1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠭᠤᠴᠢᠨ ᠳᠣᠯᠣᠭ᠎ᠠ
 ᠭᠡᠷ᠎ᠡ ᠶᠢᠨ ᠠᠪᠳᠠᠷ᠎ᠠ

1 ᠪᠢᠽᠠᠯᠧᠯ ᠬᠤᠸᠠᠢᠰᠠ ᠮᠣᠳᠣ ᠪᠠᠷ ᠤᠷᠲᠤ ᠨᠢ ᠬᠣᠶᠠᠷ ᠲᠣᠬᠣᠢ ᠬᠠᠭᠠᠰ᠂ ᠥᠷᠭᠡᠨ ᠨᠢ ᠨᠢᠭᠡ ᠲᠣᠬᠣᠢ ᠬᠠᠭᠠᠰ᠂ ᠥᠨᠳᠥᠷ ᠨᠢ ᠨᠢᠭᠡ ᠲᠣᠬᠣᠢ ᠬᠠᠭᠠᠰ ᠠᠪᠳᠠᠷ᠎ᠠ ᠬᠢᠪᠡ᠃ 2 ᠲᠡᠷᠡ ᠳᠣᠲᠣᠷ᠎ᠠ ᠭᠠᠳᠠᠨ᠎ᠠ ᠦᠭᠡᠢ ᠰᠢᠵᠢᠷ ᠠᠯᠲᠠ ᠪᠠᠷ ᠪᠦᠷᠢᠭᠡᠳ ᠳᠡᠭᠡᠳᠦ ᠲᠠᠯ᠎ᠠ ᠶᠢ ᠨᠢ ᠲᠣᠭᠣᠷᠢᠭᠤᠯᠤᠨ ᠠᠯᠲᠠᠨ ᠬᠥᠪᠡᠭᠡ ᠬᠢᠪᠡ᠃ 3 ᠳᠠᠷᠠᠭ᠎ᠠ ᠨᠢ ᠲᠡᠷᠡ ᠳᠥᠷᠪᠡᠨ ᠠᠯᠲᠠᠨ ᠭᠠᠷᠠᠬ᠎ᠠ ᠴᠢᠳᠬᠤᠵᠤ᠂ ᠠᠪᠳᠠᠷ᠎ᠠ ᠶᠢᠨ ᠳᠥᠷᠪᠡᠨ ᠬᠥᠯ ᠳᠡᠭᠡᠷ᠎ᠡ ᠪᠠᠢᠷᠢᠯᠠᠭᠤᠯᠪᠠ᠃ ᠨᠢᠭᠡ ᠲᠠᠯ᠎ᠠ ᠳᠤᠨᠢ ᠬᠣᠶᠠᠷ ᠭᠠᠷᠠᠬ᠎ᠠ᠂ ᠨᠥᠭᠥᠭᠡ ᠲᠠᠯ᠎ᠠ ᠳᠤᠨᠢ ᠬᠣᠶᠠᠷ ᠭᠠᠷᠠᠬ᠎ᠠ ᠪᠠᠢᠪᠠ᠃ 4 ᠲᠡᠭᠡᠭᠡᠳ ᠬᠤᠸᠠᠢᠰᠠ ᠮᠣᠳᠣ ᠪᠠᠷ ᠳᠠᠮᠨᠠᠭᠤᠷᠭ᠎ᠠ ᠨᠤᠭᠤᠳ ᠬᠢᠵᠦ᠂ ᠠᠯᠲᠠ ᠪᠠᠷ ᠪᠦᠷᠢᠪᠡ᠃ 5 ᠲᠡᠷᠡ ᠳᠠᠮᠨᠠᠭᠤᠷᠭ᠎ᠠ ᠨᠤᠭᠤᠳ ᠢ ᠠᠪᠳᠠᠷ᠎ᠠ ᠶᠢᠨ ᠬᠠᠵᠠᠭᠤ ᠲᠠᠯ᠎ᠠ ᠳᠠᠬᠢ ᠭᠠᠷᠠᠬ᠎ᠠ ᠨᠤᠭᠤᠳ ᠲᠤ ᠰᠢᠷᠭᠤᠭᠤᠯᠵᠤ᠂ ᠠᠪᠳᠠᠷ᠎ᠠ ᠶᠢ ᠵᠥᠭᠡᠭᠡᠬᠦ ᠳᠦ ᠬᠡᠷᠡᠭᠯᠡᠬᠦ ᠪᠣᠯᠭᠠᠪᠠ᠃ 6 ᠲᠡᠷᠡ ᠪᠡᠷ ᠬᠡᠯᠲᠦᠷᠢᠭᠦᠯᠦᠯᠭᠡ ᠶᠢᠨ ᠬᠠᠪᠬᠠᠭ ᠢ ᠰᠢᠵᠢᠷ ᠠᠯᠲᠠ ᠪᠠᠷ ᠬᠢᠵᠡᠢ᠃ ᠤᠷᠲᠤ ᠨᠢ ᠬᠣᠶᠠᠷ ᠲᠣᠬᠣᠢ ᠬᠠᠭᠠᠰ᠂ ᠥᠷᠭᠡᠨ ᠨᠢ ᠨᠢᠭᠡ ᠲᠣᠬᠣᠢ ᠬᠠᠭᠠᠰ ᠪᠠᠢᠪᠠ᠃ 7 ᠲᠡᠷᠡ ᠪᠡᠷ ᠠᠯᠲᠠ ᠳᠠᠪᠲᠠᠵᠤ ᠬᠣᠶᠠᠷ ᠺᠧᠷᠣᠪ ᠬᠢᠵᠦ ᠬᠡᠯᠲᠦᠷᠢᠭᠦᠯᠦᠯᠭᠡ ᠶᠢᠨ ᠬᠠᠪᠬᠠᠭ ᠤᠨ ᠬᠣᠶᠠᠷ ᠵᠠᠬ᠎ᠠ ᠳᠤ ᠪᠠᠢᠷᠢᠯᠠᠭᠤᠯᠪᠠ᠃ 8 ᠨᠢᠭᠡ ᠺᠧᠷᠣᠪ ᠢ ᠨᠢᠭᠡ ᠵᠠᠬ᠎ᠠ ᠳᠤ᠂ ᠨᠥᠭᠥᠭᠡ ᠺᠧᠷᠣᠪ ᠢ ᠨᠥᠭᠥᠭᠡ ᠵᠠᠬ᠎ᠠ ᠳᠤ᠂ ᠬᠡᠯᠲᠦᠷᠢᠭᠦᠯᠦᠯᠭᠡ ᠶᠢᠨ ᠬᠠᠪᠬᠠᠭ ᠲᠠᠢ ᠨᠡᠢᠯᠡᠭᠦᠯᠵᠦ ᠬᠢᠪᠡ᠃ 9 ᠺᠧᠷᠣᠪ ᠤᠳ ᠳᠠᠯᠠᠪᠴᠢ ᠨᠤᠭᠤᠳ ᠢᠶᠠᠨ ᠳᠡᠭᠡᠭᠰᠢ ᠳᠡᠯᠭᠡᠨ᠂ ᠬᠡᠯᠲᠦᠷᠢᠭᠦᠯᠦᠯᠭᠡ ᠶᠢᠨ ᠬᠠᠪᠬᠠᠭ ᠢ ᠬᠠᠯᠬᠠᠯᠠᠵᠤ᠂ ᠨᠢᠭᠤᠷ ᠢᠶᠠᠨ ᠬᠡᠯᠲᠦᠷᠢᠭᠦᠯᠦᠯᠭᠡ ᠶᠢᠨ ᠬᠠᠪᠬᠠᠭ ᠤᠷᠤᠭᠤ ᠬᠠᠷᠠᠭᠤᠯᠵᠤ᠂ ᠪᠡᠶ᠎ᠡ ᠪᠡᠶ᠎ᠡ ᠤᠷᠤᠭᠤ ᠪᠠᠨ ᠬᠠᠨᠳᠤᠭᠰᠠᠨ ᠪᠠᠢᠪᠠ᠃
 ᠲᠠᠬᠢᠯ ᠤᠨ ᠰᠢᠷᠡᠭᠡ

10 ᠲᠡᠭᠡᠭᠡᠳ ᠬᠤᠸᠠᠢᠰᠠ ᠮᠣᠳᠣ ᠪᠠᠷ ᠤᠷᠲᠤ ᠨᠢ ᠬᠣᠶᠠᠷ ᠲᠣᠬᠣᠢ᠂ ᠥᠷᠭᠡᠨ ᠨᠢ ᠨᠢᠭᠡ ᠲᠣᠬᠣᠢ᠂ ᠥᠨᠳᠥᠷ ᠨᠢ ᠨᠢᠭᠡ ᠲᠣᠬᠣᠢ ᠬᠠᠭᠠᠰ ᠰᠢᠷᠡᠭᠡ ᠬᠢᠵᠦ᠂ 11 ᠲᠡᠭᠦᠨ ᠢ ᠰᠢᠵᠢᠷ ᠠᠯᠲᠠ ᠪᠠᠷ ᠪᠦᠷᠢᠭᠡᠳ ᠳᠡᠭᠡᠷ᠎ᠡ ᠲᠠᠯ᠎ᠠ ᠶᠢ ᠨᠢ ᠲᠣᠭᠣᠷᠢᠭᠤᠯᠤᠨ ᠠᠯᠲᠠᠨ ᠬᠦᠷᠢᠶ᠎ᠡ ᠬᠢᠪᠡ᠃ 12 ᠰᠢᠷᠡᠭᠡ ᠶᠢ ᠲᠣᠭᠣᠷᠢᠭᠤᠯᠤᠨ ᠠᠯᠠᠭᠠᠨ ᠤ ᠡᠩ ᠦᠨ ᠬᠢᠷᠢ ᠬᠥᠪᠡᠭᠡ ᠬᠢᠵᠦ᠂ ᠲᠡᠭᠦᠨ ᠢ ᠲᠣᠭᠣᠷᠢᠭᠤᠯᠤᠨ ᠬᠥᠪᠡᠭᠡ ᠶᠢ ᠨᠢ ᠠᠯᠲᠠ ᠪᠠᠷ ᠬᠦᠷᠢᠶᠡᠯᠡᠪᠡ᠃ 13 ᠳᠠᠷᠠᠭ᠎ᠠ ᠨᠢ ᠳᠥᠷᠪᠡᠨ ᠠᠯᠲᠠᠨ ᠭᠠᠷᠠᠬ᠎ᠠ ᠴᠢᠳᠬᠤᠵᠤ᠂ ᠳᠥᠷᠪᠡᠨ ᠥᠨᠴᠥᠭ ᠦᠨ ᠬᠢᠨᠢ ᠬᠥᠯ ᠪᠦᠷᠢ ᠳᠤ ᠪᠠᠢᠷᠢᠯᠠᠭᠤᠯᠪᠠ᠃ 14 ᠲᠡᠷᠡ ᠭᠠᠷᠠᠬ᠎ᠠ ᠨᠤᠭᠤᠳ ᠢ ᠬᠥᠪᠡᠭᠡᠨ ᠡᠴᠡ ᠣᠢᠷ᠎ᠠ ᠪᠠᠢᠷᠢᠯᠠᠭᠤᠯᠵᠤ᠂ ᠰᠢᠷᠡᠭᠡ ᠵᠥᠭᠡᠭᠡᠬᠦ ᠳᠦ ᠬᠡᠷᠡᠭᠯᠡᠬᠦ ᠳᠠᠮᠨᠠᠭᠤᠷᠭ᠎ᠠ ᠨᠤᠭᠤᠳ ᠢ ᠲᠣᠭᠲᠠᠭᠠᠬᠤ ᠪᠠᠷ ᠬᠢᠵᠡᠢ᠃ 15 ᠲᠡᠭᠡᠭᠡᠳ ᠬᠤᠸᠠᠢᠰᠠ ᠮᠣᠳᠣ ᠪᠠᠷ ᠳᠠᠮᠨᠠᠭᠤᠷᠭ᠎ᠠ ᠨᠤᠭᠤᠳ ᠬᠢᠵᠦ᠂ ᠠᠯᠲᠠ ᠪᠠᠷ ᠪᠦᠷᠢᠭᠡᠳ ᠰᠢᠷᠡᠭᠡ ᠶᠢ ᠵᠥᠭᠡᠭᠡᠬᠦ ᠳᠦ ᠬᠡᠷᠡᠭᠯᠡᠬᠦ ᠪᠡᠷ ᠪᠡᠯᠡᠳᠬᠡᠪᠡ᠃ 16 ᠲᠡᠷᠡ ᠰᠢᠷᠡᠭᠡᠨ ᠳᠡᠭᠡᠷ᠎ᠡ ᠲᠠᠯᠪᠢᠬᠤ ᠬᠡᠷᠡᠭᠰᠡᠯ ᠤᠳ ᠪᠣᠯᠬᠤ ᠲᠠᠪᠠᠭ ᠤᠳ᠂ ᠰᠢᠨᠠᠭ᠎ᠠ ᠨᠤᠭᠤᠳ᠂ ᠳᠣᠩᠪᠣ ᠨᠤᠭᠤᠳ ᠬᠢᠭᠡᠳ ᠤᠮᠳᠠᠭᠠᠨ ᠡᠷᠭᠦᠯ ᠳᠦ ᠬᠡᠷᠡᠭᠯᠡᠬᠦ ᠯᠣᠩ᠋ᠬᠤ ᠨᠤᠭᠤᠳ ᠢ ᠪᠦᠭᠦᠳᠡ ᠶᠢ ᠨᠢ ᠰᠢᠵᠢᠷ ᠠᠯᠲᠠ ᠪᠠᠷ ᠬᠢᠵᠡᠢ᠃
 ᠳ᠋ᠧᠩ ᠤᠨ ᠲᠠᠯᠪᠢᠭᠤᠷ

17 ᠲᠡᠷᠡ ᠪᠡᠷ ᠰᠢᠵᠢᠷ ᠠᠯᠲᠠ ᠳᠠᠪᠲᠠᠵᠤ ᠳ᠋ᠧᠩ ᠤᠨ ᠲᠠᠯᠪᠢᠭᠤᠷ ᠬᠢᠪᠡ᠃ ᠲᠡᠭᠦᠨ ᠦ ᠰᠠᠭᠤᠷᠢ᠂ ᠡᠰᠢ᠂ ᠬᠤᠨᠳᠠᠭ᠎ᠠ ᠨᠤᠭᠤᠳ᠂ ᠴᠡᠴᠡᠭ ᠦᠨ ᠳᠤᠭᠲᠤᠢ ᠨᠤᠭᠤᠳ ᠪᠠ ᠴᠡᠴᠡᠭ ᠤᠳ ᠨᠢ ᠨᠢᠭᠡ ᠴᠣᠭᠴᠠ ᠪᠠᠢᠪᠠ᠃ 18 ᠲᠠᠯᠪᠢᠭᠤᠷ ᠤᠨ ᠡᠰᠢ ᠶᠢᠨ ᠬᠣᠶᠠᠷ ᠲᠠᠯ᠎ᠠ ᠠᠴᠠ ᠵᠢᠷᠭᠤᠭᠠᠨ ᠰᠠᠯᠠᠭ᠎ᠠ ᠭᠠᠷᠴᠤ ᠨᠢᠭᠡ ᠲᠠᠯ᠎ᠠ ᠠᠴᠠ ᠭᠤᠷᠪᠠᠨ ᠰᠠᠯᠠᠭ᠎ᠠ᠂ ᠨᠥᠭᠥᠭᠡ ᠲᠠᠯ᠎ᠠ ᠠᠴᠠ ᠭᠤᠷᠪᠠᠨ ᠰᠠᠯᠠᠭ᠎ᠠ ᠭᠠᠷᠤᠭᠰᠠᠨ ᠪᠠᠢᠯ᠎ᠠ᠃ 19 ᠨᠢᠭᠡ ᠰᠠᠯᠠᠭᠠᠨ ᠳᠡᠭᠡᠷ᠎ᠡ ᠭᠦᠢᠯᠡᠰᠦᠨ ᠴᠡᠴᠡᠭ ᠦᠨ ᠬᠡᠯᠪᠡᠷᠢ ᠲᠠᠢ ᠭᠤᠷᠪᠠᠨ ᠬᠤᠨᠳᠠᠭ᠎ᠠ ᠪᠠᠢᠵᠤ᠂ ᠬᠤᠨᠳᠠᠭ᠎ᠠ ᠪᠣᠯᠭᠠᠨ ᠳᠤ ᠴᠡᠴᠡᠭ ᠦᠨ ᠳᠤᠭᠲᠤᠢ ᠪᠣᠯᠣᠨ ᠴᠡᠴᠡᠭ ᠲᠡᠢ ᠪᠠᠢᠪᠠ᠃ ᠳᠠᠷᠠᠭᠠᠬᠢ ᠰᠠᠯᠠᠭᠠᠨ ᠳᠡᠭᠡᠷ᠎ᠡ ᠮᠥᠨ ᠭᠤᠷᠪᠠᠨ ᠬᠤᠨᠳᠠᠭ᠎ᠠ ᠪᠠᠢᠵᠤ᠂ ᠬᠤᠨᠳᠠᠭ᠎ᠠ ᠪᠣᠯᠭᠠᠨ ᠳᠤ ᠴᠡᠴᠡᠭ ᠦᠨ ᠳᠤᠭᠲᠤᠢ ᠪᠣᠯᠣᠨ ᠴᠡᠴᠡᠭ ᠲᠡᠢ ᠪᠠᠢᠪᠠ᠃ ᠲᠠᠯᠪᠢᠭᠤᠷ ᠤᠨ ᠡᠰᠢ ᠡᠴᠡ ᠭᠠᠷᠤᠭᠰᠠᠨ ᠵᠢᠷᠭᠤᠭᠠᠨ ᠰᠠᠯᠠᠭ᠎ᠠ ᠨᠢ ᠪᠦᠷ ᠠᠳᠠᠯᠢ᠃ 20 ᠪᠠᠰᠠ ᠳ᠋ᠧᠩ ᠤᠨ ᠲᠠᠯᠪᠢᠭᠤᠷ ᠳᠡᠭᠡᠷ᠎ᠡ ᠭᠦᠢᠯᠡᠰᠦᠨ ᠦ ᠬᠡᠯᠪᠡᠷᠢᠲᠡᠢ ᠳᠥᠷᠪᠡᠨ ᠬᠤᠨᠳᠠᠭ᠎ᠠ ᠪᠠᠢᠵᠤ᠂ ᠬᠤᠨᠳᠠᠭ᠎ᠠ ᠪᠣᠯᠭᠠᠨ ᠳᠤ ᠴᠡᠴᠡᠭ ᠦᠨ ᠳᠤᠭᠲᠤᠢ ᠪᠣᠯᠣᠨ ᠴᠡᠴᠡᠭ ᠲᠡᠢ ᠪᠠᠢᠯ᠎ᠠ᠃ 21 ᠲᠠᠯᠪᠢᠭᠤᠷ ᠤᠨ ᠡᠰᠢ ᠡᠴᠡ ᠭᠠᠷᠤᠭᠰᠠᠨ ᠵᠢᠷᠭᠤᠭᠠᠨ ᠰᠠᠯᠠᠭᠠᠨ ᠤ ᠠᠩ᠋ᠬᠠᠨ ᠤ ᠬᠣᠣᠰ ᠰᠠᠯᠠᠭᠠᠨ ᠤ ᠳᠣᠣᠷ᠎ᠠ ᠨᠢᠭᠡ ᠴᠡᠴᠡᠭ ᠦᠨ ᠳᠤᠭᠲᠤᠢ᠂ ᠬᠣᠶᠠᠳᠠᠬᠢ ᠬᠣᠣᠰ ᠰᠠᠯᠠᠭᠠᠨ ᠤ ᠳᠣᠣᠷ᠎ᠠ ᠨᠢᠭᠡ ᠴᠡᠴᠡᠭ ᠦᠨ ᠳᠤᠭᠲᠤᠢ᠂ ᠭᠤᠷᠪᠠᠳᠠᠬᠢ ᠬᠣᠣᠰ ᠰᠠᠯᠠᠭᠠᠨ ᠤ ᠳᠣᠣᠷ᠎ᠠ ᠨᠢᠭᠡ ᠴᠡᠴᠡᠭ ᠦᠨ ᠳᠤᠭᠲᠤᠢ ᠬᠢᠪᠡ᠃ 22 ᠡᠳᠡᠭᠡᠷ ᠴᠡᠴᠡᠭ ᠦᠨ ᠳᠤᠭᠲᠤᠢ᠂ ᠰᠠᠯᠠᠭ᠎ᠠ ᠨᠢ ᠲᠠᠯᠪᠢᠭᠤᠷ ᠤᠨ ᠡᠰᠢ ᠲᠠᠢ ᠪᠠᠨ ᠨᠢᠭᠡ ᠴᠣᠭᠴᠠ ᠪᠠᠢᠵᠤ᠂ ᠡᠨᠡ ᠪᠦᠭᠦᠳᠡ ᠶᠢ ᠰᠢᠵᠢᠷ ᠠᠯᠲᠠ ᠪᠠᠷ ᠳᠠᠪᠲᠠᠵᠤ ᠬᠢᠪᠡ᠃ 23 ᠲᠡᠭᠡᠭᠡᠳ ᠲᠠᠯᠪᠢᠭᠤᠷ ᠳᠡᠭᠡᠷ᠎ᠡ ᠲᠠᠯᠪᠢᠬᠤ ᠳᠣᠯᠣᠭᠠᠨ ᠳ᠋ᠧᠩ᠂ ᠳ᠋ᠧᠩ ᠤᠨ ᠭᠣᠣᠯ ᠤᠨ ᠴᠢᠮᠬᠢᠭᠦᠷ᠂ ᠦᠨᠡᠰᠦᠨ ᠰᠠᠪᠠ ᠶᠢ ᠴᠤ ᠰᠢᠵᠢᠷ ᠠᠯᠲᠠ ᠪᠠᠷ ᠬᠢᠪᠡ᠃ 24 ᠲᠡᠷᠡ ᠪᠡᠷ ᠳ᠋ᠧᠩ ᠤᠨ ᠲᠠᠯᠪᠢᠭᠤᠷ ᠢ ᠡᠨᠡ ᠪᠦᠬᠦ ᠬᠡᠷᠡᠭᠰᠡᠯ ᠦᠨ ᠬᠠᠮᠲᠤ ᠨᠢᠭᠡ ᠲᠠᠯᠠᠨᠲ ᠰᠢᠵᠢᠷ ᠠᠯᠲᠠ ᠪᠠᠷ ᠬᠢᠪᠡ᠃
 ᠤᠲᠤᠯᠭ᠎ᠠ ᠤᠭᠤᠭᠢᠭᠤᠯᠬᠤ ᠰᠢᠷᠡᠭᠡ

25 ᠲᠡᠷᠡ ᠬᠤᠸᠠᠢᠰᠠ ᠮᠣᠳᠣ ᠪᠠᠷ ᠤᠲᠤᠯᠭᠠᠲᠤ ᠲᠠᠬᠢᠯ ᠤᠨ ᠰᠢᠷᠡᠭᠡ ᠬᠢᠪᠡ᠃ ᠲᠡᠷᠡ ᠨᠢ ᠳᠥᠷᠪᠡᠯᠵᠢᠨ᠂ ᠤᠷᠲᠤ ᠨᠢ ᠨᠢᠭᠡ ᠲᠣᠬᠣᠢ᠂ ᠥᠷᠭᠡᠨ ᠨᠢ ᠨᠢᠭᠡ ᠲᠣᠬᠣᠢ᠂ ᠥᠨᠳᠥᠷ ᠨᠢ ᠬᠣᠶᠠᠷ ᠲᠣᠬᠣᠢ ᠪᠥᠭᠡᠳ ᠥᠨᠴᠥᠭ ᠳᠠᠬᠢ ᠡᠪᠡᠷ ᠤᠳ ᠨᠢ ᠲᠡᠭᠦᠨ ᠲᠡᠢ ᠨᠢᠭᠡ ᠴᠣᠭᠴᠠ ᠪᠠᠢᠪᠠ᠃ 26 ᠲᠡᠷᠡ ᠪᠡᠷ ᠲᠠᠬᠢᠯ ᠤᠨ ᠰᠢᠷᠡᠭᠡᠨ ᠦ ᠳᠡᠭᠡᠳᠦ ᠲᠠᠯ᠎ᠠ ᠪᠣᠯᠣᠨ ᠪᠦᠬᠦ ᠬᠠᠵᠠᠭᠤ ᠲᠠᠯ᠎ᠠ ᠶᠢ ᠨᠢ ᠲᠣᠭᠣᠷᠢᠭᠤᠯᠤᠨ ᠰᠢᠵᠢᠷ ᠠᠯᠲᠠ ᠪᠠᠷ ᠪᠦᠷᠢᠵᠦ᠂ ᠡᠪᠡᠷ ᠤᠳ ᠢ ᠨᠢ ᠴᠤ ᠰᠢᠵᠢᠷ ᠠᠯᠲᠠ ᠪᠠᠷ ᠪᠦᠷᠢᠵᠦ᠂ ᠳᠡᠭᠡᠳᠦ ᠲᠠᠯ᠎ᠠ ᠶᠢ ᠨᠢ ᠲᠣᠭᠣᠷᠢᠭᠤᠯᠤᠨ ᠠᠯᠲᠠᠨ ᠬᠥᠪᠡᠭᠡ ᠬᠢᠪᠡ᠃ 27 ᠬᠥᠪᠡᠭᠡ ᠶᠢᠨ ᠬᠢᠨᠢ ᠳᠣᠣᠷ᠎ᠠ᠂ ᠬᠠᠷᠠᠯᠳᠤᠭ᠎ᠠ ᠬᠣᠶᠠᠷ ᠲᠠᠯ᠎ᠠ ᠳᠤᠨᠢ ᠬᠣᠶᠠᠷ ᠬᠣᠶᠠᠷ ᠠᠯᠲᠠᠨ ᠭᠠᠷᠠᠬ᠎ᠠ ᠬᠢᠵᠦ᠂ ᠲᠠᠬᠢᠯ ᠤᠨ ᠰᠢᠷᠡᠭᠡ ᠶᠢ ᠵᠥᠭᠡᠭᠡᠬᠦ ᠳᠠᠮᠨᠠᠭᠤᠷᠭ᠎ᠠ ᠶᠢᠨ ᠲᠣᠭᠲᠠᠭᠠᠭᠴᠢ ᠪᠣᠯᠭᠠᠨ ᠪᠡᠯᠡᠳᠬᠡᠪᠡ᠃ 28 ᠲᠡᠭᠡᠭᠡᠳ ᠳᠠᠮᠨᠠᠭᠤᠷᠭ᠎ᠠ ᠨᠤᠭᠤᠳ ᠢ ᠨᠢ ᠬᠤᠸᠠᠢᠰᠠ ᠮᠣᠳᠣ ᠪᠠᠷ ᠬᠢᠵᠦ᠂ ᠠᠯᠲᠠ ᠪᠠᠷ ᠪᠦᠷᠢᠪᠡ᠃

29 ᠲᠡᠷᠡ ᠪᠡᠷ ᠦᠨᠦᠷᠲᠡᠨ ᠨᠠᠢᠷᠠᠭᠤᠯᠤᠭᠴᠢᠳ ᠤᠨ ᠠᠷᠭ᠎ᠠ ᠪᠠᠷ ᠠᠷᠢᠭᠤᠨ ᠲᠣᠰᠣᠯᠠᠯᠭ᠎ᠠ ᠶᠢᠨ ᠲᠣᠰᠣ ᠪᠣᠯᠣᠨ ᠴᠡᠪᠡᠷ᠂ ᠠᠩᠬᠢᠯᠤᠭᠤᠨ ᠤᠲᠤᠯᠭ᠎ᠠ ᠴᠤ ᠬᠢᠪᠡ᠃