ᠭᠡᠲᠦᠯᠦᠯ ᠨᠠᠢ᠌ᠮᠠ
ᠮᠡᠯᠡᠬᠡᠢ ᠶᠢᠨ ᠭᠠᠮᠰᠢᠭ (2)
1 ᠶᠣᠬᠣᠸᠠ ᠮᠣᠰᠧ ᠳᠤ᠄ 《ᠹᠠᠷᠠᠣ᠋ ᠳᠤ ᠣᠴᠢᠵᠤ ᠲᠡᠭᠦᠨ ᠳᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠮᠢᠨᠦ ᠠᠷᠠᠳ ᠲᠦᠮᠡᠨ ᠢ ᠶᠠᠪᠤᠭᠤᠯ᠃ ᠲᠡᠳᠡ ᠨᠠᠳᠠ ᠳᠤ ᠮᠥᠷᠭᠥᠨ᠎ᠡ᠃ 2 ᠬᠡᠷᠪᠡ ᠴᠢ ᠲᠡᠳᠡᠨ ᠢ ᠶᠠᠪᠤᠭᠤᠯᠬᠤ ᠦᠭᠡᠢ ᠪᠣᠯ᠂ ᠪᠢ ᠪᠦᠬᠦ ᠨᠤᠲᠤᠭ ᠳᠡᠪᠢᠰᠬᠡᠷ ᠢ ᠴᠢᠨᠢ ᠮᠡᠯᠡᠬᠡᠢ ᠪᠠᠷ ᠴᠣᠬᠢᠨ᠎ᠠ︕ 3 ᠨᠢᠯ ᠮᠥᠷᠡᠨ ᠮᠡᠯᠡᠬᠡᠢ ᠪᠠᠷ ᠳᠦᠭᠦᠷᠴᠦ᠂ ᠲᠡᠳᠡᠭᠡᠷ ᠨᠢ ᠭᠠᠷᠴᠤ ᠢᠷᠡᠭᠡᠳ ᠣᠷᠳᠣᠨ ᠳᠤ ᠴᠢᠨᠢ᠂ ᠤᠨᠲᠠᠯᠭ᠎ᠠ ᠶᠢᠨ ᠥᠷᠥᠭᠡᠨ ᠳᠦ ᠴᠢᠨᠢ᠂ ᠣᠷᠣ ᠳᠡᠭᠡᠷ᠎ᠡ ᠴᠢᠨᠢ᠂ ᠵᠠᠷᠤᠴᠠ ᠨᠠᠷ ᠤᠨ ᠴᠢᠨᠢ ᠭᠡᠷ ᠲᠦ᠂ ᠠᠷᠠᠳ ᠲᠦᠮᠡᠨ ᠦ ᠴᠢᠨᠢ ᠭᠡᠷ ᠲᠦ᠂ ᠵᠤᠤᠬᠠᠨ ᠳᠤ ᠴᠢᠨᠢ᠂ ᠭᠤᠯᠢᠷ ᠤᠨ ᠰᠠᠪᠠᠨ ᠳᠤ ᠴᠢᠨᠢ ᠣᠷᠣᠬᠤ ᠪᠥᠭᠡᠳ 4 ᠴᠢᠨᠦ ᠪᠡᠶ᠎ᠡ᠂ ᠮᠥᠨ ᠴᠢᠨᠦ ᠠᠷᠠᠳ ᠲᠦᠮᠡᠨ ᠪᠤᠶᠤ ᠪᠦᠬᠦ ᠵᠠᠷᠤᠴᠠ ᠨᠠᠷ ᠤᠨ ᠴᠢᠨᠢ ᠪᠡᠶ᠎ᠡ ᠳᠡᠭᠡᠷ᠎ᠡ ᠴᠤ ᠦᠰᠦᠷᠦᠨ ᠭᠠᠷᠤᠨ᠎ᠠ〉 ᠭᠡᠵᠦ ᠬᠡᠯᠡ》 ᠬᠡᠮᠡᠨ ᠠᠢᠯᠠᠳᠪᠠ᠃ 5 ᠶᠣᠬᠣᠸᠠ ᠮᠣᠰᠧ ᠳᠤ᠄ 《ᠴᠢ ᠠᠷᠣᠨ ᠳᠤ᠄ 〈ᠲᠠᠶᠠᠭ ᠲᠠᠢ ᠭᠠᠷ ᠢᠶᠠᠨ ᠭᠣᠣᠯ ᠮᠥᠷᠡᠨ᠂ ᠭᠣᠷᠣᠬ᠎ᠠ᠂ ᠴᠥᠭᠥᠷᠥᠮ ᠤᠳ ᠤᠨ ᠳᠡᠭᠡᠭᠦᠷ ᠰᠤᠩ᠋ᠭᠠᠵᠤ᠂ ᠶᠧᠵᠢᠫᠲ ᠤᠨ ᠭᠠᠵᠠᠷ ᠳᠡᠭᠡᠷ᠎ᠡ ᠮᠡᠯᠡᠬᠡᠢ ᠶᠢ ᠭᠠᠷᠭ᠎ᠠ〉 ᠭᠡᠵᠦ ᠬᠡᠯᠡ》 ᠭᠡᠪᠡ᠃ 6 ᠠᠷᠣᠨ ᠭᠠᠷ ᠢᠶᠠᠨ ᠶᠧᠵᠢᠫᠲ ᠤᠨ ᠤᠰᠤᠨ ᠳᠡᠭᠡᠭᠦᠷ ᠰᠤᠩ᠋ᠭᠠᠭᠰᠠᠨ ᠳᠤ᠂ ᠮᠡᠯᠡᠬᠡᠢ ᠨᠦᠭᠦᠳ ᠭᠠᠷᠴᠤ ᠢᠷᠡᠭᠡᠳ ᠶᠧᠵᠢᠫᠲ ᠤᠨ ᠨᠤᠲᠤᠭ ᠢ ᠪᠦᠷᠬᠦᠭᠰᠡᠨ ᠪᠠᠢᠯ᠎ᠠ᠃ 7 ᠬᠠᠷᠢᠨ ᠶᠢᠯᠸᠢᠴᠢᠳ ᠴᠤ ᠤᠪᠠᠳᠢᠰ ᠢᠶᠠᠷ ᠢᠶᠠᠨ ᠲᠡᠢᠨ ᠬᠦ ᠦᠢᠯᠡᠳᠴᠦ᠂ ᠶᠧᠵᠢᠫᠲ ᠤᠨ ᠨᠤᠲᠤᠭ ᠲᠤ ᠮᠡᠯᠡᠬᠡᠢ ᠣᠷᠣᠭᠤᠯᠤᠯ᠎ᠠ᠃
8 ᠹᠠᠷᠠᠣ᠋ ᠮᠣᠰᠧ ᠠᠷᠣᠨ ᠬᠣᠶᠠᠷ ᠢ ᠳᠠᠭᠤᠳᠠᠵᠤ᠄ 《ᠨᠠᠳᠠ ᠠᠴᠠ ᠪᠣᠯᠣᠨ ᠮᠢᠨᠦ ᠠᠷᠠᠳ ᠲᠦᠮᠡᠨ ᠡᠴᠡ ᠮᠡᠯᠡᠬᠡᠢ ᠶᠢ ᠵᠠᠢᠯᠠᠭᠤᠯᠤᠭᠠᠴᠢ ᠭᠡᠵᠦ ᠶᠣᠬᠣᠸᠠ ᠠᠴᠠ ᠭᠤᠶᠤ᠃ ᠲᠡᠭᠡᠪᠡᠯ ᠪᠢ ᠠᠷᠠᠳ ᠲᠦᠮᠡᠨ ᠢ ᠶᠠᠪᠤᠭᠤᠯᠵᠤ᠂ ᠶᠣᠬᠣᠸᠠ ᠳᠤ ᠲᠠᠬᠢᠯ ᠡᠷᠭᠦᠭᠦᠯᠦᠶᠡ》 ᠭᠡᠵᠦ ᠬᠡᠯᠡᠪᠡ᠃ 9 ᠮᠣᠰᠧ ᠹᠠᠷᠠᠣ᠋ ᠳᠤ᠄ 《ᠲᠠ ᠲᠠᠭᠠᠯᠠᠯ ᠳᠠᠭᠠᠨ ᠨᠡᠢᠴᠡᠭᠰᠡᠨ ᠴᠠᠭ ᠢ ᠬᠡᠯᠡᠵᠦ ᠥᠭᠭᠥᠭᠡᠷᠡᠢ᠂ ᠪᠢ ᠬᠡᠵᠢᠶ᠎ᠡ ᠲᠠᠨ ᠤ ᠲᠥᠯᠥᠭᠡ᠂ ᠲᠠᠨ ᠤ ᠵᠠᠷᠤᠴᠠ ᠨᠠᠷ᠂ ᠲᠠᠨ ᠤ ᠠᠷᠠᠳ ᠲᠦᠮᠡᠨ ᠦ ᠲᠥᠯᠥᠭᠡ ᠳᠠᠭᠠᠳᠬᠠᠨ᠂ ᠲᠠᠨ ᠠᠴᠠ ᠪᠣᠯᠣᠨ ᠲᠠᠨ ᠤ ᠥᠷᠭᠥᠭᠡ ᠨᠦᠭᠦᠳ ᠡᠴᠡ ᠮᠡᠯᠡᠬᠡᠢ ᠶᠢ ᠤᠰᠠᠳᠬᠠᠵᠤ᠂ ᠵᠥᠪᠬᠡᠨ ᠮᠥᠷᠡᠨ ᠳᠦ ᠦᠯᠡᠳᠡᠭᠡᠬᠦ ᠶᠢᠨ ᠲᠥᠯᠥᠭᠡ ᠭᠤᠶᠤᠬᠤ ᠪᠤᠢ︖》 ᠭᠡᠪᠡ᠃ 10 ᠹᠠᠷᠠᠣ᠋᠄ 《ᠮᠠᠷᠭᠠᠰᠢ》 ᠭᠡᠵᠦ ᠬᠡᠯᠡᠭᠰᠡᠨ ᠳᠦ᠂ ᠮᠣᠰᠧ᠄ 《ᠲᠠᠨ ᠤ ᠬᠡᠯᠡᠭᠰᠡᠨ ᠶᠣᠰᠣᠭᠠᠷ ᠪᠣᠯᠣᠨ᠎ᠠ᠂ ᠲᠡᠢᠨ ᠬᠦ ᠲᠠ ᠮᠠᠨ ᠤ ᠪᠤᠷᠬᠠᠨ ᠶᠣᠬᠣᠸᠠ ᠰᠢᠭ᠋ ᠨᠢᠭᠡᠨ ᠨᠢ ᠥᠭᠡᠷ᠎ᠡ ᠪᠠᠢᠬᠤ ᠦᠭᠡᠢ ᠭᠡᠳᠡᠭ ᠢ ᠮᠡᠳᠡᠬᠦ ᠪᠣᠯᠲᠤᠭᠠᠢ᠃ 11 ᠮᠡᠯᠡᠬᠡᠢ ᠲᠠᠨ ᠠᠴᠠ᠂ ᠮᠥᠨ ᠲᠠᠨ ᠤ ᠥᠷᠭᠥᠭᠡ ᠨᠦᠭᠦᠳ ᠡᠴᠡ᠂ ᠲᠠᠨ ᠤ ᠲᠦᠰᠢᠮᠡᠳ ᠪᠣᠯᠣᠨ ᠲᠠᠨ ᠤ ᠠᠷᠠᠳ ᠲᠦᠮᠡᠨ ᠦ ᠬᠢ ᠡᠴᠡ ᠠᠷᠢᠯᠵᠤ᠂ ᠵᠥᠪᠬᠡᠨ ᠮᠥᠷᠡᠨ ᠳᠦ ᠦᠯᠡᠳᠡᠬᠦ ᠪᠣᠯᠣᠨ᠎ᠠ》 ᠭᠡᠪᠡ᠃ 12 ᠮᠣᠰᠧ᠂ ᠠᠷᠣᠨ ᠬᠣᠶᠠᠷ ᠹᠠᠷᠠᠣ᠋ ᠶᠢᠨ ᠬᠢ ᠡᠴᠡ ᠭᠠᠷᠴᠤ ᠢᠷᠡᠯ᠎ᠡ᠃ ᠹᠠᠷᠠᠣ᠋ ᠶᠢᠨ ᠳᠤ ᠪᠠᠭᠤᠯᠭᠠᠭᠰᠠᠨ ᠮᠡᠯᠡᠬᠡᠢ ᠶᠢᠨ ᠲᠤᠬᠠᠢ ᠮᠣᠰᠧ ᠶᠣᠬᠣᠸᠠ ᠠᠴᠠ ᠬᠠᠰᠬᠢᠷᠤᠨ ᠭᠤᠶᠤᠵᠠᠢ᠃ 13 ᠶᠣᠬᠣᠸᠠ ᠮᠣᠰᠧ ᠶᠢᠨ ᠦᠭᠡ ᠶᠢᠨ ᠶᠣᠰᠣᠭᠠᠷ ᠦᠢᠯᠡᠳᠦᠭᠰᠡᠨ ᠳᠦ᠂ ᠮᠡᠯᠡᠬᠡᠢ ᠨᠦᠭᠦᠳ ᠭᠡᠷ᠂ ᠬᠠᠰᠢᠶ᠎ᠠ᠂ ᠬᠡᠭᠡᠷ᠎ᠡ ᠲᠠᠯ᠎ᠠ ᠳᠤ ᠦᠬᠦᠵᠡᠭᠡᠪᠡ᠃ 14 ᠬᠥᠮᠦᠰ ᠲᠡᠳᠡᠭᠡᠷ ᠢ ᠴᠤᠭᠯᠠᠭᠤᠯᠵᠤ ᠣᠪᠣᠭᠠᠯᠠᠭᠰᠠᠨ ᠳᠤ᠂ ᠭᠠᠵᠠᠷ ᠥᠮᠡᠬᠡᠢᠷᠡᠭᠰᠡᠨ ᠪᠠᠢᠯ᠎ᠠ᠃ 15 ᠭᠡᠪᠡᠴᠦ ᠠᠮᠤᠷ ᠠᠮᠤᠭᠤᠯᠠᠩ ᠪᠣᠯᠣᠭᠰᠠᠨ ᠢ ᠹᠠᠷᠠᠣ᠋ ᠦᠵᠡᠭᠡᠳ ᠵᠢᠷᠦᠬᠡ ᠪᠡᠨ ᠬᠠᠲᠠᠭᠤᠷᠠᠭᠤᠯᠵᠤ᠂ ᠲᠡᠳᠡᠨ ᠦ ᠬᠢ ᠶᠢ ᠰᠣᠨᠣᠰᠣᠭᠰᠠᠨ ᠦᠭᠡᠢ᠃ ᠡᠨᠡ ᠨᠢ ᠶᠣᠬᠣᠸᠠ ᠶᠢᠨ ᠠᠢᠯᠠᠳᠤᠭᠰᠠᠨ ᠶᠣᠰᠣᠭᠠᠷ ᠪᠣᠯᠵᠠᠢ᠃
ᠰᠢᠮᠠᠭᠤᠯ ᠤᠨ ᠭᠠᠮᠰᠢᠭ (3)
16 ᠶᠣᠬᠣᠸᠠ ᠮᠣᠰᠧ ᠳᠤ᠄ 《ᠠᠷᠣᠨ ᠳᠤ᠄ 〈ᠲᠠᠶᠠᠭ ᠢᠶᠠᠨ ᠰᠤᠩ᠋ᠭᠠᠨ ᠭᠠᠵᠠᠷ ᠤᠨ ᠲᠣᠭᠣᠰᠣ ᠶᠢ ᠴᠣᠬᠢ᠃ ᠲᠡᠭᠡᠪᠡᠯ ᠶᠧᠵᠢᠫᠲ ᠳᠠᠶᠠᠭᠠᠷ ᠰᠢᠮᠠᠭᠤᠯ ᠭᠠᠷᠬᠤ ᠪᠣᠯᠣᠨ᠎ᠠ〉 ᠭᠡᠵᠦ ᠬᠡᠯᠡ》 ᠭᠡᠰᠡᠨ ᠳᠦ᠂ 17 ᠲᠡᠳᠡ ᠲᠡᠢᠨ ᠬᠦ ᠦᠢᠯᠡᠳᠪᠡ᠃ ᠠᠷᠣᠨ ᠲᠠᠶᠠᠭ ᠢᠶᠠᠨ ᠪᠠᠷᠢᠨ ᠭᠠᠷ ᠢᠶᠠᠨ ᠰᠤᠩ᠋ᠭᠠᠵᠤ᠂ ᠭᠠᠵᠠᠷ ᠤᠨ ᠲᠣᠭᠣᠰᠣ ᠶᠢ ᠴᠣᠬᠢᠬᠤ ᠳᠤ᠂ ᠬᠥᠮᠦᠨ᠂ ᠮᠠᠯ ᠳᠤ ᠰᠢᠮᠠᠭᠤᠯ ᠰᠢᠪᠠᠪᠠ᠃ ᠶᠧᠵᠢᠫᠲ ᠤᠨ ᠨᠤᠲᠤᠭ ᠳᠠᠶᠠᠭᠠᠷ ᠭᠠᠵᠠᠷ ᠤᠨ ᠪᠦᠬᠦ ᠲᠣᠭᠣᠰᠣ ᠨᠢ ᠰᠢᠮᠠᠭᠤᠯ ᠪᠣᠯᠣᠨ ᠬᠤᠪᠢᠷᠠᠵᠠᠢ᠃ 18 ᠶᠢᠯᠸᠢᠴᠢᠳ ᠤᠪᠠᠳᠢᠰ ᠢᠶᠠᠷ ᠢᠶᠠᠨ ᠰᠢᠮᠠᠭᠤᠯ ᠭᠠᠷᠭᠠᠬᠤ ᠭᠡᠵᠦ ᠣᠷᠣᠯᠳᠤᠭᠰᠠᠨ ᠪᠣᠯᠪᠠᠴᠤ ᠴᠢᠳᠠᠭᠰᠠᠨ ᠦᠭᠡᠢ᠃ ᠰᠢᠮᠠᠭᠤᠯ ᠬᠥᠮᠦᠨ᠂ ᠮᠠᠯ ᠳᠤ ᠰᠢᠪᠠᠪᠠ᠃ 19 ᠶᠢᠯᠸᠢᠴᠢᠳ ᠹᠠᠷᠠᠣ᠋ ᠳᠤ᠄ 《ᠡᠨᠡ ᠴᠢᠨᠢ ᠪᠤᠷᠬᠠᠨ ᠤ ᠬᠤᠷᠤᠭᠤ 6 ᠪᠠᠢᠨ᠎ᠠ》 ᠭᠡᠵᠦ ᠬᠡᠯᠡᠵᠡᠢ᠃ ᠭᠡᠪᠡᠴᠦ ᠹᠠᠷᠠᠣ᠋ ᠶᠢᠨ ᠵᠢᠷᠦᠬᠡ ᠬᠠᠲᠠᠭᠤᠷᠠᠵᠤ᠂ ᠰᠣᠨᠣᠰᠣᠭᠰᠠᠨ ᠦᠭᠡᠢ᠃ ᠡᠨᠡ ᠨᠢ ᠶᠣᠬᠣᠸᠠ ᠶᠢᠨ ᠠᠢᠯᠠᠳᠤᠭᠰᠠᠨ ᠶᠣᠰᠣᠭᠠᠷ ᠪᠣᠯᠪᠠ᠃
ᠢᠯᠠᠭᠠᠨ ᠤ ᠭᠠᠮᠰᠢᠭ (4)
20 ᠶᠣᠬᠣᠸᠠ ᠮᠣᠰᠧ ᠳᠤ᠄ 《ᠴᠢ ᠥᠷᠯᠥᠭᠡ ᠡᠷᠲᠡ ᠪᠣᠰ᠂ ᠹᠠᠷᠠᠣ᠋ ᠤᠰᠤᠨ ᠤ ᠬᠥᠪᠡᠭᠡᠨ ᠳᠦ ᠭᠠᠷᠬᠤ ᠳᠤ ᠲᠡᠭᠦᠨ ᠦ ᠡᠮᠦᠨ᠎ᠡ ᠵᠣᠭᠰᠣᠭᠠᠳ᠄ 〈ᠶᠣᠬᠣᠸᠠ ᠡᠢᠨ ᠬᠦ ᠠᠢᠯᠠᠳᠴᠤ ᠪᠠᠢᠨ᠎ᠠ᠄ ᠮᠢᠨᠦ ᠠᠷᠠᠳ ᠲᠦᠮᠡᠨ ᠢ ᠶᠠᠪᠤᠭᠤᠯ᠃ ᠲᠡᠳᠡ ᠨᠠᠳᠠ ᠳᠤ ᠮᠥᠷᠭᠥᠨ᠎ᠡ᠃ 21 ᠬᠡᠷᠪᠡ ᠴᠢ ᠮᠢᠨᠦ ᠠᠷᠠᠳ ᠲᠦᠮᠡᠨ ᠢ ᠶᠠᠪᠤᠭᠤᠯᠬᠤ ᠦᠭᠡᠢ ᠪᠣᠯ ᠪᠢ ᠴᠢᠮ᠎ᠠ ᠳᠤ ᠪᠣᠯᠣᠨ ᠴᠢᠨᠦ ᠵᠠᠷᠤᠴᠠ ᠨᠠᠷ᠂ ᠴᠢᠨᠦ ᠠᠷᠠᠳ ᠲᠦᠮᠡᠨ᠂ ᠴᠢᠨᠦ ᠥᠷᠭᠥᠭᠡ ᠨᠦᠭᠦᠳ ᠤᠷᠤᠭᠤ ᠪᠥᠭᠡᠮ ᠢᠯᠠᠭ᠎ᠠ ᠶᠠᠪᠤᠭᠤᠯᠤᠨ᠎ᠠ᠃ ᠶᠧᠵᠢᠫᠲ᠋ᠴᠦᠳ ᠦᠨ ᠭᠡᠷ ᠤᠳ᠂ ᠮᠥᠨ ᠲᠡᠳᠡᠨ ᠦ ᠭᠠᠵᠠᠷ ᠪᠥᠭᠡᠮ ᠢᠯᠠᠭ᠎ᠠ ᠪᠠᠷ ᠳᠦᠭᠦᠷᠦᠨ᠎ᠡ︕ 22 ᠭᠡᠪᠡᠴᠦ ᠲᠡᠷᠡ ᠡᠳᠦᠷ ᠪᠢ ᠥᠪᠡᠷ ᠦᠨ ᠢᠶᠠᠨ ᠠᠷᠠᠳ ᠲᠦᠮᠡᠨ ᠦ ᠰᠠᠭᠤᠳᠠᠭ ᠭᠣᠱᠧᠨ ᠨᠤᠲᠤᠭ ᠢ ᠲᠤᠰᠠᠭᠠᠷᠯᠠᠵᠤ᠂ ᠲᠡᠨᠳᠡ ᠢᠯᠠᠭ᠎ᠠ ᠶᠢᠨ ᠰᠦᠷᠦᠭ ᠪᠠᠢᠯᠭᠠᠬᠤ ᠦᠭᠡᠢ᠃ ᠲᠠ ᠨᠠᠷ ᠡᠭᠦᠨ ᠢᠶᠡᠷ ᠶᠣᠬᠣᠸᠠ ᠪᠢ ᠭᠠᠵᠠᠷ ᠳᠡᠯᠡᠬᠡᠢ ᠶᠢᠨ ᠳᠤᠮᠳᠠ ᠪᠠᠢᠭ᠎ᠠ ᠭᠡᠳᠡᠭ ᠢ ᠮᠡᠳᠡᠬᠦ ᠪᠣᠯᠣᠨ᠎ᠠ᠃ 23 ᠪᠢ ᠥᠪᠡᠷ ᠦᠨ ᠢᠶᠠᠨ ᠠᠷᠠᠳ ᠲᠦᠮᠡᠨ ᠪᠠ ᠴᠢᠨᠦ ᠠᠷᠠᠳ ᠲᠦᠮᠡᠨ ᠦ ᠬᠣᠭᠣᠷᠣᠨᠳᠣ ᠵᠠᠭᠠᠭ ᠲᠠᠯᠪᠢᠨ᠎ᠠ᠃ ᠡᠨᠡ ᠭᠠᠢᠬᠠᠮᠰᠢᠭ ᠮᠠᠷᠭᠠᠰᠢ ᠲᠣᠬᠢᠶᠠᠯᠳᠤᠬᠤ ᠪᠣᠯᠣᠨ᠎ᠠ〉 ᠭᠡᠵᠦ ᠬᠡᠯᠡ》 ᠬᠡᠮᠡᠨ ᠠᠢᠯᠠᠳᠪᠠ᠃ 24 ᠶᠣᠬᠣᠸᠠ ᠲᠡᠢᠨ ᠬᠦ ᠦᠢᠯᠡᠳᠦᠭᠰᠡᠨ ᠳᠦ᠂ ᠠᠶᠤᠮᠰᠢᠭᠲᠤ ᠢᠯᠠᠭᠠᠨ ᠰᠦᠷᠦᠭ ᠹᠠᠷᠠᠣ᠋ ᠶᠢᠨ ᠣᠷᠳᠣᠨ ᠪᠣᠯᠣᠨ ᠵᠠᠷᠤᠴᠠ ᠨᠠᠷ ᠤᠨ ᠬᠢᠨᠢ ᠭᠡᠷ ᠤᠳ ᠤᠷᠤᠭᠤ ᠬᠦᠷᠴᠦ ᠢᠷᠡᠪᠡ᠃ ᠶᠧᠵᠢᠫᠲ ᠤᠨ ᠪᠦᠬᠦ ᠭᠠᠵᠠᠷ ᠢᠯᠠᠭ᠎ᠠ ᠠᠴᠠ ᠪᠣᠯᠵᠤ ᠰᠦᠢᠳᠴᠡᠢ᠃
25 ᠹᠠᠷᠠᠣ᠋ ᠮᠣᠰᠧ ᠠᠷᠣᠨ ᠬᠣᠶᠠᠷ ᠢ ᠳᠠᠭᠤᠳᠠᠨ᠄ 《ᠶᠠᠪᠤᠵᠠᠭ᠎ᠠ᠂ ᠡᠨᠡ ᠭᠠᠵᠠᠷ ᠲᠤ ᠪᠤᠷᠬᠠᠨ ᠳᠠᠭᠠᠨ ᠲᠠᠬᠢᠯ ᠡᠷᠭᠦᠭᠡᠷᠡᠢ》 ᠭᠡᠬᠦ ᠳᠦ᠂ 26 ᠮᠣᠰᠧ᠄ 《ᠲᠡᠭᠡᠵᠦ ᠪᠣᠯᠬᠤ ᠦᠭᠡᠢ᠃ ᠪᠢᠳᠡ ᠶᠣᠬᠣᠸᠠ ᠪᠤᠷᠬᠠᠨ ᠳᠤ ᠲᠠᠬᠢᠯ ᠡᠷᠭᠦᠬᠦ ᠶᠢ ᠶᠧᠵᠢᠫᠲ᠋ᠴᠦᠳ ᠵᠢᠭ᠍ᠰᠢᠨ᠎ᠡ᠃ ᠬᠡᠷᠪᠡ ᠮᠠᠨ ᠤ ᠬᠢᠨ ᠶᠧᠵᠢᠫᠲ᠋ᠴᠦᠳ ᠦᠨ ᠵᠢᠭ᠍ᠰᠢᠳᠡᠭ ᠶᠠᠭᠤᠮᠠᠰ ᠢ ᠨᠢᠳᠦᠨ ᠳᠡᠭᠡᠷ᠎ᠡ ᠨᠢ ᠡᠷᠭᠦᠪᠡᠯ᠂ ᠲᠡᠳᠡ ᠪᠢᠳᠡᠨ ᠤᠷᠤᠭᠤ ᠴᠢᠯᠠᠭᠤ ᠰᠢᠳᠡᠬᠦ ᠪᠢᠰᠢ ᠤᠤ︖ 27 ᠶᠣᠬᠣᠸᠠ ᠪᠤᠷᠬᠠᠨ ᠳᠠᠭᠠᠨ ᠲᠠᠬᠢᠯ ᠡᠷᠭᠦᠬᠦ ᠶᠢᠨ ᠲᠤᠯᠠᠳᠠ ᠮᠠᠨ ᠤ ᠬᠢᠨ ᠲᠡᠭᠦᠨ ᠦ ᠬᠡᠯᠡᠭᠰᠡᠨ ᠶᠣᠰᠣᠭᠠᠷ ᠴᠥᠯ ᠤᠷᠤᠭᠤ ᠭᠤᠷᠪᠠᠨ ᠡᠳᠦᠷ ᠦᠨ ᠠᠶᠠᠨ ᠳᠤ ᠶᠠᠪᠤᠬᠤ ᠶᠣᠰᠣᠲᠠᠢ》 ᠭᠡᠪᠡ᠃ 28 ᠹᠠᠷᠠᠣ᠋᠄ 《ᠪᠢ ᠲᠠ ᠨᠠᠷ ᠢ ᠶᠠᠪᠤᠭᠤᠯᠤᠨ᠎ᠠ᠃ ᠴᠥᠯ ᠳᠤ ᠶᠣᠬᠣᠸᠠ ᠪᠤᠷᠬᠠᠨ ᠳᠠᠭᠠᠨ ᠲᠠᠬᠢᠯ ᠡᠷᠭᠦᠵᠦ ᠪᠣᠯᠣᠨ᠎ᠠ᠂ ᠭᠡᠪᠡᠴᠦ ᠪᠢᠲᠡᠭᠡᠢ ᠶᠡᠬᠡ ᠬᠣᠯᠠ ᠶᠠᠪᠤ᠃ ᠮᠢᠨᠦ ᠲᠥᠯᠥᠭᠡ ᠴᠤ ᠭᠤᠶᠤᠭᠠᠷᠠᠢ》 ᠭᠡᠪᠡ᠃ 29 ᠮᠣᠰᠧ᠄ 《ᠪᠢ ᠲᠠᠨ ᠤ ᠬᠢ ᠡᠴᠡ ᠭᠠᠷᠤᠮᠠᠭᠴᠠ ᠪᠠᠨ ᠶᠣᠬᠣᠸᠠ ᠠᠴᠠ ᠭᠤᠶᠤᠨ᠎ᠠ᠃ ᠮᠠᠷᠭᠠᠰᠢ ᠪᠣᠯᠬᠤ ᠳᠤ ᠪᠥᠭᠡᠮ ᠢᠯᠠᠭ᠎ᠠ ᠹᠠᠷᠠᠣ᠋ ᠪᠣᠯᠣᠨ ᠲᠡᠭᠦᠨ ᠦ ᠵᠠᠷᠤᠴᠠ ᠨᠠᠷ᠂ ᠲᠡᠭᠦᠨ ᠦ ᠠᠷᠠᠳ ᠲᠦᠮᠡᠨ ᠡᠴᠡ ᠵᠠᠢᠯᠠᠨ᠎ᠠ᠃ ᠬᠠᠷᠢᠨ ᠹᠠᠷᠠᠣ᠋ ᠲᠠ ᠠᠷᠠᠳ ᠲᠦᠮᠡᠨ ᠦ ᠶᠣᠬᠣᠸᠠ ᠳᠤ ᠲᠠᠬᠢᠯ ᠡᠷᠭᠦᠬᠦ ᠪᠡᠷ ᠶᠠᠪᠤᠬᠤ ᠶᠢ ᠵᠥᠪᠰᠢᠶᠡᠷᠡᠬᠦ ᠦᠭᠡᠢ ᠬᠡᠮᠡᠨ ᠮᠡᠬᠡᠯᠡᠵᠦ ᠪᠣᠯᠬᠤ ᠦᠭᠡᠢ ᠰᠢᠦ》 ᠭᠡᠵᠦ ᠬᠡᠯᠡᠪᠡ᠃
30 ᠮᠣᠰᠧ ᠹᠠᠷᠠᠣ᠋ ᠶᠢᠨ ᠬᠢ ᠡᠴᠡ ᠭᠠᠷᠴᠤ᠂ ᠶᠣᠬᠣᠸᠠ ᠠᠴᠠ ᠭᠤᠶᠤᠭᠰᠠᠨ ᠳᠤ᠂ 31 ᠶᠣᠬᠣᠸᠠ ᠮᠣᠰᠧ ᠶᠢᠨ ᠬᠡᠯᠡᠭᠰᠡᠨ ᠶᠣᠰᠣᠭᠠᠷ ᠦᠢᠯᠡᠳᠪᠡ᠃ ᠪᠥᠭᠡᠮ ᠢᠯᠠᠭ᠎ᠠ ᠹᠠᠷᠠᠣ᠋ ᠪᠣᠯᠣᠨ ᠲᠡᠭᠦᠨ ᠦ ᠵᠠᠷᠤᠴᠠ ᠨᠠᠷ᠂ ᠲᠡᠭᠦᠨ ᠦ ᠠᠷᠠᠳ ᠲᠦᠮᠡᠨ ᠡᠴᠡ ᠵᠠᠢᠯᠠᠵᠤ᠂ ᠨᠢᠭᠡ ᠨᠢ ᠴᠤ ᠦᠯᠡᠳᠡᠭᠰᠡᠨ ᠦᠭᠡᠢ᠃ 32 ᠭᠡᠪᠡᠴᠦ ᠹᠠᠷᠠᠣ᠋ ᠡᠨᠡ ᠤᠳᠠᠭ᠎ᠠ ᠴᠤ ᠮᠥᠨ ᠵᠢᠷᠦᠬᠡ ᠪᠡᠨ ᠬᠠᠲᠠᠭᠤᠷᠠᠭᠤᠯᠵᠤ᠂ ᠠᠷᠠᠳ ᠲᠦᠮᠡᠨ ᠢ ᠶᠠᠪᠤᠭᠤᠯᠤᠭᠰᠠᠨ ᠦᠭᠡᠢ᠃