ᠭᠡᠲᠦᠯᠦᠯ ᠬᠣᠷᠢᠨ ᠨᠠᠢ᠌ᠮᠠ
ᠲᠠᠬᠢᠯᠴᠢ ᠶᠢᠨ ᠡᠮᠦᠰᠬᠡᠯ
1 ᠢᠰᠷᠧᠯᠴᠦᠳ ᠦᠨ ᠳᠤᠮᠳᠠ ᠠᠴᠠ ᠥᠪᠡᠷ ᠦᠨ ᠠᠬ᠎ᠠ ᠠᠷᠣᠨ ᠢ᠂ ᠮᠥᠨ ᠲᠡᠭᠦᠨ ᠦ ᠬᠥᠪᠡᠭᠦᠳ ᠨᠠᠳᠠᠪ᠂ ᠠᠪᠢᠾᠦ᠋᠂ ᠡᠯᠧᠶᠠᠽᠠᠷ᠂ ᠢᠲ᠋ᠠᠮᠠᠷ ᠢ ᠳᠠᠭᠤᠳᠠᠨ ᠭᠠᠷᠭᠠᠵᠤ ᠨᠠᠳᠠ ᠳᠤ ᠦᠢᠯᠡᠴᠢᠯᠡᠬᠦ ᠲᠠᠬᠢᠯᠴᠢ ᠪᠣᠯᠭ᠎ᠠ᠃ 2 ᠠᠬ᠎ᠠ ᠠᠷᠣᠨ ᠳᠠᠭᠠᠨ ᠵᠢᠪᠬᠤᠯᠠᠩ ᠲᠠᠢ᠂ ᠦᠵᠡᠰᠬᠦᠯᠡᠩ ᠲᠡᠢ ᠠᠷᠢᠭᠤᠨ ᠬᠤᠪᠴᠠᠰᠤ ᠬᠢ᠃ 3 ᠮᠢᠨᠦ ᠮᠡᠷᠭᠡᠨ ᠤᠬᠠᠭᠠᠨ ᠢᠶᠠᠷ ᠳᠦᠭᠦᠷᠭᠡᠭᠰᠡᠨ ᠤᠷᠠᠨ 23 ᠬᠥᠮᠦᠨ ᠪᠦᠷᠢ ᠳᠤ ᠴᠢ ᠥᠪᠡᠷ ᠢᠶᠡᠨ ᠵᠠᠬᠢᠵᠤ᠂ ᠠᠷᠣᠨ ᠤ ᠬᠤᠪᠴᠠᠰᠤ ᠶᠢ ᠬᠢᠯᠭᠡ᠃ ᠡᠢᠨ ᠬᠦ ᠲᠡᠭᠦᠨ ᠢ ᠣᠨᠴᠠᠯᠠᠨ 24 ᠨᠠᠳᠠ ᠳᠤ ᠦᠢᠯᠡᠴᠢᠯᠡᠬᠦ ᠲᠠᠬᠢᠯᠴᠢ ᠶᠢᠨ ᠠᠯᠪᠠᠨ ᠳᠤ ᠲᠣᠮᠢᠯᠠᠭᠠᠷᠠᠢ᠃ 4 ᠲᠡᠳᠡᠨ ᠦ ᠬᠢᠬᠦ ᠬᠤᠪᠴᠠᠰᠤ ᠭᠡᠪᠡᠯ ᠴᠡᠭᠡᠵᠢᠪᠴᠢ᠂ ᠡᠹᠣᠳ᠂ ᠭᠠᠳᠠᠷ ᠴᠠᠮᠴᠠ᠂ ᠨᠡᠬᠡᠮᠡᠯ ᠳᠣᠲᠣᠷ ᠴᠠᠮᠴᠠ᠂ ᠲᠣᠯᠣᠭᠠᠢ ᠶᠢᠨ ᠣᠷᠢᠶᠠᠯᠲᠠ ᠪᠠ ᠪᠦᠰᠡ ᠪᠣᠯᠣᠨ᠎ᠠ᠃ ᠡᠢᠨ ᠬᠦ ᠲᠡᠳᠡᠨ ᠢᠶᠡᠷ ᠠᠬ᠎ᠠ ᠠᠷᠣᠨ ᠪᠣᠯᠣᠨ ᠬᠥᠪᠡᠭᠦᠳ ᠲᠤᠨᠢ ᠠᠷᠢᠭᠤᠨ ᠬᠤᠪᠴᠠᠰᠤ ᠬᠢᠯᠭᠡᠵᠦ᠂ ᠠᠷᠣᠨ ᠢ ᠨᠠᠳᠠ ᠳᠤ ᠦᠢᠯᠡᠴᠢᠯᠡᠬᠦ ᠲᠠᠬᠢᠯᠴᠢ ᠪᠣᠯᠭ᠎ᠠ᠃ 5 ᠡᠭᠦᠨ ᠳᠦ ᠠᠯᠲᠠᠨ ᠪᠥᠰ ᠪᠠ ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠨᠡᠬᠡᠭᠰᠡᠨ ᠮᠠᠭᠠᠯᠢᠩ᠋ᠭᠤ ᠶᠢ ᠬᠡᠷᠡᠭᠯᠡᠬᠦ ᠶᠣᠰᠣᠲᠠᠢ᠃
ᠡᠹᠣᠳ
6 ᠡᠹᠣᠳ ᠢ ᠴᠤ ᠠᠯᠲᠠᠨ ᠪᠥᠰ᠂ ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠨᠡᠬᠡᠭᠰᠡᠨ ᠮᠠᠭᠠᠯᠢᠩ᠋ᠭᠤ ᠪᠠᠷ ᠤᠷᠠᠨ ᠨᠠᠷᠢᠨ ᠤᠷᠠᠯᠠᠵᠤ ᠬᠢᠬᠦ ᠶᠣᠰᠣᠲᠠᠢ᠃ 7 ᠬᠣᠶᠠᠷ ᠮᠥᠷᠥᠪᠴᠢ ᠬᠢᠵᠦ᠂ ᠡᠹᠣᠳ ᠤᠨ ᠠᠷᠤ ᠡᠮᠦᠨ᠎ᠡ ᠲᠠᠯ᠎ᠠ ᠶᠢ ᠬᠣᠯᠪᠣᠨ᠎ᠠ᠃ 8 ᠡᠹᠣᠳ ᠤᠨ ᠳᠡᠭᠡᠷᠡᠬᠢ ᠪᠦᠰᠡ ᠶᠢ ᠴᠤ ᠡᠹᠣᠳ ᠢ ᠨᠡᠬᠡᠭᠰᠡᠨ ᠮᠠᠶ᠋ᠢᠭ ᠢᠶᠠᠷ ᠠᠯᠲᠠᠨ ᠪᠥᠰ᠂ ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠨᠡᠬᠡᠭᠰᠡᠨ ᠮᠠᠭᠠᠯᠢᠩ᠋ᠭᠤ ᠪᠠᠷ ᠡᠹᠣᠳ ᠲᠤ ᠬᠣᠯᠪᠣᠵᠤ ᠤᠷᠠᠨ ᠨᠠᠷᠢᠨ ᠢᠶᠠᠷ ᠨᠡᠬᠡᠬᠦ ᠶᠣᠰᠣᠲᠠᠢ᠃ 9 ᠬᠣᠶᠠᠷ ᠰᠤᠳᠠᠯᠲᠤ ᠮᠠᠨᠤᠬᠤ ᠠᠪᠴᠢᠷᠠᠵᠤ᠂ ᠳᠡᠭᠡᠷ᠎ᠡ ᠨᠢ ᠢᠰᠷᠧᠯ ᠤᠨ ᠬᠥᠪᠡᠭᠦᠳ ᠦᠨ ᠨᠡᠷᠡᠰ ᠢ ᠰᠡᠢᠯ᠃ 10 ᠲᠡᠳᠡᠨ ᠦ ᠲᠥᠷᠥᠭᠰᠡᠨ ᠳᠠᠷᠠᠭᠠᠯᠠᠯ ᠢᠶᠠᠷ ᠨᠢᠭᠡ ᠴᠢᠯᠠᠭᠤᠨ ᠳᠡᠭᠡᠷ᠎ᠡ ᠵᠢᠷᠭᠤᠭᠠᠨ ᠨᠡᠷ᠎ᠡ᠂ ᠨᠥᠭᠥᠭᠡ ᠴᠢᠯᠠᠭᠤᠨ ᠳᠡᠭᠡᠷ᠎ᠡ ᠦᠯᠡᠳᠡᠭᠰᠡᠨ ᠵᠢᠷᠭᠤᠭᠠᠨ ᠨᠡᠷ᠎ᠡ ᠶᠢ ᠰᠡᠢᠯ᠃ 11 ᠦᠨᠡᠲᠦ ᠴᠢᠯᠠᠭᠤᠨ ᠳᠠᠷᠬᠠᠨ ᠴᠢᠯᠠᠭᠤᠨ ᠳᠡᠭᠡᠷ᠎ᠡ ᠲᠠᠮᠠᠭ᠎ᠠ ᠰᠡᠢᠯᠳᠡᠭ ᠦᠨ ᠠᠳᠠᠯᠢ᠂ ᠬᠣᠶᠠᠷ ᠴᠢᠯᠠᠭᠤᠨ ᠳᠤ ᠢᠰᠷᠧᠯ ᠤᠨ ᠬᠥᠪᠡᠭᠦᠳ ᠦᠨ ᠨᠡᠷᠡᠰ ᠢ ᠰᠡᠢᠯᠦᠨ᠂ ᠬᠣᠶᠠᠷ ᠴᠢᠯᠠᠭᠤ ᠶᠢ ᠠᠯᠲᠠᠨ ᠬᠦᠷᠢᠶᠡᠨ ᠳᠡᠭᠡᠷ᠎ᠡ ᠰᠠᠭᠤᠯᠭ᠎ᠠ᠃ 12 ᠢᠰᠷᠧᠯ ᠤᠨ ᠬᠥᠪᠡᠭᠦᠳ ᠢ ᠳᠤᠷᠠᠰᠬᠠᠬᠤ ᠡᠨᠡ ᠬᠣᠶᠠᠷ ᠴᠢᠯᠠᠭᠤ ᠶᠢ ᠡᠹᠣᠳ ᠤᠨ ᠮᠥᠷᠥᠪᠴᠢ ᠳᠡᠭᠡᠷ᠎ᠡ ᠰᠠᠭᠤᠯᠭ᠎ᠠ᠃ ᠠᠷᠣᠨ ᠲᠡᠳᠡᠨ ᠦ ᠨᠡᠷᠡᠰ ᠢ ᠶᠣᠬᠣᠸᠠ ᠶᠢᠨ ᠡᠮᠦᠨ᠎ᠡ ᠬᠣᠶᠠᠷ ᠮᠥᠷᠥᠨ ᠳᠡᠭᠡᠷ᠎ᠡ ᠪᠡᠨ ᠳᠤᠷᠠᠰᠬᠠᠯ ᠪᠣᠯᠭᠠᠨ ᠠᠪᠴᠤ ᠶᠠᠪᠤᠬᠤ ᠪᠣᠯᠣᠨ᠎ᠠ᠃ 13 ᠴᠢ ᠬᠣᠶᠠᠷ ᠠᠯᠲᠠᠨ ᠭᠠᠷᠠᠬ᠎ᠠ ᠬᠢ᠃ 14 ᠣᠯᠣᠰᠣ ᠰᠢᠭ᠋ ᠲᠠᠮᠤᠭᠰᠠᠨ ᠬᠣᠶᠠᠷ ᠰᠢᠵᠢᠷ ᠠᠯᠲᠠᠨ ᠭᠢᠨᠵᠢ ᠬᠢᠵᠦ᠂ ᠠᠯᠲᠠᠨ ᠭᠠᠷᠠᠬ᠎ᠠ ᠲᠠᠢ ᠬᠣᠯᠪᠣ᠃
ᠴᠡᠭᠡᠵᠢᠪᠴᠢ
15 ᠰᠢᠢᠳᠪᠦᠷᠢ ᠶᠢᠨ ᠴᠡᠭᠡᠵᠢᠪᠴᠢ ᠶᠢ ᠤᠷᠠᠨ ᠨᠠᠷᠢᠨ ᠤᠷᠠᠯᠠ᠃ ᠡᠭᠦᠨ ᠢ ᠴᠤ ᠡᠹᠣᠳ ᠢ ᠤᠷᠠᠯᠠᠭᠰᠠᠨ ᠲᠠᠢ ᠠᠳᠠᠯᠢ ᠠᠯᠲᠠᠨ ᠪᠥᠰ᠂ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠷ ᠬᠢ᠃ 16 ᠲᠡᠷᠡ ᠴᠡᠭᠡᠵᠢᠪᠴᠢ ᠨᠢ ᠳᠥᠷᠪᠡᠯᠵᠢᠨ᠂ ᠨᠢᠭᠡ ᠰᠥᠭᠥᠮ ᠤᠷᠲᠤ᠂ ᠨᠢᠭᠡ ᠰᠥᠭᠥᠮ ᠥᠷᠭᠡᠨ ᠪᠥᠭᠡᠳ ᠬᠣᠶᠠᠷ ᠳᠠᠪᠬᠤᠷᠯᠠᠭᠰᠠᠨ ᠪᠠᠢᠬᠤ ᠶᠣᠰᠣᠲᠠᠢ᠃ 17 ᠲᠡᠭᠦᠨ ᠦ ᠳᠡᠭᠡᠷ᠎ᠡ ᠳᠥᠷᠪᠡᠨ ᠡᠩᠨᠡᠭᠡ ᠴᠢᠯᠠᠭᠤᠨ ᠰᠢᠭᠢᠳᠬᠡᠭᠡ ᠬᠢ᠃ ᠡᠬᠢᠨ ᠤ ᠡᠩᠨᠡᠭᠡᠨ ᠳᠦ ᠪᠠᠳᠮᠠᠷᠠᠭ᠎ᠠ᠂ ᠮᠣᠯᠣᠷ᠂ ᠨᠣᠮᠢᠨ ᠢ᠂ 18 ᠬᠣᠶᠠᠳᠠᠬᠢ ᠡᠩᠨᠡᠭᠡᠨ ᠳᠦ ᠣᠭ᠍ᠶᠤ᠂ ᠢᠨᠳᠠᠷᠨᠢᠯᠠ᠂ ᠠᠯᠮᠠᠰ ᠢ᠂ 19 ᠭᠤᠷᠪᠠᠳᠠᠬᠢ ᠡᠩᠨᠡᠭᠡᠨ ᠳᠦ ᠨᠠᠯ ᠡᠷᠳᠡᠨᠢ᠂ ᠭᠠᠷᠲᠠᠮ᠎ᠠ᠂ ᠶᠠᠭᠠᠨ ᠪᠣᠯᠣᠷ ᠢ᠂ 20 ᠳᠥᠷᠪᠡᠳᠡᠬᠢ ᠡᠩᠨᠡᠭᠡᠨ ᠳᠦ ᠪᠢᠨᠳᠡᠷᠢᠶ᠎ᠡ᠂ ᠰᠤᠳᠠᠯᠲᠤ ᠮᠠᠨᠤᠬᠤ᠂ ᠬᠠᠰ ᠴᠢᠯᠠᠭᠤ ᠰᠢᠭᠢᠳᠬᠡᠵᠦ᠂ ᠲᠡᠳᠡᠭᠡᠷ ᠢ ᠠᠯᠲᠠᠨ ᠬᠦᠷᠢᠶᠡᠨ ᠳᠦ ᠰᠠᠭᠤᠯᠭ᠎ᠠ᠃ 21 ᠴᠢᠯᠠᠭᠤ ᠪᠦᠷᠢ ᠨᠢ ᠢᠰᠷᠧᠯ ᠤᠨ ᠠᠷᠪᠠᠨ ᠬᠣᠶᠠᠷ ᠬᠥᠪᠡᠭᠦᠨ ᠦ ᠨᠢᠭᠡ ᠶᠢ ᠲᠥᠯᠥᠭᠡᠯᠡᠬᠦ ᠪᠥᠭᠡᠳ ᠴᠢᠯᠠᠭᠤ ᠪᠦᠷᠢ ᠳᠤ ᠨᠢᠭᠡ ᠣᠪᠣᠭ ᠤᠨ ᠨᠡᠷ᠎ᠡ ᠶᠢ ᠲᠠᠮᠠᠭ᠎ᠠ ᠮᠡᠲᠦ ᠰᠡᠢᠯᠬᠦ ᠶᠣᠰᠣᠲᠠᠢ᠃ 22 ᠲᠡᠭᠡᠭᠡᠳ ᠣᠯᠣᠰᠣ ᠰᠢᠭ᠋ ᠰᠦᠯᠵᠢᠭᠰᠡᠨ ᠰᠢᠵᠢᠷ ᠠᠯᠲᠠᠨ ᠭᠢᠨᠵᠢ ᠶᠢ ᠴᠡᠭᠡᠵᠢᠪᠴᠢᠨ ᠳᠤ ᠬᠣᠯᠪᠣ᠃ 23 ᠡᠭᠦᠨ ᠳᠦ ᠵᠣᠷᠢᠭᠤᠯᠤᠨ ᠬᠣᠶᠠᠷ ᠠᠯᠲᠠᠨ ᠭᠠᠷᠠᠬ᠎ᠠ ᠬᠢᠵᠦ ᠴᠡᠭᠡᠵᠢᠪᠴᠢᠨ ᠤ ᠳᠡᠭᠡᠳᠦ ᠬᠣᠶᠠᠷ ᠥᠨᠴᠥᠭ ᠲᠦ ᠬᠠᠳᠠᠭᠠᠳ 24 ᠰᠦᠯᠵᠢᠭᠰᠡᠨ ᠥᠨᠥᠬᠢ ᠬᠣᠶᠠᠷ ᠠᠯᠲᠠᠨ ᠭᠢᠨᠵᠢ ᠶᠢ ᠴᠡᠭᠡᠵᠢᠪᠴᠢᠨ ᠤ ᠳᠡᠭᠡᠳᠦ ᠥᠨᠴᠥᠭ ᠳᠠᠬᠢ ᠬᠣᠶᠠᠷ ᠭᠠᠷᠠᠬᠠᠨ ᠳᠤ ᠬᠣᠯᠪᠣᠵᠤ᠂ 25 ᠰᠦᠯᠵᠢᠭᠰᠡᠨ ᠭᠢᠨᠵᠢ ᠶᠢᠨ ᠪᠤᠰᠤᠳ ᠬᠣᠶᠠᠷ ᠦᠵᠦᠭᠦᠷ ᠢ ᠡᠹᠣᠳ ᠤᠨ ᠤᠷᠳᠤ ᠲᠠᠯ᠎ᠠ ᠶᠢᠨ ᠬᠣᠶᠠᠷ ᠮᠥᠷᠥᠪᠴᠢ ᠲᠠᠢ ᠨᠢ ᠬᠣᠯᠪᠣ᠃ 26 ᠢᠯᠡᠭᠦᠦ ᠬᠣᠶᠠᠷ ᠠᠯᠲᠠᠨ ᠭᠠᠷᠠᠬ᠎ᠠ ᠬᠢᠵᠦ᠂ ᠴᠡᠭᠡᠵᠢᠪᠴᠢᠨ ᠤ ᠳᠣᠣᠷ᠎ᠠ ᠬᠣᠶᠠᠷ ᠥᠨᠴᠥᠭ ᠦᠨ ᠡᠹᠣᠳ ᠤᠷᠤᠭᠤ ᠬᠠᠷᠠᠭᠰᠠᠨ ᠳᠣᠲᠣᠭᠠᠳᠤ ᠢᠷᠮᠡᠭ ᠲᠤᠨᠢ ᠬᠠᠳᠠ᠃ 27 ᠮᠥᠨ ᠢᠯᠡᠭᠦᠦ ᠬᠣᠶᠠᠷ ᠠᠯᠲᠠᠨ ᠭᠠᠷᠠᠬ᠎ᠠ ᠬᠢᠵᠦ᠂ ᠡᠹᠣᠳ ᠤᠨ ᠡᠮᠦᠨ᠎ᠡ ᠲᠠᠯ᠎ᠠ ᠳᠤ ᠬᠣᠶᠠᠷ ᠮᠥᠷᠥᠪᠴᠢᠨ ᠤ ᠬᠢᠨᠢ ᠳᠣᠣᠷ᠎ᠠ᠂ ᠵᠠᠯᠭᠠᠭᠠᠰᠤᠨ ᠤ ᠣᠢᠷᠠᠯᠴᠠᠭ᠎ᠠ ᠡᠹᠣᠳ ᠤᠨ ᠤᠷᠠᠨ ᠨᠡᠬᠡᠭᠰᠡᠨ ᠪᠦᠰᠡᠨ ᠦ ᠳᠡᠭᠡᠳᠦ ᠲᠠᠯ᠎ᠠ ᠳᠤ ᠬᠠᠳᠠ᠃ 28 ᠬᠥᠬᠡ ᠣᠭᠣᠰᠣᠷ ᠢᠶᠠᠷ ᠴᠡᠭᠡᠵᠢᠪᠴᠢᠨ ᠤ ᠭᠠᠷᠠᠬ᠎ᠠ ᠶᠢ ᠡᠹᠣᠳ ᠤᠨ ᠭᠠᠷᠠᠬᠠᠨ ᠳᠤ ᠬᠣᠯᠪᠣ᠃ ᠡᠢᠨ ᠬᠦ ᠴᠡᠭᠡᠵᠢᠪᠴᠢ ᠨᠢ ᠡᠹᠣᠳ ᠠᠴᠠ ᠰᠠᠯᠬᠤ ᠦᠭᠡᠢ ᠪᠠᠢᠵᠤ᠂ ᠡᠹᠣᠳ ᠤᠨ ᠤᠷᠠᠨ ᠨᠡᠬᠡᠭᠰᠡᠨ ᠪᠦᠰᠡᠨ ᠦ ᠵᠢᠭᠠᠬᠠᠨ ᠳᠡᠭᠡᠳᠦ ᠲᠠᠯ᠎ᠠ ᠳᠤ ᠪᠠᠢᠬᠤ ᠶᠣᠰᠣᠲᠠᠢ᠃ 29 ᠡᠢᠨ ᠬᠦ ᠠᠷᠣᠨ ᠠᠷᠢᠭᠤᠨ ᠭᠠᠵᠠᠷ ᠲᠤ ᠣᠷᠣᠬᠤ ᠪᠣᠯᠭᠠᠨ ᠳᠠᠭᠠᠨ ᠰᠢᠢᠳᠪᠦᠷᠢ ᠶᠢᠨ ᠴᠡᠭᠡᠵᠢᠪᠴᠢᠨ ᠳᠡᠭᠡᠨ ᠢᠰᠷᠧᠯ ᠤᠨ ᠬᠥᠪᠡᠭᠦᠳ ᠦᠨ ᠨᠡᠷᠡᠰ ᠢ ᠶᠣᠬᠣᠸᠠ ᠶᠢᠨ ᠡᠮᠦᠨ᠎ᠡ ᠪᠠᠢᠩ᠋ᠭᠤ ᠶᠢᠨ ᠳᠤᠷᠠᠰᠬᠠᠯ ᠪᠣᠯᠭᠠᠨ ᠵᠢᠷᠦᠬᠡᠨ ᠲᠤᠰᠢᠶ᠎ᠠ ᠪᠠᠨ ᠠᠪᠴᠤ ᠶᠠᠪᠤᠬᠤ ᠪᠣᠯᠣᠨ᠎ᠠ᠃
30 ᠰᠢᠢᠳᠪᠦᠷᠢ ᠶᠢᠨ ᠴᠡᠭᠡᠵᠢᠪᠴᠢᠨ ᠳᠣᠲᠣᠷ᠎ᠠ ᠦᠷᠢᠮ 25 ᠪᠠ ᠲᠦᠮᠢᠮ 26 ᠢ ᠬᠢ᠃ ᠠᠷᠣᠨ ᠶᠣᠬᠣᠸᠠ ᠶᠢᠨ ᠡᠮᠦᠨ᠎ᠡ ᠣᠴᠢᠬᠤ ᠳᠤ᠂ ᠲᠡᠳᠡᠭᠡᠷ ᠨᠢ ᠲᠡᠭᠦᠨ ᠦ ᠵᠢᠷᠦᠬᠡᠨ ᠲᠤᠰᠢᠶ᠎ᠠ ᠪᠠᠢᠬᠤ ᠶᠣᠰᠣᠲᠠᠢ᠃ ᠡᠢᠨ ᠬᠦ ᠠᠷᠣᠨ ᠢᠰᠷᠧᠯᠴᠦᠳ ᠦᠨ ᠰᠢᠢᠳᠬᠦ ᠵᠦᠢᠯ ᠢ ᠶᠣᠬᠣᠸᠠ ᠶᠢᠨ ᠡᠮᠦᠨ᠎ᠡ ᠵᠢᠷᠦᠬᠡᠨ ᠲᠤᠰᠢᠶ᠎ᠠ ᠪᠠᠨ ᠪᠠᠢᠩ᠋ᠭᠤ ᠠᠪᠴᠤ ᠶᠠᠪᠤᠬᠤ ᠶᠣᠰᠣᠲᠠᠢ᠃
ᠪᠤᠰᠤᠳ ᠡᠮᠦᠰᠬᠡᠯ
31 ᠴᠢ ᠡᠹᠣᠳ ᠤᠨ ᠳᠣᠲᠣᠷ᠎ᠠ ᠡᠮᠦᠰᠬᠦ ᠭᠠᠳᠠᠷ ᠴᠠᠮᠴᠠ ᠶᠢ ᠪᠦᠬᠦᠯᠢ ᠳᠦᠨᠢ ᠬᠥᠬᠡ ᠪᠥᠰ ᠢᠶᠡᠷ ᠬᠢ᠃ 32 ᠭᠣᠣᠯ ᠳᠤᠨᠢ ᠲᠣᠯᠣᠭᠠᠢ ᠣᠷᠣᠭᠤᠯᠬᠤ ᠵᠠᠭᠠᠮ᠎ᠠ ᠭᠠᠷᠭ᠎ᠠ᠃ ᠵᠠᠭᠠᠮ᠎ᠠ ᠶᠢ ᠤᠷᠠᠭᠳᠠᠭᠤᠯᠬᠤ ᠦᠭᠡᠢ ᠶᠢᠨ ᠲᠤᠯᠠᠳᠠ ᠲᠣᠭᠣᠷᠢᠭᠤᠯᠤᠨ ᠰᠦᠯᠵᠢᠵᠦ ᠵᠠᠬᠠᠯᠠ᠃ 33 ᠴᠢ ᠪᠠᠰᠠ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠢᠶᠡᠷ ᠠᠨᠠᠷ ᠮᠠᠶ᠋ᠢᠭ ᠤᠨ ᠰᠠᠴᠤᠭ ᠤᠳ ᠢ᠂ ᠮᠥᠨ ᠵᠠᠪᠰᠠᠷ ᠨᠢ ᠠᠯᠲᠠᠨ ᠬᠣᠩ᠋ᠬᠣ ᠨᠤᠭᠤᠳ ᠢ ᠬᠢᠵᠦ ᠬᠣᠷᠮᠣᠢ ᠶᠢ ᠨᠢ ᠲᠣᠭᠣᠷᠢᠭᠤᠯᠤᠨ ᠡᠯᠭᠦ᠃ 34 ᠭᠠᠳᠠᠷ ᠴᠠᠮᠴᠠ ᠶᠢᠨ ᠬᠣᠷᠮᠣᠢ ᠶᠢᠨ ᠡᠷᠭᠢᠨ ᠲᠣᠭᠣᠷᠢᠨ ᠳᠤ ᠨᠢᠭᠡ ᠠᠯᠲᠠᠨ ᠬᠣᠩ᠋ᠬᠣ᠂ ᠨᠢᠭᠡ ᠠᠨᠠᠷ ᠭᠡᠬᠦᠴᠢᠯᠡᠨ ᠰᠣᠯᠢᠪᠴᠢᠭᠤᠯᠵᠤ ᠬᠢ᠃ 35 ᠠᠷᠣᠨ ᠦᠢᠯᠡᠴᠢᠯᠡᠬᠦ ᠦᠶ᠎ᠡ ᠳᠡᠭᠡᠨ ᠡᠭᠦᠨ ᠢ ᠡᠮᠦᠰᠬᠦ ᠶᠣᠰᠣᠲᠠᠢ᠃ ᠲᠡᠭᠡᠪᠡᠯ ᠶᠣᠬᠣᠸᠠ ᠶᠢᠨ ᠡᠮᠦᠨ᠎ᠡ ᠠᠷᠢᠭᠤᠨ ᠭᠠᠵᠠᠷ ᠲᠤ ᠣᠷᠣᠵᠤ ᠭᠠᠷᠬᠤ ᠳᠤᠨᠢ ᠬᠣᠩ᠋ᠬᠣᠨ ᠤ ᠵᠢᠩᠭᠢᠨᠡᠬᠦ ᠨᠢ ᠰᠣᠨᠣᠰᠳᠠᠬᠤ ᠪᠥᠭᠡᠳ ᠲᠡᠷᠡ ᠦᠬᠦᠬᠦ ᠦᠭᠡᠢ ᠪᠠᠢᠬᠤ ᠪᠣᠯᠣᠨ᠎ᠠ᠃
36 ᠰᠢᠵᠢᠷ ᠠᠯᠲᠠ ᠪᠠᠷ ᠫᠠᠢᠵᠠ ᠬᠢᠵᠦ᠂ ᠲᠡᠭᠦᠨ ᠳᠡᠭᠡᠷ᠎ᠡ 〈ᠶᠣᠬᠣᠸᠠ ᠳᠤ ᠠᠷᠢᠭᠤᠨ〉 ᠭᠡᠵᠦ ᠲᠠᠮᠠᠭ᠎ᠠ ᠰᠡᠢᠯᠳᠡᠭ ᠮᠡᠲᠦ ᠰᠡᠢᠯᠦᠭᠡᠳ᠂ 37 ᠲᠡᠭᠦᠨ ᠢ ᠬᠥᠬᠡ ᠤᠶᠠᠭᠠᠰᠤ ᠪᠠᠷ ᠲᠣᠯᠣᠭᠠᠢ ᠶᠢᠨ ᠣᠷᠢᠶᠠᠯᠲᠠ ᠶᠢᠨ ᠳᠡᠭᠡᠷ᠎ᠡ᠂ ᠤᠷᠳᠤ ᠲᠠᠯ᠎ᠠ ᠳᠤᠨᠢ ᠤᠶᠠ᠃ 38 ᠲᠡᠷᠡ ᠫᠠᠢᠵᠠ ᠠᠷᠣᠨ ᠤ ᠮᠠᠩᠨᠠᠢ ᠳᠡᠭᠡᠷ᠎ᠡ ᠪᠠᠢᠬᠤ ᠶᠣᠰᠣᠲᠠᠢ᠃ ᠡᠢᠨ ᠬᠦ ᠢᠰᠷᠧᠯᠴᠦᠳ ᠠᠷᠢᠭᠤᠨ ᠬᠠᠨᠳᠢᠪ ᠪᠠᠷᠢᠬᠤ ᠳᠤ᠂ ᠠᠷᠣᠨ ᠠᠯᠢᠪᠠ ᠭᠡᠮ ᠪᠤᠷᠤᠭᠤ ᠶᠢ ᠨᠢ ᠥᠪᠡᠷ ᠲᠡᠭᠡᠨ ᠡᠭᠦᠷᠬᠦ ᠪᠣᠯᠣᠨ᠎ᠠ᠃ ᠲᠡᠷᠡ ᠫᠠᠢᠵᠠ ᠠᠷᠣᠨ ᠤ ᠮᠠᠩᠨᠠᠢ ᠳᠡᠭᠡᠷ᠎ᠡ ᠦᠷᠭᠦᠯᠵᠢ ᠪᠠᠢᠬᠤ ᠶᠣᠰᠣᠲᠠᠢ᠃ ᠡᠢᠨ ᠬᠦ ᠠᠷᠠᠳ ᠲᠦᠮᠡᠨ ᠶᠣᠬᠣᠸᠠ ᠶᠢᠨ ᠲᠠᠭᠠᠯᠠᠯ ᠢ ᠣᠯᠬᠤ ᠪᠣᠯᠣᠨ᠎ᠠ᠃
39 ᠳᠣᠲᠣᠷ ᠴᠠᠮᠴᠠ ᠶᠢ ᠨᠠᠷᠢᠨ ᠮᠠᠭᠠᠯᠢᠩ᠋ᠭᠤ ᠪᠠᠷ ᠨᠡᠬᠡᠨ ᠤᠷᠠᠯᠠᠵᠤ᠂ ᠨᠠᠷᠢᠨ ᠮᠠᠭᠠᠯᠢᠩ᠋ᠭᠤ ᠪᠠᠷ ᠲᠣᠯᠣᠭᠠᠢ ᠶᠢᠨ ᠣᠷᠢᠶᠠᠯᠲᠠ ᠬᠢ᠃ ᠪᠠᠰᠠ ᠪᠦᠰᠡ ᠶᠢ ᠤᠷᠠᠨ ᠨᠡᠬᠡᠵᠦ ᠬᠢ᠃
40 ᠠᠷᠣᠨ ᠤ ᠬᠥᠪᠡᠭᠦᠳ ᠦᠨ ᠠᠯᠳᠠᠷ ᠬᠦᠨᠳᠦ ᠪᠠ ᠦᠵᠡᠰᠬᠦᠯᠡᠩ ᠦᠨ ᠲᠥᠯᠥᠭᠡ ᠳᠣᠲᠣᠷ ᠴᠠᠮᠴᠠ᠂ ᠪᠦᠰᠡ ᠪᠣᠯᠣᠨ ᠲᠣᠯᠣᠭᠠᠢ ᠶᠢᠨ ᠠᠯᠴᠢᠭᠤᠷ ᠬᠢ᠃ 41 ᠠᠬ᠎ᠠ ᠠᠷᠣᠨ ᠪᠣᠯᠣᠨ ᠬᠥᠪᠡᠭᠦᠳ ᠲᠤᠨᠢ ᠲᠡᠳᠡᠭᠡᠷ ᠢ ᠡᠮᠦᠰᠬᠡᠭᠰᠡᠨ ᠦ ᠳᠠᠷᠠᠭ᠎ᠠ ᠲᠡᠳᠡᠨ ᠢ ᠲᠣᠰᠣᠯᠠᠵᠤ᠂ ᠲᠣᠮᠢᠯᠠᠵᠤ᠂ ᠠᠷᠢᠭᠤᠰᠬᠠᠨ ᠨᠠᠳᠠ ᠳᠤ ᠦᠢᠯᠡᠴᠢᠯᠡᠬᠦ ᠲᠠᠬᠢᠯᠴᠢ ᠪᠣᠯᠭ᠎ᠠ᠃ 42 ᠨᠢᠴᠦᠭᠦᠨ ᠪᠡᠶ᠎ᠡ ᠶᠢ ᠨᠢ ᠬᠠᠯᠬᠠᠯᠠᠬᠤ ᠶᠢᠨ ᠲᠤᠯᠠᠳᠠ ᠪᠡᠯᠬᠡᠭᠦᠰᠦᠨ ᠡᠴᠡ ᠭᠤᠶ᠎ᠠ ᠬᠦᠷᠬᠦ ᠮᠠᠭᠠᠯᠢᠩ᠋ᠭᠤᠨ ᠳᠣᠲᠣᠷ ᠥᠮᠥᠳᠥ ᠶᠢ ᠲᠡᠳᠡᠨ ᠳᠦ ᠬᠢᠵᠦ ᠥᠭ᠃ 43 ᠠᠷᠣᠨ ᠪᠣᠯᠣᠨ ᠲᠡᠭᠦᠨ ᠦ ᠬᠥᠪᠡᠭᠦᠳ ᠠᠭᠤᠯᠵᠠᠯᠲᠠ ᠶᠢᠨ ᠴᠠᠴᠠᠷ ᠲᠤ ᠣᠷᠣᠬᠤ ᠳᠠᠭᠠᠨ᠂ ᠡᠰᠡᠪᠡᠯ ᠠᠷᠢᠭᠤᠨ ᠭᠠᠵᠠᠷ ᠲᠤ ᠦᠢᠯᠡᠴᠢᠯᠡᠬᠦ ᠪᠡᠷ ᠲᠠᠬᠢᠯ ᠤᠨ ᠰᠢᠷᠡᠭᠡᠨ ᠳᠦ ᠣᠢᠷᠠᠲᠤᠬᠤ ᠳᠠᠭᠠᠨ ᠡᠳᠡᠭᠡᠷ ᠢ ᠡᠮᠦᠰᠬᠦ ᠶᠣᠰᠣᠲᠠᠢ᠃ ᠲᠡᠭᠡᠪᠡᠯ ᠲᠡᠳᠡ ᠰᠢᠳᠬᠡᠯ ᠳᠦ ᠤᠴᠠᠷᠠᠬᠤ ᠦᠭᠡᠢ᠂ ᠦᠬᠦᠯ ᠳᠦ ᠬᠦᠷᠬᠦ ᠦᠭᠡᠢ ᠪᠠᠢᠬᠤ ᠪᠣᠯᠣᠨ᠎ᠠ᠃ ᠡᠨᠡ ᠨᠢ ᠠᠷᠣᠨ ᠪᠣᠯᠣᠨ ᠲᠡᠭᠦᠨ ᠦ ᠦᠷ᠎ᠡ ᠤᠳᠤᠮ ᠤᠨ ᠡᠭᠦᠷᠢᠳᠡ ᠮᠥᠷᠳᠡᠬᠦ ᠶᠣᠰᠣ ᠵᠢᠷᠤᠮ ᠶᠤᠮ᠃