ᠭᠡᠲᠦᠯᠦᠯ ᠭᠤᠴᠢᠨ ᠵᠢᠷᠭᠤᠭ᠎ᠠ
1 ᠪᠧᠽᠠᠯᠧᠯ᠂ ᠣᠬᠣᠯᠢᠶᠠᠪ ᠪᠣᠯᠣᠨ ᠤᠷᠠᠴᠤᠳ ᠪᠦᠭᠦᠳᠡᠭᠡᠷ ᠶᠣᠬᠣᠸᠠ ᠶᠢᠨ ᠲᠤᠰᠢᠶᠠᠭᠰᠠᠨ ᠪᠦᠬᠦᠨ ᠦ ᠶᠣᠰᠣᠭᠠᠷ ᠠᠵᠢᠯ ᠬᠢᠬᠦ ᠬᠡᠷᠡᠭᠲᠡᠢ᠃ ᠶᠣᠬᠣᠸᠠ ᠲᠡᠳᠡᠨ ᠳᠦ ᠠᠷᠢᠭᠤᠨ ᠭᠠᠵᠠᠷ ᠤᠨ ᠠᠵᠢᠯ ᠪᠣᠯᠭᠠᠨ ᠢ ᠶᠠᠭᠠᠬᠢᠵᠤ ᠬᠢᠬᠦ ᠶᠢ ᠮᠡᠳᠡᠬᠦ ᠮᠡᠷᠭᠡᠨ ᠤᠬᠠᠭᠠᠨ ᠪᠠ ᠣᠢᠯᠠᠭᠠᠯᠲᠠ ᠶᠢ ᠰᠣᠶᠣᠷᠬᠠᠭᠰᠠᠨ》 ᠭᠡᠪᠡ᠃
2 ᠲᠡᠢᠨ ᠬᠦ ᠮᠣᠰᠧ ᠪᠧᠽᠠᠯᠧᠯ᠂ ᠣᠬᠣᠯᠢᠶᠠᠪ ᠪᠣᠯᠣᠨ ᠤᠷᠠᠴᠤᠳ ᠪᠦᠭᠦᠳᠡ ᠶᠢ ᠳᠠᠭᠤᠳᠠᠵᠠᠢ᠃ ᠶᠣᠬᠣᠸᠠ ᠲᠡᠳᠡᠨ ᠳᠦ ᠮᠡᠷᠭᠡᠨ ᠤᠬᠠᠭᠠᠨ ᠥᠭᠭᠥᠭᠰᠡᠨ ᠪᠥᠭᠡᠳ ᠲᠡᠳᠡ ᠪᠦᠭᠦᠳᠡᠭᠡᠷ ᠢᠷᠡᠵᠦ ᠠᠵᠢᠯ ᠬᠢᠬᠦ ᠪᠡᠷ ᠰᠡᠳᠬᠢᠯ ᠬᠥᠳᠡᠯᠦᠭᠰᠡᠨ ᠪᠠᠢᠪᠠ᠃ 3 ᠲᠡᠳᠡ ᠠᠷᠢᠭᠤᠨ ᠭᠠᠵᠠᠷ ᠢ ᠪᠠᠷᠢᠬᠤ ᠲᠥᠰᠥᠯ ᠦᠨ ᠠᠵᠢᠯ ᠳᠤ ᠵᠣᠷᠢᠭᠤᠯᠵᠤ᠂ ᠢᠰᠷᠧᠯᠴᠦᠳ ᠦᠨ ᠠᠪᠴᠢᠷᠠᠭᠰᠠᠨ ᠪᠦᠬᠦ ᠬᠠᠨᠳᠢᠪ ᠢ ᠮᠣᠰᠧ ᠡᠴᠡ ᠬᠦᠯᠢᠶᠡᠨ ᠠᠪᠤᠯ᠎ᠠ᠃ ᠬᠠᠷᠢᠨ ᠬᠥᠮᠦᠰ ᠥᠷᠯᠥᠭᠡ ᠥᠷᠯᠥᠭᠡ ᠰᠠᠢᠨ ᠳᠤᠷ᠎ᠠ ᠶᠢᠨ ᠡᠷᠭᠦᠯ ᠤᠳ ᠢ ᠠᠪᠴᠢᠷᠠᠭᠰᠠᠭᠠᠷ ᠪᠠᠢᠯ᠎ᠠ᠃ 4 ᠡᠢᠮᠦ ᠡᠴᠡ ᠠᠷᠢᠭᠤᠨ ᠭᠠᠵᠠᠷ ᠲᠤ ᠠᠯᠢᠪᠠ ᠠᠵᠢᠯ ᠢ ᠬᠢᠵᠦ ᠪᠠᠢᠭᠰᠠᠨ ᠤᠷᠠᠴᠤᠳ ᠪᠦᠭᠦᠳᠡᠭᠡᠷ ᠥᠪᠡᠷᠰᠡᠳ ᠦᠨ ᠠᠵᠢᠯ ᠢᠶᠠᠨ ᠵᠣᠭᠰᠣᠭᠠᠵᠤ᠂ 5 ᠮᠣᠰᠧ ᠳᠤ ᠢᠷᠡᠭᠡᠳ᠄ 《ᠠᠷᠠᠳ ᠲᠦᠮᠡᠨ ᠶᠣᠬᠣᠸᠠ ᠶᠢᠨ ᠲᠤᠰᠢᠶᠠᠭᠰᠠᠨ ᠠᠵᠢᠯ ᠤᠨ ᠬᠡᠷᠡᠭᠴᠡᠭᠡᠨ ᠡᠴᠡ ᠢᠯᠡᠭᠦᠦ ᠶᠢ ᠠᠪᠴᠢᠷᠠᠵᠤ ᠪᠠᠢᠨ᠎ᠠ》 ᠭᠡᠯᠴᠡᠪᠡ᠃ 6 ᠮᠣᠰᠧ ᠵᠠᠷᠯᠢᠭ ᠭᠠᠷᠭᠠᠵᠤ᠄ 《ᠣᠳᠣ ᠡᠷᠡᠭᠲᠡᠢ ᠡᠮᠡᠭᠲᠡᠢ ᠬᠥᠮᠦᠨ ᠪᠣᠯᠭᠠᠨ ᠠᠷᠢᠭᠤᠨ ᠭᠠᠵᠠᠷ ᠤᠨ ᠬᠠᠨᠳᠢᠪ ᠲᠤ ᠵᠣᠷᠢᠭᠤᠯᠤᠭᠰᠠᠨ ᠡᠷᠭᠦᠯ ᠢᠶᠡᠨ ᠵᠣᠭᠰᠣᠭ᠎ᠠ》 ᠬᠡᠮᠡᠨ ᠬᠤᠸᠠᠷᠠᠨ ᠳᠠᠶᠠᠭᠠᠷ ᠲᠤᠩ᠋ᠬᠠᠭᠯᠠᠭᠰᠠᠨ ᠳᠤ᠂ ᠠᠷᠠᠳ ᠲᠦᠮᠡᠨ ᠶᠠᠭᠤᠮ᠎ᠠ ᠠᠪᠴᠢᠷᠠᠬᠤ ᠪᠠᠨ ᠪᠣᠯᠢᠪᠠ᠃ 7 ᠬᠠᠨᠳᠢᠪ ᠨᠢ ᠪᠦᠬᠦ ᠠᠵᠢᠯ ᠤᠨ ᠬᠡᠷᠡᠭᠴᠡᠭᠡ ᠶᠢ ᠬᠠᠩ᠋ᠭᠠᠬᠤ ᠪᠠᠷ ᠪᠠᠷᠠᠬᠤ ᠦᠭᠡᠢ ᠢᠯᠡᠭᠦᠳᠡᠵᠦ ᠪᠠᠢᠪᠠ᠃
ᠴᠠᠴᠠᠷ ᠪᠠᠷᠢᠭᠰᠠᠨ ᠨᠢ
8 ᠲᠡᠷᠡ ᠠᠵᠢᠯᠴᠢᠳ ᠤᠨ ᠳᠣᠲᠣᠷᠠᠬᠢ ᠪᠦᠬᠦ ᠤᠷᠠᠨ ᠬᠥᠮᠦᠨ ᠨᠠᠷᠢᠨ ᠨᠡᠬᠡᠭᠰᠡᠨ ᠮᠠᠭᠠᠯᠢᠩ᠋ᠭᠤ᠂ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠢᠶᠡᠷ ᠠᠷᠪᠠᠨ ᠪᠦᠷᠢᠶᠡᠰᠦ ᠲᠠᠢ ᠣᠷᠣᠰᠢᠬᠤᠢ ᠶᠢᠨ ᠴᠠᠴᠠᠷ ᠬᠢᠵᠦ᠂ ᠨᠢᠭᠡᠨ ᠬᠥᠮᠦᠨ ᠡᠳᠡᠭᠡᠷ ᠦᠨ ᠳᠡᠭᠡᠷ᠎ᠡ ᠺᠧᠷᠣᠪ ᠤᠳ ᠢ ᠤᠷᠠᠨ ᠨᠠᠷᠢᠨ ᠤᠷᠠᠯᠠᠪᠠ᠃ 9 ᠪᠦᠷᠢᠶᠡᠰᠦ ᠪᠦᠷᠢ ᠨᠢ ᠢᠵᠢᠯ ᠬᠡᠮᠵᠢᠶ᠎ᠡ ᠲᠠᠢ ᠪᠥᠭᠡᠳ ᠤᠷᠲᠤ ᠨᠢ ᠬᠣᠷᠢᠨ ᠨᠠᠢ᠌ᠮᠠᠨ ᠲᠣᠬᠣᠢ᠂ ᠥᠷᠭᠡᠨ ᠨᠢ ᠳᠥᠷᠪᠡᠨ ᠲᠣᠬᠣᠢ ᠪᠠᠢᠪᠠ᠃ 10 ᠲᠡᠷᠡ ᠲᠠᠪᠤᠨ ᠪᠦᠷᠢᠶᠡᠰᠦ ᠶᠢ ᠬᠣᠭᠣᠷᠣᠨᠳᠣ ᠨᠢ ᠬᠣᠯᠪᠣᠨ᠂ ᠨᠥᠭᠥᠭᠡ ᠲᠠᠪᠤ ᠶᠢ ᠨᠢ ᠴᠤ ᠬᠣᠭᠣᠷᠣᠨᠳᠣ ᠨᠢ ᠬᠣᠯᠪᠣᠪᠠ᠃ 11 ᠨᠢᠭᠡ ᠬᠣᠯᠪᠣᠭ᠎ᠠ ᠪᠦᠷᠢᠶᠡᠰᠦ ᠶᠢᠨ ᠢᠷᠮᠡᠭ ᠲᠦ ᠬᠥᠬᠡ ᠪᠥᠰ ᠢᠶᠡᠷ ᠭᠣᠭᠴᠣᠭ᠎ᠠ ᠬᠢᠵᠦ᠂ ᠨᠥᠭᠥᠭᠡ ᠬᠣᠯᠪᠣᠭ᠎ᠠ ᠪᠦᠷᠢᠶᠡᠰᠦ ᠶᠢᠨ ᠢᠷᠮᠡᠭ ᠲᠦ ᠴᠤ ᠲᠡᠭᠦᠨᠴᠢᠯᠡᠨ ᠬᠢᠪᠡ᠃ 12 ᠨᠢᠭᠡ ᠬᠣᠯᠪᠣᠭ᠎ᠠ ᠪᠦᠷᠢᠶᠡᠰᠦ ᠶᠢᠨ ᠢᠷᠮᠡᠭ ᠲᠦ ᠲᠠᠪᠢᠨ ᠭᠣᠭᠴᠣᠭ᠎ᠠ᠂ ᠨᠥᠭᠥᠭᠡ ᠬᠣᠯᠪᠣᠭ᠎ᠠ ᠪᠦᠷᠢᠶᠡᠰᠦ ᠶᠢᠨ ᠢᠷᠮᠡᠭ ᠲᠦ ᠴᠤ ᠲᠠᠪᠢᠨ ᠭᠣᠭᠴᠣᠭ᠎ᠠ ᠬᠢᠵᠦ ᠡᠳᠡᠭᠡᠷ ᠭᠣᠭᠴᠣᠭ᠎ᠠ ᠨᠢ ᠥᠭᠡᠳᠡ ᠥᠭᠡᠳᠡ ᠡᠴᠡ ᠪᠡᠨ ᠬᠠᠷᠠᠭᠰᠠᠨ ᠪᠠᠢᠪᠠ᠃ 13 ᠲᠡᠭᠡᠭᠡᠳ ᠲᠠᠪᠢᠨ ᠠᠯᠲᠠᠨ ᠳᠡᠭᠡᠭᠡ ᠦᠢᠯᠡᠳᠦᠨ᠂ ᠲᠡᠷᠡ ᠳᠡᠭᠡᠭᠡ ᠨᠦᠭᠦᠳ ᠢᠶᠡᠷ ᠬᠣᠶᠠᠷ ᠬᠣᠯᠪᠣᠭ᠎ᠠ ᠪᠦᠷᠢᠶᠡᠰᠦ ᠶᠢᠨ ᠭᠣᠭᠴᠣᠭ᠎ᠠ ᠶᠢ ᠬᠣᠭᠣᠷᠣᠨᠳᠣ ᠨᠢ ᠬᠣᠯᠪᠣᠪᠠ᠃ ᠡᠢᠨ ᠬᠦ ᠴᠠᠴᠠᠷ ᠨᠢ ᠨᠢᠭᠡ ᠴᠣᠭᠴᠠ ᠪᠣᠯᠪᠠ᠃
14 ᠲᠡᠷᠡ ᠢᠮᠠᠭᠠᠨ ᠤ ᠰᠣᠷ ᠢᠶᠠᠷ ᠬᠢᠭᠰᠡᠨ ᠠᠷᠪᠠᠨ ᠨᠢᠭᠡᠨ ᠪᠦᠷᠢᠶᠡᠰᠦ ᠪᠡᠷ ᠴᠠᠴᠠᠷ ᠤᠨ ᠪᠦᠲᠡᠭᠡᠯᠭᠡ ᠬᠢᠪᠡ᠃ 15 ᠪᠦᠷᠢᠶᠡᠰᠦ ᠪᠦᠷᠢ ᠶᠢᠨ ᠤᠷᠲᠤ ᠨᠢ ᠭᠤᠴᠢᠨ ᠲᠣᠬᠣᠢ᠂ ᠥᠷᠭᠡᠨ ᠨᠢ ᠳᠥᠷᠪᠡᠨ ᠲᠣᠬᠣᠢ ᠪᠥᠭᠡᠳ ᠠᠷᠪᠠᠨ ᠨᠢᠭᠡᠨ ᠪᠦᠷᠢᠶᠡᠰᠦ ᠨᠢ ᠢᠵᠢᠯ ᠬᠡᠮᠵᠢᠶ᠎ᠡ ᠲᠠᠢ ᠪᠠᠢᠪᠠ᠃ 16 ᠪᠦᠷᠢᠶᠡᠰᠦ ᠨᠦᠭᠦᠳ ᠦᠨ ᠲᠠᠪᠤ ᠶᠢ ᠬᠣᠭᠣᠷᠣᠨᠳᠣ ᠨᠢ ᠬᠣᠯᠪᠣᠵᠤ᠂ ᠨᠥᠭᠥᠭᠡ ᠵᠢᠷᠭᠤᠭ᠎ᠠ ᠶᠢ ᠴᠤ ᠬᠣᠭᠣᠷᠣᠨᠳᠣ ᠨᠢ ᠬᠣᠯᠪᠣᠪᠠ᠃ 17 ᠨᠢᠭᠡ ᠬᠣᠯᠪᠣᠭ᠎ᠠ ᠪᠦᠷᠢᠶᠡᠰᠦᠨ ᠦ ᠢᠷᠮᠡᠭ ᠲᠦ ᠲᠠᠪᠢᠨ ᠭᠣᠭᠴᠣᠭ᠎ᠠ᠂ ᠨᠥᠭᠥᠭᠡ ᠬᠣᠯᠪᠣᠭ᠎ᠠ ᠪᠦᠷᠢᠶᠡᠰᠦᠨ ᠦ ᠢᠷᠮᠡᠭ ᠲᠦ ᠲᠠᠪᠢᠨ ᠭᠣᠭᠴᠣᠭ᠎ᠠ ᠬᠢᠪᠡ᠃ 18 ᠲᠠᠪᠢᠨ ᠬᠦᠷᠡᠯ ᠳᠡᠭᠡᠭᠡ ᠬᠢᠵᠦ᠂ ᠳᠡᠭᠡᠭᠡ ᠨᠦᠭᠦᠳ ᠢᠶᠡᠷ ᠬᠣᠶᠠᠷ ᠬᠣᠯᠪᠣᠭ᠎ᠠ ᠪᠦᠷᠢᠶᠡᠰᠦ ᠶᠢ ᠬᠣᠭᠣᠷᠣᠨᠳᠣ ᠨᠢ ᠬᠣᠯᠪᠣᠭᠰᠠᠨ ᠢᠶᠠᠷ ᠨᠢᠭᠡ ᠴᠣᠭᠴᠠ ᠪᠣᠯᠪᠠ᠃ 19 ᠲᠡᠭᠡᠭᠡᠳ ᠤᠯᠠᠭᠠᠨ ᠢᠶᠠᠷ ᠪᠤᠳᠤᠭᠰᠠᠨ ᠬᠤᠴᠠ ᠶᠢᠨ ᠠᠷᠠᠰᠤ ᠪᠠᠷ ᠴᠠᠴᠠᠷ ᠤᠨ ᠪᠦᠲᠡᠭᠡᠯᠭᠡ ᠶᠢ ᠬᠢᠵᠦ᠂ ᠡᠭᠦᠨ ᠢ ᠪᠦᠲᠡᠭᠡᠬᠦ ᠥᠭᠡᠷ᠎ᠡ ᠪᠦᠲᠡᠭᠡᠯᠭᠡ ᠶᠢ ᠳᠠᠯᠠᠢ ᠶᠢᠨ ᠭᠠᠬᠠᠢ ᠶᠢᠨ ᠠᠷᠠᠰᠤ ᠪᠠᠷ ᠬᠢᠵᠡᠢ᠃
20 ᠲᠡᠷᠡ ᠪᠡᠷ ᠬᠤᠸᠠᠢᠰᠠ ᠮᠣᠳᠣ ᠪᠠᠷ ᠳ᠋ᠦᠨᠵᠡ ᠨᠦᠭᠦᠳ ᠢ ᠬᠢᠵᠦ ᠴᠠᠴᠠᠷ ᠢ ᠪᠣᠰᠬᠠᠪᠠ᠃ 21 ᠳ᠋ᠦᠨᠵᠡ ᠪᠦᠷᠢ ᠶᠢᠨ ᠤᠷᠲᠤ ᠨᠢ ᠠᠷᠪᠠᠨ ᠲᠣᠬᠣᠢ᠂ ᠥᠷᠭᠡᠨ ᠨᠢ ᠨᠢᠭᠡ ᠲᠣᠬᠣᠢ ᠬᠠᠭᠠᠰ ᠪᠠᠢᠪᠠ᠃ 22 ᠳ᠋ᠦᠨᠵᠡ ᠪᠦᠷᠢ ᠳᠤ ᠵᠡᠷᠭᠡᠴᠡᠭᠡ ᠬᠣᠶᠠᠷ ᠤᠭᠯᠠᠭᠤᠷᠭ᠎ᠠ ᠪᠠᠢᠵᠤ᠂ ᠴᠠᠴᠠᠷ ᠤᠨ ᠪᠦᠬᠦ ᠳ᠋ᠦᠨᠵᠡ ᠶᠢ ᠡᠢᠨ ᠬᠦ ᠦᠢᠯᠡᠳᠪᠡ᠃ 23 ᠴᠠᠴᠠᠷ ᠤᠨ ᠡᠮᠦᠨ᠎ᠡ ᠲᠠᠯ᠎ᠠ ᠶᠢ ᠪᠣᠰᠬᠠᠬᠤ ᠶᠢᠨ ᠲᠤᠯᠠᠳᠠ ᠬᠣᠷᠢᠨ ᠳ᠋ᠦᠨᠵᠡ ᠪᠡᠯᠡᠳᠬᠡᠪᠡ᠃ 24 ᠳᠥᠴᠢᠨ ᠮᠥᠩᠭᠥᠨ ᠤᠭᠯᠠᠭᠤᠷ ᠬᠢᠵᠦ᠂ ᠳ᠋ᠦᠨᠵᠡ ᠪᠦᠷᠢ ᠳᠤ ᠬᠣᠶᠠᠷ ᠤᠭᠯᠠᠭᠤᠷ ᠢ᠂ ᠤᠭᠯᠠᠭᠤᠷᠭ᠎ᠠ ᠪᠦᠷᠢ ᠳᠦᠨᠢ ᠨᠢᠭᠡ ᠤᠭᠯᠠᠭᠤᠷ ᠢ ᠰᠢᠷᠭᠤᠭᠤᠯᠪᠠ᠃ 25 ᠴᠠᠴᠠᠷ ᠤᠨ ᠨᠥᠭᠥᠭᠡ ᠲᠠᠯ᠎ᠠ ᠪᠤᠶᠤ ᠬᠣᠢᠨ᠎ᠠ ᠲᠠᠯ᠎ᠠ ᠳᠤ ᠴᠤ ᠬᠣᠷᠢᠨ ᠳ᠋ᠦᠨᠵᠡ ᠲᠠᠢ ᠬᠠᠮᠲᠤ 26 ᠳᠥᠴᠢᠨ ᠮᠥᠩᠭᠥᠨ ᠤᠭᠯᠠᠭᠤᠷ ᠬᠢᠵᠦ᠂ ᠳ᠋ᠦᠨᠵᠡ ᠪᠦᠷᠢ ᠳᠤ ᠬᠣᠶᠠᠷ ᠤᠭᠯᠠᠭᠤᠷ ᠬᠢᠪᠡ᠃ 27 ᠴᠠᠴᠠᠷ ᠤᠨ ᠠᠷᠤ ᠲᠠᠯ᠎ᠠ᠂ ᠲᠤᠬᠠᠢᠯᠠᠪᠠᠯ ᠪᠠᠷᠠᠭᠤᠨ ᠲᠠᠯ᠎ᠠ ᠳᠤ ᠵᠢᠷᠭᠤᠭᠠᠨ ᠳ᠋ᠦᠨᠵᠡ ᠬᠢᠪᠡ᠃ 28 ᠬᠠᠷᠢᠨ ᠴᠠᠴᠠᠷ ᠤᠨ ᠠᠷᠤ ᠲᠠᠯ᠎ᠠ ᠶᠢᠨ ᠬᠣᠶᠠᠷ ᠪᠤᠯᠤᠩ ᠳᠤ ᠢᠯᠡᠭᠦᠦ ᠬᠣᠶᠠᠷ ᠳ᠋ᠦᠨᠵᠡ ᠬᠢᠪᠡ᠃ 29 ᠡᠳᠡᠭᠡᠷ ᠳ᠋ᠦᠨᠵᠡ ᠨᠢ ᠳᠣᠣᠷ᠎ᠠ ᠲᠠᠯ᠎ᠠ ᠠᠴᠠ ᠪᠠᠨ ᠣᠷᠣᠢ ᠬᠦᠷᠲᠡᠯ᠎ᠡ ᠪᠡᠨ ᠳᠠᠪᠬᠤᠷᠯᠠᠭᠳᠠᠨ᠂ ᠭᠠᠭᠴᠠ ᠭᠠᠷᠠᠬᠠᠨ ᠳᠤ ᠨᠢᠭᠡᠳᠦᠭᠰᠡᠨ ᠪᠥᠭᠡᠳ ᠬᠣᠶᠠᠷ ᠪᠤᠯᠤᠩ ᠴᠤ ᠠᠳᠠᠯᠢᠬᠠᠨ ᠪᠠᠢᠪᠠ᠃ 30 ᠡᠢᠮᠦ ᠡᠴᠡ ᠨᠠᠢ᠌ᠮᠠᠨ ᠳ᠋ᠦᠨᠵᠡ᠂ ᠠᠷᠪᠠᠨ ᠵᠢᠷᠭᠤᠭᠠᠨ ᠮᠥᠩᠭᠥᠨ ᠤᠭᠯᠠᠭᠤᠷ ᠲᠠᠢ ᠪᠠᠢᠵᠤ᠂ ᠳ᠋ᠦᠨᠵᠡ ᠪᠦᠷᠢ ᠶᠢᠨ ᠳᠣᠣᠷ᠎ᠠ ᠬᠣᠶᠠᠷ ᠤᠭᠯᠠᠭᠤᠷ ᠪᠠᠢᠪᠠ᠃
31 ᠳᠠᠷᠠᠭ᠎ᠠ ᠨᠢ ᠲᠡᠷᠡ ᠳ᠋ᠦᠨᠵᠡ ᠨᠦᠭᠦᠳ ᠢ ᠬᠣᠯᠪᠣᠬᠤ ᠬᠥᠨᠳᠡᠯᠡᠪᠴᠢ ᠮᠣᠳᠣ ᠬᠢᠵᠦ ᠴᠠᠴᠠᠷ ᠤᠨ ᠨᠢᠭᠡ ᠲᠠᠯ᠎ᠠ ᠶᠢᠨ ᠳ᠋ᠦᠨᠵᠡ ᠨᠦᠭᠦᠳ ᠲᠦ ᠲᠠᠪᠤ ᠶᠢ᠂ 32 ᠨᠥᠭᠥᠭᠡ ᠲᠠᠯ᠎ᠠ ᠶᠢᠨ ᠳ᠋ᠦᠨᠵᠡ ᠨᠦᠭᠦᠳ ᠲᠦ ᠲᠠᠪᠤ ᠶᠢ᠂ ᠮᠥᠨ ᠴᠠᠴᠠᠷ ᠤᠨ ᠠᠷᠤ ᠲᠠᠯ᠎ᠠ᠂ ᠲᠤᠬᠠᠢᠯᠠᠪᠠᠯ ᠪᠠᠷᠠᠭᠤᠨ ᠲᠠᠯ᠎ᠠ ᠳᠤ ᠲᠠᠪᠤᠨ ᠬᠥᠨᠳᠡᠯᠡᠪᠴᠢ ᠮᠣᠳᠣ ᠪᠡᠯᠡᠳᠬᠡᠪᠡ᠃ 33 ᠲᠡᠷᠡ ᠳ᠋ᠦᠨᠵᠡ ᠨᠦᠭᠦᠳ ᠦᠨ ᠳᠤᠮᠳᠠ ᠬᠡᠰᠡᠭ ᠢ ᠬᠣᠯᠪᠣᠬᠤ ᠬᠥᠨᠳᠡᠯᠡᠪᠴᠢ ᠮᠣᠳᠣ ᠬᠢᠵᠦ᠂ ᠨᠢᠭᠡ ᠵᠠᠬ᠎ᠠ ᠠᠴᠠ ᠨᠥᠭᠥᠭᠡ ᠵᠠᠬ᠎ᠠ ᠳᠤ ᠬᠦᠷᠭᠡᠪᠡ᠃ 34 ᠳ᠋ᠦᠨᠵᠡ ᠨᠦᠭᠦᠳ ᠢ ᠠᠯᠲᠠ ᠪᠠᠷ ᠪᠦᠷᠢᠵᠦ᠂ ᠮᠥᠨ ᠬᠥᠨᠳᠡᠯᠡᠪᠴᠢ ᠮᠣᠳᠣᠳ ᠢ ᠲᠣᠭᠲᠠᠭᠠᠬᠤ ᠭᠠᠷᠠᠬ᠎ᠠ ᠨᠤᠭᠤᠳ ᠢ ᠨᠢ ᠠᠯᠲᠠ ᠪᠠᠷ ᠬᠢᠵᠦ᠂ ᠬᠥᠨᠳᠡᠯᠡᠪᠴᠢ ᠮᠣᠳᠣᠳ ᠢ ᠴᠤ ᠠᠯᠲᠠ ᠪᠠᠷ ᠪᠦᠷᠢᠪᠡ᠃
35 ᠲᠡᠷᠡ ᠪᠡᠷ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠷ ᠬᠥᠰᠢᠭᠡ ᠬᠢᠵᠦ᠂ ᠲᠡᠭᠦᠨ ᠦ ᠳᠡᠭᠡᠷ᠎ᠡ ᠺᠧᠷᠣᠪ ᠤᠳ ᠢ ᠤᠷᠠᠨ ᠨᠠᠷᠢᠨ ᠢᠶᠠᠷ ᠤᠷᠠᠯᠠᠪᠠ᠃ 36 ᠲᠡᠷᠡ ᠪᠡᠷ ᠬᠥᠰᠢᠭᠡ ᠶᠢ ᠡᠯᠭᠦᠬᠦ ᠳᠥᠷᠪᠡᠨ ᠪᠠᠭᠠᠨ᠎ᠠ ᠶᠢ ᠬᠤᠸᠠᠢᠰᠠ ᠮᠣᠳᠣ ᠪᠠᠷ ᠬᠢᠵᠦ᠂ ᠠᠯᠲᠠ ᠪᠠᠷ ᠪᠦᠷᠢᠨ᠂ ᠠᠯᠲᠠᠨ ᠳᠡᠭᠡᠭᠡ ᠨᠦᠭᠦᠳ ᠢ ᠲᠣᠭᠲᠠᠭᠠᠵᠤ᠂ ᠪᠠᠭᠠᠨ᠎ᠠ ᠨᠤᠭᠤᠳ ᠢ ᠰᠠᠭᠤᠯᠭᠠᠬᠤ ᠳᠥᠷᠪᠡᠨ ᠮᠥᠩᠭᠥᠨ ᠤᠭᠯᠠᠭᠤᠷ ᠴᠢᠳᠬᠤᠪᠠ᠃ 37 ᠴᠠᠴᠠᠷ ᠤᠨ ᠡᠭᠦᠳᠡ ᠶᠢ ᠬᠠᠯᠬᠠᠯᠠᠬᠤ ᠬᠥᠰᠢᠭᠡ ᠶᠢ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠢᠶᠡᠷ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠷ ᠨᠡᠬᠡᠨ ᠤᠷᠠᠯᠠᠵᠤ ᠬᠢᠪᠡ᠃ 38 ᠮᠥᠨ ᠲᠠᠪᠤᠨ ᠪᠠᠭᠠᠨ᠎ᠠ ᠶᠢ ᠳᠡᠭᠡᠭᠡ ᠨᠦᠭᠦᠳ ᠲᠡᠢ ᠨᠢ ᠬᠠᠮᠲᠤ ᠬᠢᠵᠦ᠂ ᠪᠠᠭᠠᠨ᠎ᠠ ᠶᠢᠨ ᠣᠷᠣᠢ ᠪᠣᠯᠣᠨ ᠬᠣᠯᠪᠣᠭᠠᠰᠤ ᠶᠢ ᠠᠯᠲᠠ ᠪᠠᠷ ᠪᠦᠷᠢᠪᠡ᠃ ᠬᠠᠷᠢᠨ ᠲᠠᠪᠤᠨ ᠤᠭᠯᠠᠭᠤᠷ ᠢ ᠨᠢ ᠬᠦᠷᠡᠯ ᠢᠶᠡᠷ ᠬᠢᠵᠡᠢ᠃