1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠠᠷᠪᠠ ᠶᠢᠰᠦ
 ᠰᠢᠨᠠᠢ ᠠᠭᠤᠯᠠᠨ ᠳᠤ

1 ᠶᠧᠵᠢᠫᠲ ᠡᠴᠡ ᠭᠠᠷᠤᠭᠠᠳ ᠪᠦᠲᠦᠨ ᠭᠤᠷᠪᠠᠨ ᠰᠠᠷ᠎ᠠ ᠪᠣᠯᠬᠤ ᠶᠠᠭ ᠲᠡᠷᠡ ᠡᠳᠦᠷ ᠢᠰᠷᠧᠯᠴᠦᠳ ᠰᠢᠨᠠᠢ ᠶᠢᠨ ᠴᠥᠯ ᠳᠤ ᠬᠦᠷᠴᠡᠢ᠃ 2 ᠲᠡᠳᠡ ᠷᠧᠹᠢᠳᠢᠮ ᠡᠴᠡ ᠬᠥᠳᠡᠯᠵᠦ᠂ ᠰᠢᠨᠠᠢ ᠶᠢᠨ ᠴᠥᠯ ᠳᠤ ᠬᠦᠷᠴᠦ᠂ ᠴᠥᠯ ᠳᠤ ᠪᠠᠭᠤᠳᠠᠯᠯᠠᠪᠠ᠃ ᠢᠰᠷᠧᠯ ᠲᠡᠨᠳᠡ ᠪᠡᠨ ᠠᠭᠤᠯᠠ ᠶᠢᠨ ᠡᠮᠦᠨ᠎ᠡ ᠲᠠᠯ᠎ᠠ ᠳᠤ ᠪᠠᠭᠤᠳᠠᠯᠯᠠᠭᠰᠠᠨ ᠪᠠᠢᠨ᠎ᠠ᠃

3 ᠮᠣᠰᠧ ᠪᠤᠷᠬᠠᠨ ᠥᠭᠡᠳᠡ ᠥᠭᠰᠥᠨ ᠣᠴᠢᠬᠤ ᠳᠤ᠂ ᠶᠣᠬᠣᠸᠠ ᠲᠡᠭᠦᠨ ᠢ ᠠᠭᠤᠯᠠᠨ ᠠᠴᠠ ᠳᠠᠭᠤᠳᠠᠨ᠄ 《ᠡᠢᠨ ᠬᠦ ᠴᠢ ᠶᠠᠺᠣᠪ ᠤᠨ ᠭᠡᠷ ᠦᠨ ᠬᠢᠨ ᠳᠤ ᠶᠠᠷᠢ᠃ ᠢᠰᠷᠧᠯ ᠤᠨ ᠦᠷ᠎ᠡ ᠤᠳᠤᠮ ᠳᠤ ᠬᠡᠯᠡ᠄ 4 〈ᠶᠧᠵᠢᠫᠲ᠋ᠴᠦᠳ ᠲᠦ ᠶᠠᠭᠤ ᠬᠢᠭᠰᠡᠨ ᠢ ᠮᠢᠨᠢ᠂ ᠮᠥᠨ ᠶᠠᠭᠠᠬᠢᠵᠤ ᠲᠠ ᠨᠠᠷ ᠢ ᠪᠦᠷᠭᠦᠳ ᠦᠨ ᠵᠢᠭᠦᠷ ᠳᠡᠭᠡᠷ᠎ᠡ ᠲᠡᠭᠡᠭᠡᠨ ᠥᠪᠡᠷ ᠲᠡᠭᠡᠨ ᠠᠪᠴᠢᠷᠠᠭᠰᠠᠨ ᠢ ᠮᠢᠨᠢ ᠲᠠ ᠨᠠᠷ ᠥᠪᠡᠷᠰᠡᠳ ᠢᠶᠡᠨ ᠬᠠᠷᠠᠭᠰᠠᠨ᠃ 5 ᠬᠡᠷᠪᠡ ᠲᠠ ᠨᠠᠷ ᠣᠳᠣ ᠮᠢᠨᠦ ᠳᠠᠭᠤ ᠬᠣᠭᠣᠯᠠᠢ ᠶᠢ ᠳᠤᠭᠤᠯᠭᠠᠪᠤᠷᠢᠲᠠᠢ ᠳᠠᠭᠠᠵᠤ᠂ ᠮᠢᠨᠦ ᠭᠡᠷ᠎ᠡ ᠶᠢ ᠰᠠᠬᠢᠪᠠᠯ ᠲᠠ ᠨᠠᠷ ᠪᠦᠬᠦ ᠦᠨᠳᠦᠰᠦᠲᠡᠨ ᠦ ᠳᠤᠮᠳᠠ ᠠᠴᠠ ᠮᠢᠨᠦ ᠨᠠᠨᠳᠢᠨ ᠡᠷᠳᠡᠨᠢᠰ ᠪᠣᠯᠬᠤ ᠪᠣᠯᠣᠨ᠎ᠠ᠂ ᠪᠦᠬᠦ ᠳᠡᠯᠡᠬᠡᠢ ᠮᠢᠨᠦᠬᠢ᠂ 6 ᠲᠠ ᠨᠠᠷ ᠯᠠ ᠨᠠᠳᠠ ᠳᠤ ᠲᠠᠬᠢᠯᠴᠢᠳ ᠤᠨ ᠬᠠᠭᠠᠨᠲᠤ ᠤᠯᠤᠰ᠂ ᠠᠷᠢᠭᠤᠨ ᠦᠨᠳᠦᠰᠦᠲᠡᠨ ᠪᠣᠯᠬᠤ ᠪᠣᠯᠣᠨ᠎ᠠ᠂〉 ᠡᠨᠡ ᠦᠭᠡᠰ ᠢ ᠴᠢ ᠢᠰᠷᠧᠯᠴᠦᠳ ᠲᠦ ᠬᠡᠯᠡ》 ᠭᠡᠪᠡ᠃

7 ᠲᠡᠢᠨ ᠬᠦ ᠮᠣᠰᠧ ᠢᠷᠡᠵᠦ᠂ ᠠᠷᠠᠳ ᠲᠦᠮᠡᠨ ᠦ ᠠᠬᠠᠯᠠᠭᠴᠢᠳ ᠢ ᠳᠠᠭᠤᠳᠠᠨ᠂ ᠶᠣᠬᠣᠸᠠ ᠶᠢᠨ ᠵᠠᠬᠢᠭᠰᠠᠨ ᠡᠨᠡ ᠪᠦᠬᠦ ᠦᠭᠡ ᠶᠢ ᠲᠡᠳᠡᠨ ᠳᠦ ᠳᠤᠭᠤᠯᠭᠠᠪᠠ᠃ 8 ᠪᠦᠬᠦ ᠠᠷᠠᠳ ᠲᠦᠮᠡᠨ ᠴᠥᠮ ᠢᠶᠡᠷ ᠢᠶᠠᠨ ᠬᠠᠷᠢᠭᠤᠯᠤᠨ᠄ 《ᠶᠣᠬᠣᠸᠠ ᠶᠢᠨ ᠠᠢᠯᠠᠳᠤᠭᠰᠠᠨ ᠪᠦᠬᠦᠨ ᠢ ᠪᠢᠳᠡ ᠪᠡᠶᠡᠯᠡᠭᠦᠯᠦᠨ᠎ᠡ》 ᠭᠡᠵᠡᠭᠡᠪᠡ᠃ ᠮᠣᠰᠧ ᠠᠷᠠᠳ ᠲᠦᠮᠡᠨ ᠦ ᠦᠭᠡ ᠶᠢ ᠶᠣᠬᠣᠸᠠ ᠳᠤ ᠳᠠᠮᠵᠢᠭᠤᠯᠤᠭᠰᠠᠨ ᠪᠠᠢᠯ᠎ᠠ᠃

9 ᠶᠣᠬᠣᠸᠠ ᠮᠣᠰᠧ ᠳᠤ᠄ 《ᠬᠠᠷᠠ︕ ᠪᠢ ᠵᠤᠵᠠᠭᠠᠨ ᠡᠭᠦᠯᠡᠨ ᠦ ᠳᠤᠮᠳᠠ ᠴᠢᠮ᠎ᠠ ᠳᠡᠭᠡᠷ᠎ᠡ ᠣᠴᠢᠬᠤ ᠪᠣᠯᠣᠨ᠎ᠠ᠂ ᠡᠨᠡ ᠨᠢ ᠪᠢ ᠴᠢᠮ᠎ᠠ ᠲᠠᠢ ᠶᠠᠷᠢᠬᠤ ᠪᠠᠨ ᠠᠷᠠᠳ ᠲᠦᠮᠡᠨ ᠳᠦ ᠰᠣᠨᠣᠰᠬᠠᠵᠤ᠂ ᠲᠡᠳᠡᠨ ᠢ ᠴᠢᠮ᠎ᠠ ᠳᠤ ᠡᠭᠦᠷᠢᠳᠡ ᠢᠲᠡᠭᠡᠭᠦᠯᠬᠦ ᠶᠢᠨ ᠲᠤᠯᠠᠳᠠ ᠶᠤᠮ》 ᠭᠡᠪᠡ᠃

10 ᠶᠣᠬᠣᠸᠠ ᠮᠣᠰᠧ ᠳᠤ᠄ 《ᠠᠷᠠᠳ ᠲᠦᠮᠡᠨ ᠤᠷᠤᠭᠤ ᠣᠴᠢᠵᠤ᠂ ᠲᠡᠳᠡᠨ ᠢᠶᠡᠷ ᠥᠨᠥᠳᠥᠷ᠂ ᠮᠠᠷᠭᠠᠰᠢ ᠥᠪᠡᠷᠰᠡᠳ ᠢ ᠨᠢ ᠠᠷᠢᠭᠤᠰᠬᠠᠭᠤᠯᠤᠨ᠂ ᠬᠤᠪᠴᠠᠰᠤ ᠶᠢ ᠨᠢ ᠤᠬᠢᠶᠠᠯᠭᠠᠨ 11 ᠭᠤᠷᠪᠠᠳᠠᠬᠢ ᠡᠳᠦᠷ ᠦᠨ ᠲᠥᠯᠥᠭᠡ ᠪᠡᠯᠡᠳᠬᠡᠭᠦᠯ᠃ ᠤᠴᠢᠷ ᠨᠢ ᠭᠤᠷᠪᠠᠳᠠᠬᠢ ᠡᠳᠦᠷ ᠲᠦ ᠶᠣᠬᠣᠸᠠ ᠪᠢ ᠪᠦᠬᠦ ᠠᠷᠠᠳ ᠲᠦᠮᠡᠨ ᠦ ᠨᠢᠳᠦᠨ ᠦ ᠡᠮᠦᠨ᠎ᠡ ᠰᠢᠨᠠᠢ ᠠᠭᠤᠯᠠᠨ ᠳᠡᠭᠡᠷ᠎ᠡ ᠪᠠᠭᠤᠵᠤ ᠢᠷᠡᠨ᠎ᠡ᠃ 12 ᠴᠢ ᠠᠷᠠᠳ ᠲᠦᠮᠡᠨ ᠳᠦ ᠵᠣᠷᠢᠭᠤᠯᠤᠨ ᠠᠭᠤᠯᠠ ᠶᠢᠨ ᠵᠠᠬ᠎ᠠ ᠪᠠᠷ ᠵᠠᠭᠠᠭᠯᠠᠵᠤ᠂ ᠲᠡᠳᠡᠨ ᠳᠦ᠄ 〈ᠪᠣᠯᠭᠣᠮᠵᠢᠯᠠ᠂ ᠠᠭᠤᠯᠠᠨ ᠳᠡᠭᠡᠷ᠎ᠡ ᠪᠦᠦ ᠭᠠᠷ᠂ ᠬᠣᠷᠮᠣᠢ ᠳᠤᠨᠢ ᠴᠤ ᠪᠦᠦ ᠬᠦᠷ᠃ ᠠᠭᠤᠯᠠᠨ ᠳᠤ ᠬᠦᠷᠦᠭᠰᠡᠨ ᠬᠥᠮᠦᠨ ᠪᠣᠯᠭᠠᠨ ᠵᠠᠪᠠᠯ ᠦᠬᠦᠬᠦ ᠪᠣᠯᠣᠨ᠎ᠠ᠃ 13 ᠲᠡᠷᠡ ᠬᠥᠮᠦᠨ ᠳᠦ ᠭᠠᠷ ᠬᠦᠷᠴᠦ ᠪᠣᠯᠬᠤ ᠦᠭᠡᠢ᠃ ᠲᠡᠭᠦᠨ ᠢ ᠴᠢᠯᠠᠭᠤ ᠪᠠᠷ ᠰᠢᠳᠡᠬᠦ᠂ ᠡᠰᠡᠪᠡᠯ ᠰᠤᠮᠤ ᠪᠠᠷ ᠬᠠᠷᠪᠤᠬᠤ ᠶᠣᠰᠣᠲᠠᠢ᠃ ᠬᠥᠮᠦᠨ ᠴᠤ ᠪᠠᠢ᠂ ᠠᠮᠢᠲᠠᠨ ᠴᠤ ᠪᠠᠢ᠂ ᠠᠮᠢᠳᠤ ᠦᠯᠡᠳᠡᠬᠦ ᠶᠣᠰᠣ ᠦᠭᠡᠢ〉 ᠭᠡᠵᠦ ᠬᠡᠯᠡ᠃ ᠬᠤᠴᠠ ᠶᠢᠨ ᠡᠪᠡᠷ ᠦᠨ ᠪᠦᠷᠢᠶ᠎ᠡ ᠤᠳᠠᠭᠠᠨ ᠬᠦᠩᠭᠢᠨᠡᠬᠦ ᠳᠦ ᠯᠠ ᠲᠡᠳᠡ ᠠᠭᠤᠯᠠ ᠥᠭᠡᠳᠡ ᠭᠠᠷᠴᠤ ᠪᠣᠯᠣᠨ᠎ᠠ》 ᠭᠡᠪᠡ᠃ 14 ᠮᠣᠰᠧ ᠠᠭᠤᠯᠠᠨ ᠠᠴᠠ ᠪᠠᠭᠤᠨ ᠢᠷᠡᠪᠡ᠂ ᠲᠡᠷᠡ ᠠᠷᠠᠳ ᠲᠦᠮᠡᠨ ᠢ ᠠᠷᠢᠭᠤᠰᠬᠠᠭᠤᠯᠵᠤ᠂ ᠲᠡᠳᠡ ᠬᠤᠪᠴᠠᠰᠤ ᠪᠠᠨ ᠤᠬᠢᠶᠠᠪᠠ᠃ 15 ᠮᠣᠰᠧ ᠠᠷᠠᠳ ᠲᠦᠮᠡᠨ ᠳᠦ᠄ 《ᠭᠤᠷᠪᠠᠳᠠᠬᠢ ᠡᠳᠦᠷ ᠦᠨ ᠲᠥᠯᠥᠭᠡ ᠪᠡᠯᠡᠳᠬᠡᠵᠡᠭᠡ᠃ ᠡᠮᠡᠭᠲᠡᠢ ᠬᠥᠮᠦᠨ ᠳᠦ ᠪᠦᠦ ᠣᠢᠷᠠᠲᠤ》 ᠭᠡᠪᠡ᠃

16 ᠭᠤᠷᠪᠠᠳᠠᠬᠢ ᠡᠳᠦᠷ ᠦᠨ ᠥᠷᠯᠥᠭᠡ ᠪᠣᠯᠣᠯ᠎ᠠ᠃ ᠲᠩᠷᠢ ᠳᠤᠤᠭᠠᠷᠴᠤ᠂ ᠠᠶᠤᠩ᠋ᠭ᠎ᠠ ᠴᠠᠬᠢᠯᠭᠠᠨ ᠴᠠᠬᠢᠯᠪᠠ᠃ ᠠᠭᠤᠯᠠ ᠶᠢ ᠵᠤᠵᠠᠭᠠᠨ ᠡᠭᠦᠯᠡ ᠪᠦᠷᠬᠦᠵᠦ᠂ ᠠᠰᠤᠷᠤ ᠬᠦᠴᠦᠲᠡᠢ ᠪᠦᠷᠢᠶᠡᠨ ᠳᠠᠭᠤ ᠬᠦᠩᠭᠢᠨᠡᠵᠡᠢ᠃ ᠬᠤᠸᠠᠷᠠᠨ ᠳᠤ ᠪᠠᠢᠭ᠎ᠠ ᠠᠷᠠᠳ ᠲᠦᠮᠡᠨ ᠪᠦᠭᠦᠳᠡᠭᠡᠷ ᠢᠶᠡᠨ ᠳᠠᠭᠵᠢᠨ ᠴᠡᠴᠡᠷᠡᠪᠡ᠃ 17 ᠮᠣᠰᠧ ᠠᠷᠠᠳ ᠲᠦᠮᠡᠨ ᠢ ᠪᠤᠷᠬᠠᠨ ᠲᠠᠢ ᠠᠭᠤᠯᠵᠠᠭᠤᠯᠬᠤ ᠪᠠᠷ ᠬᠤᠸᠠᠷᠠᠨ ᠠᠴᠠ ᠳᠠᠭᠠᠭᠤᠯᠤᠨ ᠭᠠᠷᠴᠤ᠂ ᠲᠡᠳᠡ ᠠᠭᠤᠯᠠ ᠶᠢᠨ ᠬᠣᠷᠮᠣᠢ ᠳᠤ ᠵᠣᠭᠰᠣᠯ᠎ᠠ᠃ 18 ᠪᠤᠷᠬᠠᠨ ᠭᠠᠯ ᠤᠨ ᠳᠤᠮᠳᠠ ᠰᠢᠨᠠᠢ ᠠᠭᠤᠯᠠᠨ ᠳᠡᠭᠡᠷ᠎ᠡ ᠪᠠᠭᠤᠨ ᠢᠷᠡᠭᠰᠡᠨ ᠤᠴᠢᠷ ᠠᠭᠤᠯᠠ ᠪᠦᠬᠦᠯᠢ ᠳᠡᠭᠡᠨ ᠤᠲᠤᠭᠠᠨ ᠳᠤ ᠠᠪᠲᠠᠪᠠ᠃ ᠤᠲᠤᠭ᠎ᠠ ᠨᠢ ᠵᠤᠤᠬᠠᠨ ᠤ ᠤᠲᠤᠭ᠎ᠠ ᠰᠢᠭ᠋ ᠬᠥᠭᠡᠷᠴᠦ᠂ ᠠᠭᠤᠯᠠ ᠪᠦᠬᠦᠯᠢ ᠳᠡᠭᠡᠨ ᠠᠰᠤᠷᠤ ᠬᠦᠴᠦᠲᠡᠢ ᠳᠣᠷᠭᠢᠨ᠂ 19 ᠪᠦᠷᠢᠶᠡᠨ ᠳᠠᠭᠤ ᠤᠯᠠᠮ ᠤᠯᠠᠮ ᠢᠶᠠᠷ ᠴᠢᠩ᠋ᠭᠠᠷᠠᠬᠤ ᠳᠤ᠂ ᠮᠣᠰᠧ ᠶᠠᠷᠢᠵᠤ᠂ ᠪᠤᠷᠬᠠᠨ ᠥᠪᠡᠷ ᠦᠨ ᠳᠠᠭᠤ ᠪᠠᠷ ᠲᠡᠭᠦᠨ ᠳᠦ ᠬᠠᠷᠢᠭᠤᠯᠪᠠ᠃ 20 ᠶᠣᠬᠣᠸᠠ ᠰᠢᠨᠠᠢ ᠠᠭᠤᠯᠠ ᠶᠢᠨ ᠣᠷᠣᠢ ᠳᠡᠭᠡᠷ᠎ᠡ ᠪᠠᠭᠤᠵᠤ ᠢᠷᠡᠯ᠎ᠡ᠃ ᠶᠣᠬᠣᠸᠠ ᠮᠣᠰᠧ ᠶᠢ ᠠᠭᠤᠯᠠ ᠶᠢᠨ ᠣᠷᠣᠢ ᠤᠷᠤᠭᠤ ᠳᠠᠭᠤᠳᠠᠭᠰᠠᠨ ᠳᠤ᠂ ᠮᠣᠰᠧ ᠣᠴᠢᠪᠠ᠃ 21 ᠶᠣᠬᠣᠸᠠ ᠮᠣᠰᠧ ᠳᠤ᠄ 《ᠪᠠᠭᠤᠵᠤ ᠣᠴᠢᠭᠠᠳ ᠠᠷᠠᠳ ᠲᠦᠮᠡᠨ ᠳᠦ ᠠᠩ᠋ᠬᠠᠷᠤᠭᠤᠯ᠃ ᠲᠡᠳᠡ ᠶᠣᠬᠣᠸᠠ ᠶᠢ ᠦᠵᠡᠬᠦ ᠭᠡᠵᠦ ᠥᠭᠰᠥᠨ ᠢᠷᠡᠭᠡᠳ ᠣᠯᠠᠨ ᠢᠶᠠᠷ ᠦᠬᠦᠬᠦ ᠪᠤᠢ᠃ 22 ᠶᠣᠬᠣᠸᠠ ᠳᠤ ᠣᠢᠷᠠᠲᠤᠨ ᠢᠷᠡᠬᠦ ᠲᠠᠬᠢᠯᠴᠢᠳ ᠪᠠᠰᠠ ᠥᠪᠡᠷᠰᠡᠳ ᠢ ᠪᠠᠨ ᠠᠷᠢᠭᠤᠰᠬᠠᠭ᠃ ᠡᠰᠡ ᠲᠡᠭᠡᠪᠡᠯ ᠶᠣᠬᠣᠸᠠ ᠲᠡᠳᠡᠨ ᠦ ᠡᠰᠡᠷᠭᠦ ᠳᠠᠭᠠᠷᠢᠨ᠎ᠠ》 ᠭᠡᠪᠡ᠃ 23 ᠮᠣᠰᠧ ᠶᠣᠬᠣᠸᠠ ᠳᠤ᠄ 《ᠠᠷᠠᠳ ᠲᠦᠮᠡᠨ ᠰᠢᠨᠠᠢ ᠠᠭᠤᠯᠠᠨ ᠳᠤ ᠭᠠᠷᠴᠤ ᠴᠢᠳᠠᠬᠤ ᠦᠭᠡᠢ᠃ ᠤᠴᠢᠷ ᠨᠢ ᠲᠠ ᠪᠢᠳᠡᠨ ᠳᠦ᠄ 〈ᠠᠭᠤᠯᠠ ᠶᠢᠨ ᠵᠠᠬ᠎ᠠ ᠪᠠᠷ ᠵᠠᠭᠠᠭᠯᠠᠵᠤ᠂ ᠠᠭᠤᠯᠠ ᠶᠢ ᠠᠷᠢᠭᠤᠨ ᠪᠣᠯᠭᠠᠨ ᠲᠤᠰᠠᠭᠠᠷᠯᠠ〉 ᠭᠡᠵᠦ ᠠᠩ᠋ᠬᠠᠷᠤᠭᠤᠯᠤᠭᠰᠠᠨ ᠪᠢᠯᠡ》 ᠭᠡᠪᠡ᠃ 24 ᠶᠣᠬᠣᠸᠠ ᠲᠡᠭᠦᠨ ᠳᠦ᠄ 《ᠣᠳᠣ ᠴᠢ ᠪᠠᠭᠤᠨ ᠣᠴᠢᠵᠤ᠂ ᠠᠷᠣᠨ ᠲᠠᠢ ᠬᠠᠮᠲᠤ ᠭᠠᠷᠴᠤ ᠢᠷᠡᠭᠡᠷᠡᠢ᠃ ᠬᠠᠷᠢᠨ ᠲᠠᠬᠢᠯᠴᠢᠳ ᠪᠠ ᠠᠷᠠᠳ ᠲᠦᠮᠡᠨ ᠶᠣᠬᠣᠸᠠ ᠤᠷᠤᠭᠤ ᠥᠭᠰᠥᠨ ᠢᠷᠡᠵᠦ ᠪᠣᠯᠬᠤ ᠦᠭᠡᠢ᠂ ᠡᠰᠡ ᠲᠡᠭᠡᠪᠡᠯ ᠪᠢ ᠲᠡᠳᠡᠨ ᠤᠷᠤᠭᠤ ᠳᠠᠭᠠᠷᠢᠬᠤ ᠪᠤᠢ》 ᠭᠡᠬᠦ ᠳᠦ᠂ 25 ᠮᠣᠰᠧ ᠠᠷᠠᠳ ᠲᠦᠮᠡᠨ ᠤᠷᠤᠭᠤ ᠪᠠᠭᠤᠵᠤ᠂ ᠲᠡᠳᠡᠨ ᠳᠦ ᠬᠡᠯᠡᠪᠡ᠃