ᠭᠡᠲᠦᠯᠦᠯ ᠭᠤᠷᠪᠠ
ᠮᠣᠰᠧ ᠳᠠᠭᠤᠳᠠᠭᠳᠠᠪᠠ
1 ᠮᠣᠰᠧ ᠥᠪᠡᠷ ᠦᠨ ᠢᠶᠠᠨ ᠬᠠᠳᠠᠮ ᠡᠴᠢᠭᠡ ᠮᠢᠳᠢᠶᠠᠨ ᠤ ᠲᠠᠬᠢᠯᠴᠢ ᠶᠧᠲ᠋ᠷᠣ᠋ ᠶᠢᠨ ᠬᠣᠨᠢᠨ ᠰᠦᠷᠦᠭ ᠢ ᠬᠠᠷᠢᠭᠤᠯᠵᠤ ᠪᠠᠢᠪᠠ᠃ ᠨᠢᠭᠡᠨ ᠡᠳᠦᠷ ᠲᠡᠷᠡ ᠰᠦᠷᠦᠭ ᠢᠶᠡᠨ ᠳᠠᠭᠠᠭᠤᠯᠵᠤ ᠴᠥᠯ ᠦᠨ ᠴᠠᠭᠠᠲᠤ ᠤᠷᠤᠭᠤ ᠶᠠᠪᠤᠭᠰᠠᠭᠠᠷ ᠪᠤᠷᠬᠠᠨ ᠤ ᠠᠭᠤᠯᠠ ᠬᠣᠷᠧᠪ ᠲᠤ ᠬᠦᠷᠴᠡᠢ᠃ 2 ᠶᠣᠬᠣᠸᠠ ᠶᠢᠨ ᠲᠩᠷᠢ ᠡᠯᠴᠢ ᠪᠤᠲᠠ ᠶᠢᠨ ᠳᠤᠮᠳᠠ ᠠᠴᠠ ᠭᠠᠷᠬᠤ ᠭᠠᠯ ᠤᠨ ᠳᠥᠯᠥ ᠪᠡᠷ ᠲᠡᠭᠦᠨ ᠳᠦ ᠦᠵᠡᠭᠳᠡᠪᠡ᠃ ᠮᠣᠰᠧ ᠦᠵᠡᠬᠦ ᠳᠦ᠂ ᠪᠤᠲᠠᠨ ᠳᠤ ᠭᠠᠯ ᠨᠣᠴᠣᠵᠤ ᠪᠠᠢᠭᠰᠠᠨ ᠠᠲᠠᠯ᠎ᠠ ᠪᠤᠲᠠ ᠲᠦᠯᠡᠭᠳᠡᠬᠦ ᠦᠭᠡᠢ ᠪᠠᠢᠯ᠎ᠠ︕ 3 ᠮᠣᠰᠧ᠄ 《ᠡᠨᠡ ᠭᠠᠢᠬᠠᠮᠰᠢᠭᠲᠤ ᠦᠵᠡᠭᠳᠡᠯ ᠢ ᠣᠴᠢᠵᠤ ᠦᠵᠡᠶ᠎ᠡ᠂ ᠪᠠᠢᠵᠠ᠂ ᠪᠤᠲᠠ ᠶᠠᠭᠠᠬᠢᠭᠠᠳ ᠨᠣᠴᠣᠬᠤ ᠦᠭᠡᠢ ᠪᠠᠢᠭ᠎ᠠ ᠶᠤᠮ ᠪᠣᠯ︖》 ᠭᠡᠵᠦ ᠪᠣᠳᠣᠭᠠᠳ᠂ 4 ᠬᠠᠷᠠᠬᠤ ᠭᠡᠵᠦ ᠡᠷᠭᠢᠬᠦ ᠶᠢ ᠨᠢ ᠶᠣᠬᠣᠸᠠ ᠦᠵᠡᠪᠡ᠃ ᠪᠤᠷᠬᠠᠨ ᠪᠤᠲᠠᠨ ᠤ ᠳᠤᠮᠳᠠ᠄ 《ᠮᠣᠰᠧ︕ ᠮᠣᠰᠧ︕》 ᠭᠡᠵᠦ ᠳᠠᠭᠤᠳᠠᠭᠰᠠᠨ ᠳᠤ᠂ ᠲᠡᠷᠡ᠄ 《ᠪᠢ ᠡ᠊ᠨᠳᠡ ᠪᠠᠢᠨ᠎ᠠ》 ᠭᠡᠯᠡ᠃ 5 ᠪᠤᠷᠬᠠᠨ᠄ 《ᠨᠠᠰᠢ ᠪᠠᠨ ᠪᠦᠦ ᠣᠢᠷᠠᠲᠤ᠂ ᠱᠠᠬᠠᠢ ᠪᠠᠨ ᠲᠠᠢᠯ᠂ ᠵᠣᠭᠰᠣᠵᠤ ᠪᠠᠢᠭ᠎ᠠ ᠭᠠᠵᠠᠷ ᠴᠢᠨᠢ ᠠᠷᠢᠭᠤᠨ ᠶᠤᠮ》 ᠭᠡᠳ᠂ 6 《ᠪᠢ ᠪᠣᠯ ᠴᠢᠨᠦ ᠳᠡᠭᠡᠳᠦᠰ ᠦᠨ ᠪᠤᠷᠬᠠᠨ — ᠠᠪᠷᠠᠬᠠᠮ ᠤᠨ ᠪᠤᠷᠬᠠᠨ᠂ ᠢᠰᠠᠺ ᠤᠨ ᠪᠤᠷᠬᠠᠨ᠂ ᠶᠠᠺᠣᠪ ᠤᠨ ᠪᠤᠷᠬᠠᠨ ᠮᠥᠨ》 ᠬᠡᠮᠡᠨ ᠠᠢᠯᠠᠳᠤᠭᠰᠠᠨ ᠳᠤ᠂ ᠮᠣᠰᠧ ᠪᠤᠷᠬᠠᠨ ᠢ ᠬᠠᠷᠠᠬᠤ ᠠᠴᠠ ᠠᠶᠤᠵᠤ᠂ ᠨᠢᠭᠤᠷ ᠢᠶᠠᠨ ᠪᠦᠲᠡᠭᠡᠪᠡ᠃
7 ᠶᠣᠬᠣᠸᠠ᠄ 《ᠪᠢ ᠶᠧᠵᠢᠫᠲ ᠲᠤ ᠪᠠᠢᠭ᠎ᠠ ᠠᠷᠠᠳ ᠲᠦᠮᠡᠨ ᠦ ᠪᠠᠨ ᠵᠣᠪᠠᠯᠠᠩ ᠢ ᠦᠨᠡᠬᠡᠷ ᠬᠠᠷᠠᠵᠤ᠂ ᠠᠵᠢᠯ ᠬᠢᠨᠠᠭᠴᠢᠳ ᠠᠴᠠ ᠪᠣᠯᠣᠭᠰᠠᠨ ᠲᠡᠳᠡᠨ ᠦ ᠬᠠᠰᠬᠢᠷᠤᠭᠠᠨ ᠢ ᠰᠣᠨᠣᠰᠣᠨ᠂ ᠲᠡᠳᠡᠨ ᠦ ᠵᠣᠪᠠᠯᠠᠩ ᠢ ᠮᠡᠳᠡᠭᠡᠳ 8 ᠪᠠᠭᠤᠵᠤ ᠢᠷᠡᠭᠰᠡᠨ᠃ ᠪᠢ ᠲᠡᠳᠡᠨ ᠢ ᠶᠧᠵᠢᠫᠲ᠋ᠴᠦᠳ ᠦᠨ ᠭᠠᠷ ᠠᠴᠠ ᠴᠢᠯᠥᠭᠡᠯᠡᠵᠦ᠂ ᠲᠡᠷᠡ ᠭᠠᠵᠠᠷ ᠠᠴᠠ ᠭᠠᠷᠭᠠᠨ ᠰᠦ᠋᠂ ᠪᠠᠯ ᠤᠷᠤᠰᠤᠭᠰᠠᠨ ᠠᠭᠤᠳᠠᠮ ᠰᠠᠢᠬᠠᠨ ᠨᠤᠲᠤᠭ — ᠺᠠᠨᠠᠨᠴᠤᠳ᠂ ᠾᠢᠲ᠋ᠴᠤᠳ᠂ ᠠᠮᠣᠷᠢᠴᠤᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠦᠨ ᠭᠠᠵᠠᠷ ᠤᠷᠤᠭᠤ ᠠᠪᠠᠴᠢᠬᠤ ᠭᠡᠵᠦ ᠪᠠᠢᠨ᠎ᠠ᠃ 9 ᠲᠡᠢᠮᠦ ᠡ᠂ ᠢᠰᠷᠧᠯᠴᠦᠳ ᠦᠨ ᠬᠠᠰᠬᠢᠷᠤᠭᠠᠨ ᠮᠢᠨᠦ ᠰᠣᠨᠣᠷ ᠲᠤ ᠬᠦᠷᠦᠭᠰᠡᠨ︕ ᠶᠧᠵᠢᠫᠲ᠋ᠴᠦᠳ ᠦᠨ ᠬᠡᠷᠬᠢᠨ ᠳᠠᠷᠤᠯᠠᠵᠤ ᠪᠠᠢᠭ᠎ᠠ ᠶᠢ ᠴᠤ ᠪᠢ ᠬᠠᠷᠠᠭᠰᠠᠨ᠃ 10 ᠣᠳᠣ ᠴᠢ ᠶᠠᠪᠤ᠃ ᠪᠢ ᠴᠢᠮᠠᠶᠢ ᠹᠠᠷᠠᠣ᠋ ᠤᠷᠤᠭᠤ ᠢᠯᠡᠭᠡᠶ᠎ᠡ᠂ ᠴᠢ ᠮᠢᠨᠦ ᠠᠷᠠᠳ ᠲᠦᠮᠡᠨ ᠢᠰᠷᠧᠯᠴᠦᠳ ᠢ ᠶᠧᠵᠢᠫᠲ ᠡᠴᠡ ᠭᠠᠷᠭᠠᠭᠠᠷᠠᠢ》 ᠭᠡᠪᠡ᠃ 11 ᠬᠠᠷᠢᠨ ᠮᠣᠰᠧ ᠪᠤᠷᠬᠠᠨ ᠳᠤ᠄ 《ᠪᠢ ᠬᠡᠨ ᠪᠣᠯᠴᠢᠬᠠᠭᠠᠳ ᠹᠠᠷᠠᠣ᠋ ᠤᠷᠤᠭᠤ ᠣᠴᠢᠵᠤ᠂ ᠢᠰᠷᠧᠯᠴᠦᠳ ᠢ ᠶᠧᠵᠢᠫᠲ ᠡᠴᠡ ᠭᠠᠷᠭᠠᠬᠤ ᠨᠢ ᠪᠤᠢ︖》 ᠭᠡᠪᠡ᠃
12 ᠲᠡᠭᠡᠬᠦ ᠳᠦ ᠪᠤᠷᠬᠠᠨ᠄ 《ᠪᠢ ᠯᠠᠪᠲᠠᠢ ᠴᠢᠮ᠎ᠠ ᠯᠤᠭ᠎ᠠ ᠬᠠᠮᠲᠤ ᠪᠠᠢᠨ᠎ᠠ︕ ᠪᠢ ᠴᠢᠮᠠᠶᠢ ᠢᠯᠡᠭᠡᠵᠦ ᠪᠠᠢᠭ᠎ᠠ ᠶᠢᠨ ᠲᠡᠮᠳᠡᠭ ᠨᠢ ᠡᠨᠡ᠄ ᠴᠢ ᠠᠷᠠᠳ ᠲᠦᠮᠡᠨ ᠢ ᠶᠧᠵᠢᠫᠲ ᠡᠴᠡ ᠭᠠᠷᠭᠠᠭᠰᠠᠨ ᠤ ᠳᠠᠷᠠᠭ᠎ᠠ᠂ ᠲᠡᠳᠡᠨ ᠲᠡᠢ ᠬᠠᠮᠲᠤ ᠡᠨᠡ ᠠᠭᠤᠯᠠᠨ ᠳᠤ ᠢᠷᠡᠵᠦ ᠪᠤᠷᠬᠠᠨ ᠳᠤ ᠮᠥᠷᠭᠥᠨ᠎ᠡ》 ᠭᠡᠰᠡᠨ ᠳᠦ᠂ 13 ᠮᠣᠰᠧ ᠪᠤᠷᠬᠠᠨ ᠳᠤ᠄ 《ᠬᠠᠷ᠎ᠠ᠂ ᠬᠡᠷᠪᠡ ᠪᠢ ᠢᠰᠷᠧᠯᠴᠦᠳ ᠤᠷᠤᠭᠤ ᠣᠴᠢᠵᠤ ᠲᠡᠳᠡᠨ ᠳᠦ᠄ 〈ᠲᠠ ᠨᠠᠷ ᠤᠨ ᠡᠴᠢᠭᠡ ᠡᠪᠦᠭᠡᠳ ᠦᠨ ᠪᠤᠷᠬᠠᠨ ᠨᠠᠮᠠᠶᠢ ᠲᠠ ᠨᠠᠷ ᠤᠷᠤᠭᠤ ᠢᠯᠡᠭᠡᠭᠰᠡᠨ〉 ᠭᠡᠵᠦ ᠬᠡᠯᠡᠪᠡᠯ᠂ ᠲᠡᠳᠡ᠄ 〈ᠲᠡᠭᠦᠨ ᠦ ᠨᠡᠷ᠎ᠡ ᠨᠢ ᠬᠡᠨ ᠭᠡᠳᠡᠭ ᠪᠤᠢ︖〉 ᠭᠡᠵᠦ ᠠᠰᠠᠭᠤᠬᠤ ᠪᠣᠯᠣᠨ᠎ᠠ᠃ ᠲᠡᠷᠡ ᠦᠶ᠎ᠡ ᠳᠦ ᠪᠢ ᠶᠠᠭᠤ ᠭᠡᠵᠦ ᠬᠡᠯᠡᠬᠦ ᠪᠤᠢ︖》 ᠭᠡᠪᠡ᠃ 14 ᠪᠤᠷᠬᠠᠨ ᠮᠣᠰᠧ ᠳᠤ᠄ 《ᠪᠢ ᠪᠣᠯ 〈ᠪᠢ ᠪᠤᠢ〉 ᠭᠡᠭᠳᠡᠭᠴᠢ ᠶᠤᠮ》 ᠭᠡᠰᠡᠨ ᠢᠶᠡᠨ᠂ 《ᠢᠰᠷᠧᠯᠴᠦᠳ ᠲᠦ ᠴᠢ ᠡᠢᠨ ᠬᠦ ᠬᠡᠯᠡ᠄ 〈ᠪᠢ ᠪᠤᠢ ᠨᠠᠮᠠᠶᠢ ᠲᠠ ᠨᠠᠷ ᠤᠷᠤᠭᠤ ᠢᠯᠡᠭᠡᠭᠰᠡᠨ〉》 ᠭᠡᠯᠡ᠃ 15 ᠪᠤᠷᠬᠠᠨ ᠳᠠᠬᠢᠨ ᠮᠣᠰᠧ ᠳᠤ᠄ 《ᠢᠰᠷᠧᠯᠴᠦᠳ ᠲᠦ ᠴᠢ᠄ 〈ᠶᠣᠬᠣᠸᠠ᠂ ᠲᠠ ᠨᠠᠷ ᠤᠨ ᠡᠴᠢᠭᠡ ᠡᠪᠦᠭᠡᠳ ᠦᠨ ᠪᠤᠷᠬᠠᠨ — ᠠᠪᠷᠠᠬᠠᠮ ᠤᠨ ᠪᠤᠷᠬᠠᠨ᠂ ᠢᠰᠠᠺ ᠤᠨ ᠪᠤᠷᠬᠠᠨ᠂ ᠶᠠᠺᠣᠪ ᠤᠨ ᠪᠤᠷᠬᠠᠨ ᠨᠠᠮᠠᠶᠢ ᠲᠠ ᠨᠠᠷ ᠤᠷᠤᠭᠤ ᠢᠯᠡᠭᠡᠭᠰᠡᠨ〉 ᠭᠡᠵᠦ ᠬᠡᠯᠡ᠃
16 ᠴᠢ ᠶᠠᠪᠤᠵᠤ᠂ ᠢᠰᠷᠧᠯ ᠤᠨ ᠠᠬᠠᠯᠠᠭᠴᠢᠳ ᠢ ᠴᠤᠭᠯᠠᠭᠤᠯᠵᠤ᠂ ᠲᠡᠳᠡᠨ ᠳᠦ᠄ 〈ᠶᠣᠬᠣᠸᠠ ᠲᠠ ᠨᠠᠷ ᠤᠨ ᠳᠡᠭᠡᠳᠦᠰ ᠦᠨ ᠪᠤᠷᠬᠠᠨ — ᠠᠪᠷᠠᠬᠠᠮ᠂ ᠢᠰᠠᠺ᠂ ᠶᠠᠺᠣᠪ ᠤᠨ ᠪᠤᠷᠬᠠᠨ ᠨᠠᠳᠠ ᠳᠤ ᠦᠵᠡᠭᠳᠡᠵᠦ ᠡᠭᠦᠨ ᠢ ᠬᠡᠯᠡᠭᠰᠡᠨ ᠶᠤᠮ᠄ ᠪᠢ ᠲᠠ ᠨᠠᠷ ᠢ ᠦᠨᠡᠬᠡᠷ ᠠᠩ᠋ᠬᠠᠷᠴᠤ᠂ ᠶᠧᠵᠢᠫᠲ ᠲᠤ ᠲᠠ ᠨᠠᠷ ᠲᠤ ᠶᠠᠭᠤ ᠲᠣᠬᠢᠶᠠᠯᠳᠤᠭᠰᠠᠨ ᠢ ᠦᠵᠡᠭᠡᠳ᠂ 17 ᠲᠠ ᠨᠠᠷ ᠢ ᠶᠧᠵᠢᠫᠲ ᠤᠨ ᠵᠣᠪᠠᠯᠠᠩ ᠠᠴᠠ ᠭᠠᠷᠭᠠᠵᠤ᠂ ᠰᠦ᠋ ᠪᠠᠯ ᠤᠷᠤᠰᠤᠭᠰᠠᠨ ᠨᠤᠲᠤᠭ — ᠺᠠᠨᠠᠨᠴᠤᠳ᠂ ᠾᠢᠲ᠋ᠴᠤᠳ᠂ ᠠᠮᠣᠷᠢᠴᠤᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠦᠨ ᠨᠤᠲᠤᠭ ᠤᠷᠤᠭᠤ ᠠᠪᠠᠴᠢᠨ᠎ᠠ ᠭᠡᠵᠦ ᠠᠮᠠᠯᠠᠯ᠎ᠠ〉 ᠭᠡᠵᠦ ᠬᠡᠯᠡᠭᠡᠷᠡᠢ᠃ 18 ᠲᠡᠳᠡ ᠳᠠᠭᠤ ᠬᠣᠭᠣᠯᠠᠢ ᠶᠢ ᠴᠢᠨᠢ ᠰᠣᠨᠣᠰᠬᠤ ᠪᠣᠯᠣᠨ᠎ᠠ᠂ ᠲᠡᠭᠡᠭᠡᠳ ᠴᠢ ᠢᠰᠷᠧᠯ ᠤᠨ ᠠᠬᠠᠯᠠᠭᠴᠢᠳ ᠲᠠᠢ ᠬᠠᠮᠲᠤ ᠶᠧᠵᠢᠫᠲ ᠤᠨ ᠬᠠᠭᠠᠨ ᠳᠤ ᠣᠴᠢᠵᠤ ᠲᠡᠭᠦᠨ ᠳᠦ᠄ 〈ᠢᠪᠷᠠᠢᠴᠤᠳ ᠤᠨ ᠪᠤᠷᠬᠠᠨ ᠶᠣᠬᠣᠸᠠ ᠪᠢᠳᠡᠨ ᠳᠦ ᠢᠯᠡᠷᠡᠭᠰᠡᠨ᠃ ᠲᠡᠢᠮᠦ ᠡᠴᠡ ᠣᠳᠣ ᠪᠢᠳᠡᠨ ᠦ ᠥᠪᠡᠷᠰᠡᠳ ᠦᠨ ᠪᠤᠷᠬᠠᠨ ᠶᠣᠬᠣᠸᠠ ᠳᠤ ᠲᠠᠬᠢᠯ ᠡᠷᠭᠦᠬᠦ ᠶᠢᠨ ᠲᠤᠯᠠᠳᠠ ᠴᠥᠯ ᠤᠷᠤᠭᠤ ᠭᠤᠷᠪᠠᠨ ᠡᠳᠦᠷ ᠦᠨ ᠠᠶᠠᠨ ᠳᠤ ᠶᠠᠪᠤᠬᠤ ᠶᠢ ᠮᠠᠨᠢ ᠵᠥᠪᠰᠢᠶᠡᠷᠡᠭᠡᠴᠢ︕〉 ᠭᠡᠵᠦ ᠬᠡᠯᠡ᠃ 19 ᠬᠠᠷᠢᠨ ᠬᠦᠴᠦᠲᠦ ᠮᠤᠲᠤᠷ ᠢᠶᠠᠷ ᠴᠣᠬᠢᠭᠳᠠᠬᠤ ᠠᠴᠠ ᠨᠠᠰᠢ ᠶᠧᠵᠢᠫᠲ ᠤᠨ ᠬᠠᠭᠠᠨ ᠲᠠ ᠨᠠᠷ ᠤᠨ ᠶᠠᠪᠤᠬᠤ ᠶᠢ ᠯᠠᠪ ᠵᠥᠪᠰᠢᠶᠡᠷᠡᠬᠦ ᠦᠭᠡᠢ ᠶᠢ ᠪᠢ ᠮᠡᠳᠡᠨ᠎ᠡ᠃ 20 ᠲᠡᠢᠮᠦ ᠡᠴᠡ ᠪᠢ ᠮᠤᠲᠤᠷ ᠢᠶᠠᠨ ᠰᠤᠩ᠋ᠭᠠᠵᠤ᠂ ᠶᠧᠵᠢᠫᠲ ᠤᠨ ᠳᠤᠮᠳᠠ ᠶᠠᠩᠵᠤ ᠪᠦᠷᠢ ᠶᠢᠨ ᠭᠠᠢᠬᠠᠮᠰᠢᠭ ᠤᠳ ᠢ ᠦᠢᠯᠡᠳᠦᠨ ᠲᠡᠷᠡ ᠭᠠᠵᠠᠷ ᠢ ᠴᠣᠬᠢᠨ᠎ᠠ᠂ ᠡᠭᠦᠨ ᠦ ᠳᠠᠷᠠᠭ᠎ᠠ ᠯᠠ ᠲᠡᠷᠡ ᠲᠠ ᠨᠠᠷ ᠢ ᠶᠠᠪᠤᠭᠤᠯᠤᠨ᠎ᠠ᠃ 21 ᠪᠢ ᠡᠨᠡ ᠠᠷᠠᠳ ᠲᠦᠮᠡᠨ ᠢ ᠶᠧᠵᠢᠫᠲ᠋ᠴᠦᠳ ᠦᠨ ᠨᠢᠳᠦᠨ ᠳᠦ ᠲᠠᠭᠠᠯᠠᠯ ᠢ ᠣᠯᠬᠤ ᠪᠣᠯᠭᠠᠨ᠎ᠠ᠃ ᠲᠠ ᠨᠠᠷ ᠭᠠᠷᠬᠤ ᠳᠠᠭᠠᠨ ᠭᠠᠷ ᠬᠣᠭᠣᠰᠣᠨ ᠶᠠᠪᠤᠬᠤ ᠦᠭᠡᠢ᠃ 22 ᠡᠮᠡᠭᠲᠡᠢ ᠬᠥᠮᠦᠨ ᠪᠦᠷᠢ ᠬᠥᠷᠰᠢ ᠡᠴᠡ ᠪᠡᠨ ᠪᠤᠶᠤ ᠭᠡᠷ ᠦᠨ ᠡᠵᠡᠭᠲᠡᠢ ᠡᠴᠡ ᠪᠡᠨ ᠠᠯᠲᠠ᠂ ᠮᠥᠩᠭᠥᠨ ᠡᠳ᠋ᠯᠡᠯ ᠪᠣᠯᠣᠨ ᠬᠤᠪᠴᠠᠰᠤ ᠬᠤᠨᠠᠷ ᠱᠠᠭᠠᠷᠳᠠᠵᠤ ᠠᠪᠤᠭᠠᠳ᠂ ᠬᠥᠪᠡᠭᠦᠳ ᠥᠬᠢᠳ ᠲᠡᠭᠡᠨ ᠡᠮᠦᠰᠬᠡᠵᠦ ᠵᠡᠭᠦᠯᠭᠡ᠃ ᠢᠩᠭᠢᠵᠦ ᠲᠠ ᠨᠠᠷ ᠶᠧᠵᠢᠫᠲ᠋ᠴᠦᠳ ᠢ ᠲᠣᠨᠣᠬᠤ ᠪᠣᠯᠣᠨ᠎ᠠ》 ᠭᠡᠪᠡ᠃