠭᠤᠨ ᠤᠲᠤᠯᠭ᠎ᠠ ᠨᠠᠢᠷᠠᠭᠤᠯ᠃ 36 ᠬᠡᠰᠡᠭ ᠤᠲᠤᠯᠭ᠎ᠠ ᠶᠢ ᠰᠠᠢᠨ ᠨᠤᠨᠲᠠᠭᠯᠠᠵᠤ᠂ ᠮᠢᠨᠦ ᠴᠢᠮ᠎ᠠ ᠲᠠᠢ ᠠᠭᠤᠯᠵᠠᠬᠤ ᠭᠠᠵᠠᠷ ᠪᠣᠯᠬᠤ ᠠᠭᠤᠯᠵᠠᠯᠲᠠ ᠶᠢᠨ ᠴᠠᠴᠠᠷ ᠤᠨ ᠳᠣᠲᠣᠷᠠᠬᠢ ᠭᠡᠷᠡᠴᠢᠯᠡᠯ ᠦᠨ ᠠᠪᠳᠠᠷ᠎ᠠ ᠶᠢᠨ ᠡᠮᠦᠨ᠎ᠡ ᠲᠠᠯᠪᠢ᠃ ᠡᠨᠡ ᠤᠲᠤᠯᠭ᠎ᠠ ᠨᠢ ᠲᠠ ᠨᠠᠷ ᠲᠤ ᠠᠷᠢᠭᠤᠨ ᠠᠴᠠ ᠠᠷᠢᠭᠤᠨ ᠪᠠᠢᠬᠤ ᠶᠣᠰᠣᠲᠠᠢ᠃ 37 ᠡᠭᠦᠨ ᠲᠡᠢ ᠢᠵᠢᠯ ᠨᠠᠢᠷᠠᠯᠭ᠎ᠠ ᠲᠠᠢ ᠤᠲᠤᠯᠭ᠎ᠠ ᠶᠢ ᠥᠪᠡᠷ ᠦᠨ ᠢᠶᠠᠨ ᠲᠥᠯᠥᠭᠡ ᠪᠦᠦ ᠨᠠᠢᠷᠠᠭᠤᠯ᠃ ᠡᠭᠦᠨ ᠢ ᠶᠣᠬᠣᠸᠠ ᠳᠤ ᠵᠣᠷᠢᠭᠤᠯᠤᠭᠰᠠᠨ ᠠᠷᠢᠭᠤᠨ ᠵᠦᠢᠯ ᠭᠡᠵᠦ ᠦᠵᠡ᠃ 38 ᠡᠭᠦᠨ ᠢ ᠦᠨᠦᠷᠲᠦᠬᠦ ᠶᠢᠨ ᠲᠤᠯᠠᠳᠠ ᠡᠭᠦᠨ ᠲᠡᠢ ᠠᠳᠠᠯᠢ ᠶᠢ ᠦᠢᠯᠡᠳᠬᠦ ᠬᠥᠮᠦᠨ ᠠᠷᠠᠳ ᠲᠦᠮᠡᠨ ᠡᠴᠡ ᠪᠡᠨ ᠲᠠᠰᠤᠯᠤᠭᠳᠠᠬᠤ ᠪᠣᠯᠣᠨ᠎ᠠ》 ᠭᠡᠪᠡ᠃