1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠭᠤᠴᠢᠨ ᠲᠠᠪᠤ
 ᠠᠮᠠᠷᠠᠯ ᠤᠨ ᠡᠳᠦᠷ ᠦᠨ ᠵᠢᠷᠤᠮ ᠤᠳ

1 ᠮᠣᠰᠧ ᠢᠰᠷᠧᠯᠴᠦᠳ ᠦᠨ ᠨᠡᠢᠲᠡ ᠴᠢᠭᠤᠯᠭᠠᠨ ᠢ ᠬᠤᠷᠠᠯᠳᠤᠭᠤᠯᠤᠨ᠂ ᠲᠡᠳᠡᠨ ᠳᠦ᠄ 《ᠶᠣᠬᠣᠸᠠ ᠲᠠ ᠨᠠᠷ ᠲᠤ ᠡᠳᠡᠭᠡᠷ ᠵᠦᠢᠯ ᠢ ᠬᠢ ᠭᠡᠵᠦ ᠲᠤᠰᠢᠶᠠᠭᠰᠠᠨ᠃

2 ᠵᠢᠷᠭᠤᠭᠠᠨ ᠡᠳᠦᠷ ᠠᠵᠢᠯ ᠬᠢ᠂ ᠬᠠᠷᠢᠨ ᠳᠣᠯᠣᠳᠠᠬᠢ ᠡᠳᠦᠷ ᠨᠢ ᠠᠷᠢᠭᠤᠨ ᠡᠳᠦᠷ᠂ ᠶᠣᠬᠣᠸᠠ ᠳᠤ ᠵᠣᠷᠢᠭᠤᠯᠤᠭᠰᠠᠨ ᠪᠦᠷᠢᠨ ᠠᠮᠠᠷᠠᠯ ᠤᠨ ᠡᠳᠦᠷ ᠪᠣᠯᠬᠣᠷ ᠡᠨᠡ ᠡᠳᠦᠷ ᠠᠵᠢᠯ ᠬᠢᠳᠡᠭ ᠬᠥᠮᠦᠨ ᠪᠣᠯᠭᠠᠨ ᠦᠬᠦᠬᠦ ᠶᠣᠰᠣᠲᠠᠢ᠃ 3 ᠠᠮᠠᠷᠠᠯ ᠤᠨ ᠡᠳᠦᠷ ᠲᠠ ᠨᠠᠷ ᠰᠠᠭᠤᠵᠤ ᠪᠠᠢᠭ᠎ᠠ ᠭᠠᠵᠠᠷ ᠲᠠᠭᠠᠨ ᠭᠠᠯ ᠠᠰᠠᠭᠠᠵᠤ ᠪᠣᠯᠬᠤ ᠦᠭᠡᠢ》 ᠭᠡᠪᠡ᠃
 ᠴᠠᠴᠠᠷ ᠤᠨ ᠮᠠᠲ᠋ᠧᠷᠢᠶᠠᠯ

4 ᠮᠣᠰᠧ ᠢᠰᠷᠧᠯᠴᠦᠳ ᠦᠨ ᠨᠡᠢᠲᠡ ᠴᠢᠭᠤᠯᠭᠠᠨ ᠳᠤ᠄ 《ᠶᠣᠬᠣᠸᠠ ᠡᠨᠡ ᠵᠦᠢᠯ ᠢ ᠲᠤᠰᠢᠶᠠᠭᠰᠠᠨ᠃ 5 ᠲᠠ ᠨᠠᠷ ᠥᠪᠡᠷᠰᠡᠳ ᠦᠨ ᠢᠶᠠᠨ ᠪᠠᠢᠭ᠎ᠠ ᠵᠦᠢᠯ ᠡᠴᠡ ᠶᠣᠬᠣᠸᠠ ᠳᠤ ᠬᠠᠨᠳᠢᠪ ᠪᠣᠯᠭᠠᠨ ᠡᠷᠭᠦ᠃ ᠳᠤᠷᠠᠲᠠᠢ ᠡᠷᠭᠦᠬᠦ ᠬᠥᠮᠦᠨ ᠪᠣᠯᠭᠠᠨ ᠠᠪᠴᠢᠷᠠᠵᠤ ᠪᠣᠯᠣᠨ᠎ᠠ᠃ ᠶᠣᠬᠣᠸᠠ ᠳᠤ ᠪᠠᠷᠢᠬᠤ ᠬᠠᠨᠳᠢᠪ ᠭᠡᠪᠡᠯ᠂ ᠠᠯᠲᠠ᠂ ᠮᠥᠩᠭᠥ᠂ ᠬᠦᠷᠡᠯ ᠬᠢᠭᠡᠳ 6 ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠨᠡᠬᠡᠭᠰᠡᠨ ᠮᠠᠭᠠᠯᠢᠩ᠋ᠭᠤ᠂ ᠢᠮᠠᠭᠠᠨ ᠤ ᠰᠣᠷ᠂ 7 ᠤᠯᠠᠭᠠᠨ ᠢᠶᠠᠷ ᠪᠤᠳᠤᠭᠰᠠᠨ ᠬᠤᠴᠠ ᠶᠢᠨ ᠠᠷᠠᠰᠤ᠂ ᠳᠠᠯᠠᠢ ᠶᠢᠨ ᠭᠠᠬᠠᠢ ᠶᠢᠨ ᠠᠷᠠᠰᠤ᠂ ᠬᠤᠸᠠᠢᠰᠠ ᠮᠣᠳᠣ᠂ 8 ᠳ᠋ᠧᠩ ᠤᠨ ᠲᠣᠰᠣ᠂ ᠲᠣᠰᠣᠯᠠᠯᠭ᠎ᠠ ᠶᠢᠨ ᠲᠣᠰᠣᠨ ᠳᠤ ᠬᠢᠬᠦ ᠦᠨᠦᠷᠲᠡᠨ᠂ ᠠᠩᠬᠢᠯᠤᠭᠤᠨ ᠤᠲᠤᠯᠭ᠎ᠠ ᠳᠤ ᠬᠢᠬᠦ ᠦᠨᠦᠷᠲᠡᠨ᠂ 9 ᠡᠹᠣᠳ ᠪᠣᠯᠣᠨ ᠴᠡᠭᠡᠵᠢᠪᠴᠢᠨ ᠳᠤ ᠰᠠᠭᠤᠯᠭᠠᠬᠤ ᠰᠤᠳᠠᠯᠲᠤ ᠮᠠᠨᠤᠬᠤ ᠪᠠ ᠥᠭᠡᠷ᠎ᠡ ᠡᠷᠳᠡᠨᠢ ᠶᠢᠨ ᠴᠢᠯᠠᠭᠤ ᠨᠤᠭᠤᠳ ᠶᠤᠮ᠃

10 ᠲᠠ ᠨᠠᠷ ᠤᠨ ᠳᠤᠮᠳᠠ ᠠᠴᠠ ᠤᠷᠠᠨ ᠬᠥᠮᠦᠨ ᠪᠣᠯᠭᠠᠨ ᠢᠷᠡᠵᠦ᠂ ᠶᠣᠬᠣᠸᠠ ᠶᠢᠨ ᠲᠤᠰᠢᠶᠠᠭᠰᠠᠨ ᠪᠦᠬᠦᠨ ᠢ ᠬᠢ᠂ 11 ᠴᠠᠴᠠᠷ᠂ ᠲᠤᠬᠠᠢᠯᠠᠪᠠᠯ ᠮᠠᠢᠬᠠᠨ᠂ ᠲᠡᠭᠦᠨ ᠦ ᠪᠦᠷᠢᠶᠡᠰᠦ᠂ ᠳᠡᠭᠡᠭᠡ᠂ ᠳ᠋ᠦᠨᠵᠡ᠂ ᠬᠥᠨᠳᠡᠯᠡᠪᠴᠢ ᠮᠣᠳᠣ᠂ ᠪᠠᠭᠠᠨ᠎ᠠ ᠪᠠ ᠲᠡᠭᠦᠨ ᠦ ᠤᠭᠯᠠᠭᠤᠷ᠂ 12 ᠠᠪᠳᠠᠷ᠎ᠠ ᠪᠠ ᠲᠡᠭᠦᠨ ᠦ ᠳᠠᠮᠨᠠᠭᠤᠷᠭ᠎ᠠ᠂ ᠮᠥᠨ ᠬᠡᠯᠲᠦᠷᠢᠭᠦᠯᠭᠡ ᠶᠢᠨ ᠬᠠᠪᠬᠠᠭ ᠪᠠ ᠲᠡᠭᠦᠨ ᠢ ᠪᠦᠲᠡᠭᠡᠬᠦ ᠬᠥᠰᠢᠭᠡ᠂ 13 ᠰᠢᠷᠡᠭᠡ ᠪᠠ ᠲᠡᠭᠦᠨ ᠦ ᠳᠠᠮᠨᠠᠭᠤᠷᠭ᠎ᠠ᠂ ᠲᠡᠭᠦᠨ ᠦ ᠠᠯᠢᠪᠠ ᠬᠡᠷᠡᠭᠰᠡᠯ ᠪᠣᠯᠣᠨ ᠲᠠᠪᠢᠭ ᠪᠣᠣᠪᠣ᠂ 14 ᠭᠡᠷᠡᠯᠲᠦᠭᠦᠯᠬᠦ ᠳ᠋ᠧᠩ ᠤᠨ ᠲᠠᠯᠪᠢᠭᠤᠷ ᠪᠠ ᠲᠡᠭᠦᠨ ᠦ ᠬᠡᠷᠡᠭᠰᠡᠯ᠂ ᠳ᠋ᠧᠩ ᠤᠳ᠂ ᠳ᠋ᠧᠩ ᠤᠨ ᠲᠣᠰᠣ᠂ 15 ᠤᠲᠤᠯᠭᠠᠲᠤ ᠲᠠᠬᠢᠯ ᠤᠨ ᠰᠢᠷᠡᠭᠡ ᠪᠠ ᠲᠡᠭᠦᠨ ᠦ ᠳᠠᠮᠨᠠᠭᠤᠷᠭ᠎ᠠ᠂ ᠲᠣᠰᠣᠯᠠᠯᠭ᠎ᠠ ᠶᠢᠨ ᠲᠣᠰᠣ ᠪᠣᠯᠣᠨ ᠠᠩᠬᠢᠯᠤᠭᠤᠨ ᠤᠲᠤᠯᠭ᠎ᠠ ᠳᠤ ᠬᠢᠬᠦ ᠦᠨᠦᠷᠲᠡᠨ᠂ ᠴᠠᠴᠠᠷ ᠲᠤ ᠣᠷᠣᠬᠤ ᠬᠥᠰᠢᠭᠡᠨ ᠡᠭᠦᠳᠡ᠂ 16 ᠰᠢᠲᠠᠭᠠᠯᠭᠠᠲᠤ ᠲᠠᠬᠢᠯ ᠤᠨ ᠰᠢᠷᠡᠭᠡ ᠪᠠ ᠲᠡᠭᠦᠨ ᠦ ᠬᠦᠷᠡᠯ ᠰᠠᠷᠠᠯᠵᠢ 33 ᠂ ᠲᠡᠭᠦᠨ ᠦ ᠳᠠᠮᠨᠠᠭᠤᠷᠭ᠎ᠠ ᠪᠠ ᠲᠡᠭᠦᠨ ᠦ ᠠᠯᠢᠪᠠ ᠬᠡᠷᠡᠭᠰᠡᠯ᠂ ᠤᠬᠢᠶᠠᠯᠭ᠎ᠠ ᠶᠢᠨ ᠰᠠᠪᠠ ᠪᠠ ᠲᠡᠭᠦᠨ ᠦ ᠰᠠᠭᠤᠷᠢ᠂ 17 ᠬᠦᠷᠢᠶᠡᠨ ᠦ ᠬᠥᠰᠢᠭᠡ ᠪᠠ ᠲᠡᠭᠦᠨ ᠦ ᠪᠠᠭᠠᠨ᠎ᠠ᠂ ᠤᠭᠯᠠᠭᠤᠷ ᠪᠣᠯᠣᠨ ᠬᠦᠷᠢᠶᠡᠨ ᠦ ᠬᠥᠰᠢᠭᠡᠨ ᠡᠭᠦᠳᠡ᠂ 18 ᠴᠠᠴᠠᠷ ᠤᠨ ᠭᠠᠳᠠᠰᠤ᠂ ᠬᠦᠷᠢᠶᠡᠨ ᠦ ᠭᠠᠳᠠᠰᠤ ᠪᠣᠯᠣᠨ ᠲᠡᠳᠡᠭᠡᠷ ᠦᠨ ᠣᠭᠣᠰᠣᠷ᠂ 19 ᠠᠷᠢᠭᠤᠨ ᠭᠠᠵᠠᠷ ᠤᠨ ᠦᠢᠯᠡᠴᠢᠯᠡᠯ ᠳᠦ ᠵᠣᠷᠢᠭᠤᠯᠤᠭᠰᠠᠨ ᠨᠡᠬᠡᠮᠡᠯ ᠬᠤᠪᠴᠠᠰᠤ᠂ ᠲᠤᠬᠠᠢᠯᠠᠪᠠᠯ ᠲᠠᠬᠢᠯᠴᠢ ᠪᠠᠷ ᠦᠢᠯᠡᠴᠢᠯᠡᠬᠦ ᠳᠦ ᠡᠮᠦᠰᠬᠦ ᠲᠠᠬᠢᠯᠴᠢ ᠠᠷᠣᠨ ᠤ ᠠᠷᠢᠭᠤᠨ ᠬᠤᠪᠴᠠᠰᠤ ᠬᠢᠭᠡᠳ ᠲᠡᠭᠦᠨ ᠦ ᠬᠥᠪᠡᠭᠦᠳ ᠦᠨ ᠬᠤᠪᠴᠠᠰᠤ ᠶᠢ ᠬᠢ》 ᠭᠡᠪᠡ᠃

20 ᠢᠰᠷᠧᠯᠴᠦᠳ ᠦᠨ ᠨᠡᠢᠲᠡ ᠴᠢᠭᠤᠯᠭᠠᠨ ᠮᠣᠰᠧ ᠶᠢᠨ ᠡᠮᠦᠨ᠎ᠡ ᠡᠴᠡ ᠭᠠᠷᠴᠤ ᠶᠠᠪᠤᠭᠰᠠᠨ ᠤ ᠳᠠᠷᠠᠭ᠎ᠠ᠂ 21 ᠰᠡᠳᠬᠢᠯ ᠬᠥᠳᠡᠯᠦᠭᠰᠡᠨ ᠬᠥᠮᠦᠨ ᠪᠣᠯᠭᠠᠨ᠂ ᠳᠤᠷᠠᠲᠠᠢ ᠡᠷᠭᠦᠭᠴᠢ ᠬᠥᠮᠦᠨ ᠪᠦᠷᠢ ᠢᠷᠡᠪᠡ᠃ ᠲᠡᠳᠡ ᠠᠭᠤᠯᠵᠠᠯᠲᠠ ᠶᠢᠨ ᠴᠠᠴᠠᠷ᠂ ᠮᠥᠨ ᠲᠡᠭᠦᠨ ᠦ ᠠᠯᠢᠪᠠ ᠬᠡᠷᠡᠭᠰᠡᠯ ᠪᠣᠯᠣᠨ ᠠᠷᠢᠭᠤᠨ ᠬᠤᠪᠴᠠᠰᠤ ᠬᠢᠬᠦ ᠳᠦ ᠵᠣᠷᠢᠭᠤᠯᠤᠭᠰᠠᠨ ᠬᠠᠨᠳᠢᠪ ᠢ ᠶᠣᠬᠣᠸᠠ ᠳᠤ ᠠᠪᠴᠢᠷᠠᠪᠠ᠃ 22 ᠳᠤᠷᠠᠲᠠᠢ ᠡᠷᠭᠦᠭᠴᠢ ᠡᠷᠡᠭᠲᠡᠢ ᠡᠮᠡᠭᠲᠡᠢ ᠬᠥᠮᠦᠰ ᠪᠦᠭᠦᠳᠡᠭᠡᠷ ᠢᠶᠡᠨ ᠵᠡᠭᠦᠯᠲᠡ᠂ ᠡᠭᠡᠮᠦᠭ᠂ ᠪᠥᠭᠡᠵᠢ᠂ ᠪᠠᠭᠤᠪᠴᠢ ᠵᠡᠷᠭᠡ ᠠᠯᠢᠪᠠ ᠠᠯᠲᠠᠨ ᠡᠳ᠋ᠯᠡᠯ ᠤᠳ ᠢᠶᠠᠨ ᠠᠪᠴᠢᠷᠠᠪᠠ᠃ ᠲᠡᠳᠡ ᠪᠦᠭᠦᠳᠡᠭᠡᠷ ᠶᠢᠨ ᠠᠯᠲᠠᠨ ᠡᠳ᠋ᠯᠡᠯ ᠢᠶᠡᠨ ᠳᠠᠯᠠᠯᠬᠤ ᠡᠷᠭᠦᠯ ᠪᠣᠯᠭᠠᠨ ᠶᠣᠬᠣᠸᠠ ᠳᠤ ᠪᠠᠷᠢᠭᠰᠠᠨ ᠪᠠᠢᠪᠠ᠃ 23 ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠨᠡᠬᠡᠭᠰᠡᠨ ᠮᠠᠭᠠᠯᠢᠩ᠋ᠭᠤ᠂ ᠢᠮᠠᠭᠠᠨ ᠤ ᠰᠣᠷ᠂ ᠤᠯᠠᠭᠠᠨ ᠢᠶᠠᠷ ᠪᠤᠳᠤᠭᠰᠠᠨ ᠬᠤᠴᠠ ᠶᠢᠨ ᠠᠷᠠᠰᠤ᠂ ᠳᠠᠯᠠᠢ ᠶᠢᠨ ᠭᠠᠬᠠᠢ ᠶᠢᠨ ᠠᠷᠠᠰᠤ ᠪᠠᠢᠬᠤ ᠬᠥᠮᠦᠰ ᠴᠤ ᠪᠦᠭᠦᠳᠡᠭᠡᠷ ᠲᠡᠭᠦᠨ ᠢ ᠪᠠᠨ ᠠᠪᠴᠢᠷᠠᠪᠠ᠃ 24 ᠮᠥᠩᠭᠥ᠂ ᠬᠦᠷᠡᠯ ᠢᠶᠡᠷ ᠬᠠᠨᠳᠢᠪ ᠡᠷᠭᠦᠬᠦ ᠬᠥᠮᠦᠰ ᠴᠤ ᠪᠦᠭᠦᠳᠡᠭᠡᠷ ᠢᠶᠡᠨ ᠲᠡᠭᠦᠨ ᠢ ᠪᠠᠨ ᠶᠣᠬᠣᠸᠠ ᠳᠤ ᠬᠠᠨᠳᠢᠪ ᠪᠣᠯᠭᠠᠨ ᠠᠪᠴᠢᠷᠠᠪᠠ᠃ ᠠᠵᠢᠯ ᠳᠤ ᠵᠣᠷᠢᠭᠤᠯᠬᠤ ᠬᠤᠸᠠᠢᠰᠠ ᠮᠣᠳᠣ ᠲᠠᠢ ᠬᠥᠮᠦᠰ ᠴᠤ ᠪᠦᠭᠦᠳᠡᠭᠡᠷ ᠲᠡᠭᠦᠨ ᠢ ᠪᠠᠨ ᠠᠪᠴᠢᠷᠠᠪᠠ᠃ 25 ᠤᠷᠠᠨ ᠡᠮᠡᠭᠲᠡᠢᠴᠦᠳ ᠪᠦᠭᠦᠳᠡᠭᠡᠷ ᠭᠠᠷ ᠢᠶᠠᠷ ᠢᠶᠠᠨ ᠡᠭᠡᠷᠡᠵᠦ᠂ ᠡᠭᠡᠷᠡᠭᠰᠡᠨ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠨ ᠠᠪᠴᠢᠷᠠᠪᠠ᠃ 26 ᠰᠡᠳᠬᠢᠯ ᠬᠥᠳᠡᠯᠦᠭᠰᠡᠨ ᠤᠷᠠᠨ ᠡᠮᠡᠭᠲᠡᠢᠴᠦᠳ ᠪᠦᠭᠦᠳᠡᠭᠡᠷ ᠢᠶᠡᠨ ᠢᠮᠠᠭᠠᠨ ᠤ ᠰᠣᠷ ᠢ ᠡᠭᠡᠷᠡᠪᠡ᠃ 27 ᠤᠳᠤᠷᠢᠳᠤᠭᠴᠢᠳ ᠨᠢ ᠡᠹᠣᠳ ᠪᠣᠯᠣᠨ ᠴᠡᠭᠡᠵᠢᠪᠴᠢᠨ ᠳᠤ ᠰᠠᠭᠤᠯᠭᠠᠬᠤ ᠰᠤᠳᠠᠯᠲᠤ ᠮᠠᠨᠤᠬᠤ ᠪᠣᠯᠣᠨ ᠥᠭᠡᠷ᠎ᠡ ᠡᠷᠳᠡᠨᠢ ᠶᠢᠨ ᠴᠢᠯᠠᠭᠤ ᠨᠤᠭᠤᠳ᠂ 28 ᠦᠨᠦᠷᠲᠡᠨ ᠬᠢᠭᠡᠳ ᠳ᠋ᠧᠩ ᠤᠨ ᠲᠣᠰᠣ᠂ ᠲᠣᠰᠣᠯᠠᠯᠭ᠎ᠠ ᠶᠢᠨ ᠲᠣᠰᠣ᠂ ᠠᠩᠬᠢᠯᠤᠭᠤᠨ ᠤᠲᠤᠯᠭ᠎ᠠ ᠳᠤ ᠵᠣᠷᠢᠭᠤᠯᠤᠭᠰᠠᠨ ᠲᠣᠰᠣ ᠶᠢ ᠠᠪᠴᠢᠷᠠᠪᠠ᠃ 29 ᠡᠢᠨ ᠬᠦ ᠢᠰᠷᠧᠯ ᠤᠨ ᠳᠤᠷᠠᠲᠠᠢ ᠡᠷᠭᠦᠭᠴᠢ ᠡᠷᠡᠭᠲᠡᠢ ᠡᠮᠡᠭᠲᠡᠢ ᠬᠥᠮᠦᠰ ᠪᠦᠭᠦᠳᠡᠭᠡᠷ ᠶᠣᠬᠣᠸᠠ ᠶᠢᠨ ᠮᠣᠰᠧ ᠪᠠᠷ ᠳᠠᠮᠵᠢᠭᠤᠯᠤᠨ ᠲᠤᠰᠢᠶᠠᠭᠰᠠᠨ ᠪᠦᠭᠦᠳᠡ ᠶᠢ ᠪᠡᠶᠡᠯᠡᠭᠦᠯᠬᠦ ᠳᠦ ᠵᠣᠷᠢᠭᠤᠯᠤᠭᠰᠠᠨ ᠠᠯᠢᠪᠠ ᠵᠦᠢᠯ ᠢ ᠶᠣᠬᠣᠸᠠ ᠳᠤ ᠪᠠᠷᠢᠬᠤ ᠰᠠᠢᠨ ᠳᠤᠷ᠎ᠠ ᠶᠢᠨ ᠡᠷᠭᠦᠯ ᠪᠣᠯᠭᠠᠨ ᠠᠪᠴᠢᠷᠠᠭᠰᠠᠨ ᠪᠠᠢᠨ᠎ᠠ᠃
 ᠴᠠᠴᠠᠷ ᠤᠨ ᠤᠷᠠᠴᠤᠳ

30 ᠮᠣᠰᠧ ᠢᠰᠷᠧᠯᠴᠦᠳ ᠲᠦ᠄ 《ᠠᠩ᠋ᠬᠠᠷᠤᠭᠲᠤᠨ᠂ ᠶᠣᠬᠣᠸᠠ ᠶᠦᠳᠠ ᠣᠪᠣᠭ ᠤᠨ ᠾᠦᠷ ᠦᠨ ᠠᠴᠢ᠂ ᠦᠦᠷᠢ ᠶᠢᠨ ᠬᠦᠦ ᠪᠧᠽᠠᠯᠧᠯ ᠢ ᠨᠡᠷ᠎ᠡ ᠪᠡᠷ ᠨᠢ ᠳᠠᠭᠤᠳᠠᠵᠤ᠂ 31 ᠲᠡᠭᠦᠨ ᠢ ᠪᠤᠷᠬᠠᠨ ᠤ ᠰᠦᠨᠡᠰᠦ ᠪᠡᠷ᠂ ᠮᠥᠨ ᠮᠡᠷᠭᠡᠨ ᠤᠬᠠᠭᠠᠨ᠂ ᠣᠢᠯᠠᠭᠠᠯᠲᠠ᠂ ᠮᠡᠳᠡᠯᠭᠡ ᠪᠠ ᠪᠦᠬᠦᠢᠯᠡ ᠤᠷ᠎ᠠ ᠴᠢᠳᠠᠪᠤᠷᠢ ᠪᠠᠷ ᠳᠦᠭᠦᠷᠭᠡᠭᠰᠡᠨ᠂ 32 ᠲᠡᠷᠡ ᠪᠡᠷ ᠵᠠᠭᠪᠤᠷ ᠵᠣᠬᠢᠶᠠᠬᠤ᠂ ᠠᠯᠲᠠ᠂ ᠮᠥᠩᠭᠥ᠂ ᠬᠦᠷᠡᠯ ᠢᠶᠡᠷ ᠤᠷᠠᠯᠠᠬᠤ᠂ 33 ᠦᠨᠡᠲᠦ ᠴᠢᠯᠠᠭᠤ ᠶᠢ ᠰᠡᠢᠯᠦᠨ ᠰᠠᠭᠤᠯᠭᠠᠬᠤ᠂ ᠮᠣᠳᠣ ᠰᠡᠢᠯᠬᠦ ᠵᠡᠷᠭᠡ ᠲᠥᠷᠥᠯ ᠪᠦᠷᠢ ᠶᠢᠨ ᠤᠷᠠᠯᠠᠭᠠᠴᠢ ᠶᠢᠨ ᠠᠵᠢᠯ ᠢ ᠬᠢᠬᠦ ᠪᠣᠯᠣᠨ᠎ᠠ᠃ 34 ᠶᠣᠬᠣᠸᠠ ᠲᠡᠭᠦᠨ ᠳᠦ᠂ ᠮᠥᠨ ᠳ᠋ᠠᠨ ᠣᠪᠣᠭ ᠤᠨ ᠠᠾᠢᠰᠠᠮᠠᠺ ᠤᠨ ᠬᠦᠦ ᠣᠬᠣᠯᠢᠶᠠᠪ ᠲᠤ ᠵᠢᠭᠠᠬᠤ ᠴᠢᠳᠠᠪᠤᠷᠢ ᠶᠢ ᠰᠣᠶᠣᠷᠬᠠᠭᠰᠠᠨ ᠪᠥᠭᠡᠳ 35 ᠲᠡᠳᠡ ᠨᠠᠷ ᠢ ᠶᠠᠩᠵᠤ ᠪᠦᠷᠢ ᠶᠢᠨ ᠠᠵᠢᠯ ᠬᠢᠬᠦ ᠴᠢᠳᠠᠪᠤᠷᠢ ᠪᠠᠷ ᠲᠡᠭᠦᠯᠳᠡᠷᠵᠢᠭᠦᠯᠵᠡᠢ᠃ ᠲᠡᠳᠡ ᠰᠡᠢᠯᠬᠦ᠂ ᠤᠷᠠᠯᠠᠬᠤ ᠬᠢᠭᠡᠳ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠶᠢᠨ ᠳᠡᠭᠡᠷ᠎ᠡ ᠬᠠᠳᠬᠤᠵᠤ ᠨᠡᠬᠡᠬᠦ ᠵᠡᠷᠭᠡ ᠪᠦᠬᠦ ᠠᠵᠢᠯ ᠳᠤ ᠮᠡᠷᠭᠡᠰᠢᠭᠰᠡᠨ ᠳᠠᠷᠬᠠᠨ ᠪᠠ ᠤᠷᠠᠯᠠᠭᠠᠴᠢ ᠶᠤᠮ᠃