ᠭᠡᠲᠦᠯᠦᠯ ᠠᠷᠪᠠ
ᠴᠠᠷᠴᠠᠬᠠᠢ ᠶᠢᠨ ᠭᠠᠮᠰᠢᠭ (8)
1 ᠶᠣᠬᠣᠸᠠ ᠮᠣᠰᠧ ᠳᠤ᠄ 《ᠹᠠᠷᠠᠣ᠋ ᠳᠤ ᠣᠴᠢ᠃ ᠤᠴᠢᠷ ᠨᠢ ᠪᠢ ᠥᠪᠡᠷ ᠢᠶᠡᠨ ᠲᠡᠭᠦᠨ ᠦ ᠵᠢᠷᠦᠬᠡ ᠪᠣᠯᠣᠨ ᠵᠠᠷᠤᠴᠠ ᠨᠠᠷ ᠤᠨ ᠬᠢᠨᠢ ᠵᠢᠷᠦᠬᠡ ᠶᠢ ᠬᠠᠲᠠᠭᠤᠷᠠᠭᠤᠯᠤᠭᠰᠠᠨ ᠶᠤᠮ︕ ᠡᠨᠡ ᠨᠢ ᠲᠡᠳᠡᠨ ᠦ ᠳᠤᠮᠳᠠ ᠪᠢ ᠡᠳᠡᠭᠡᠷ ᠰᠢᠳᠢ ᠲᠡᠮᠳᠡᠭ ᠢ ᠦᠢᠯᠡᠳᠦᠭᠰᠡᠨ ᠢᠶᠡᠷ 2 ᠶᠧᠵᠢᠫᠲ ᠲᠤ ᠦᠢᠯᠡᠳᠦᠭᠰᠡᠨ ᠬᠦᠴᠦᠷᠬᠡᠭ ᠵᠦᠢᠯᠡᠰ ᠦᠨ ᠢᠶᠠᠨ ᠲᠤᠬᠠᠢ᠂ ᠲᠡᠳᠡᠨ ᠳᠦ ᠬᠠᠷᠠᠭᠤᠯᠤᠭᠰᠠᠨ ᠰᠢᠳᠢ ᠲᠡᠮᠳᠡᠭ ᠤᠳ ᠤᠨ ᠢᠶᠠᠨ ᠲᠤᠬᠠᠢ ᠴᠢᠮ᠎ᠠ ᠪᠠᠷ ᠳᠠᠮᠵᠢᠭᠤᠯᠤᠨ ᠦᠷ᠎ᠡ ᠠᠴᠢ ᠨᠠᠷ ᠤᠨ ᠴᠢᠨᠢ ᠴᠢᠬᠢᠨ ᠳᠤ ᠰᠣᠨᠣᠷᠳᠠᠭᠤᠯᠬᠤ ᠶᠢᠨ ᠲᠤᠯᠠᠳᠠ ᠶᠤᠮ᠃ ᠢᠩᠭᠢᠭᠰᠡᠨ ᠢᠶᠡᠷ ᠲᠠ ᠨᠠᠷ ᠨᠠᠮᠠᠶᠢ ᠶᠣᠬᠣᠸᠠ ᠮᠥᠨ ᠭᠡᠳᠡᠭ ᠢ ᠮᠡᠳᠡᠬᠦ ᠪᠣᠯᠣᠨ᠎ᠠ》 ᠭᠡᠪᠡ᠃
3 ᠮᠣᠰᠧ᠂ ᠠᠷᠣᠨ ᠬᠣᠶᠠᠷ ᠹᠠᠷᠠᠣ᠋ ᠳᠤ ᠣᠴᠢᠵᠤ᠂ ᠲᠡᠭᠦᠨ ᠳᠦ᠄ 《ᠢᠪᠷᠠᠢᠴᠤᠳ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ ᠴᠢ ᠬᠡᠵᠢᠶ᠎ᠡ ᠪᠣᠯᠲᠠᠯ᠎ᠠ ᠮᠢᠨᠦ ᠡᠮᠦᠨ᠎ᠡ ᠵᠥᠭᠡᠯᠡᠷᠡᠬᠦ ᠦᠭᠡᠢ ᠪᠠᠢᠭᠰᠠᠭᠠᠷ ᠪᠠᠢᠬᠤ ᠪᠤᠢ︖ ᠮᠢᠨᠦ ᠠᠷᠠᠳ ᠲᠦᠮᠡᠨ ᠢ ᠶᠠᠪᠤᠭᠤᠯ᠃ ᠲᠡᠳᠡ ᠨᠠᠳᠠ ᠳᠤ ᠮᠥᠷᠭᠥᠨ᠎ᠡ᠃ 4 ᠬᠡᠷᠪᠡ ᠴᠢ ᠮᠢᠨᠦ ᠠᠷᠠᠳ ᠲᠦᠮᠡᠨ ᠢ ᠶᠠᠪᠤᠭᠤᠯᠬᠤ ᠦᠭᠡᠢ ᠶᠤᠮ ᠪᠣᠯ᠂ ᠮᠠᠷᠭᠠᠰᠢ ᠪᠢ ᠴᠢᠨᠦ ᠨᠤᠲᠤᠭ ᠳᠡᠪᠢᠰᠬᠡᠷ ᠲᠦ ᠴᠠᠷᠴᠠᠬᠠᠢ ᠣᠷᠣᠭᠤᠯᠤᠨ᠎ᠠ᠃ 5 ᠲᠡᠳᠡ ᠭᠠᠵᠠᠷ ᠤᠨ ᠭᠠᠳᠠᠷᠭᠤ ᠶᠢ ᠪᠦᠷᠬᠦᠬᠦ ᠳᠦ᠂ ᠬᠡᠨ ᠴᠤ ᠭᠠᠵᠠᠷ ᠢ ᠬᠠᠷᠠᠵᠤ ᠴᠢᠳᠠᠬᠤ ᠦᠭᠡᠢ ᠪᠣᠯᠣᠨ᠎ᠠ᠃ ᠮᠥᠨᠳᠥᠷ ᠡᠴᠡ ᠦᠯᠡᠳᠡᠭᠰᠡᠨ ᠵᠦᠢᠯᠡᠰ ᠢ ᠴᠢᠨᠢ ᠲᠡᠳᠡ ᠢᠳᠡᠵᠡᠭᠡᠵᠦ᠂ ᠲᠠᠯᠠᠪᠠᠢ ᠳᠤ ᠴᠢᠨᠢ ᠤᠷᠭᠤᠵᠤ ᠪᠠᠢᠭ᠎ᠠ ᠪᠦᠬᠦ ᠮᠣᠳᠣᠳ ᠢ ᠴᠤ ᠢᠳᠡᠨ᠎ᠡ᠃ 6 ᠴᠢᠨᠦ ᠥᠷᠭᠥᠭᠡ ᠨᠦᠭᠦᠳ᠂ ᠴᠢᠨᠦ ᠪᠦᠬᠦ ᠵᠠᠷᠤᠴᠠ ᠶᠢᠨ ᠭᠡᠷ᠂ ᠪᠦᠬᠦ ᠶᠧᠵᠢᠫᠲ ᠬᠥᠮᠦᠨ ᠦ ᠭᠡᠷ ᠴᠠᠷᠴᠠᠬᠠᠢ ᠪᠠᠷ ᠳᠦᠭᠦᠷᠬᠦ ᠪᠣᠯᠣᠨ᠎ᠠ᠃ ᠴᠢᠨᠦ ᠡᠴᠢᠭᠡ ᠡᠪᠦᠭᠡᠳ ᠡᠨᠡ ᠭᠠᠵᠠᠷ ᠲᠤ ᠰᠠᠭᠤᠷᠢᠰᠢᠭᠰᠠᠨ ᠡᠳᠦᠷ ᠡᠴᠡ ᠣᠳᠣ ᠪᠣᠯᠲᠠᠯ᠎ᠠ ᠦᠵᠡᠭᠳᠡᠭᠡ ᠦᠭᠡᠢ ᠶᠠᠪᠤᠳᠠᠯ ᠲᠣᠬᠢᠶᠠᠯᠳᠤᠨ᠎ᠠ》 ᠭᠡᠪᠡ᠃ ᠲᠡᠭᠡᠭᠡᠳ ᠮᠣᠰᠧ ᠡᠷᠭᠢᠵᠦ ᠹᠠᠷᠠᠣ᠋ ᠶᠢᠨ ᠬᠢ ᠡᠴᠡ ᠭᠠᠷᠪᠠ᠃
7 ᠵᠠᠷᠤᠴᠠ ᠨᠠᠷ ᠨᠢ ᠹᠠᠷᠠᠣ᠋ ᠳᠤ᠄ 《ᠡᠨᠡ ᠬᠥᠮᠦᠨ ᠪᠢᠳᠡᠨ ᠢ ᠬᠡᠳᠦᠢ ᠤᠳᠠᠭᠠᠨ ᠤᠷᠠᠬᠠᠨ ᠳᠠᠭᠠᠨ ᠣᠷᠣᠭᠤᠯᠤᠭᠰᠠᠭᠠᠷ ᠪᠠᠢᠬᠤ ᠶᠤᠮ ᠪᠤᠢ︖ ᠡᠨᠡ ᠬᠥᠮᠦᠰ ᠢ ᠶᠠᠪᠤᠭᠤᠯ᠃ ᠲᠡᠳᠡ ᠶᠣᠬᠣᠸᠠ ᠪᠤᠷᠬᠠᠨ ᠳᠠᠭᠠᠨ ᠮᠥᠷᠭᠥᠭ᠃ ᠶᠧᠵᠢᠫᠲ ᠰᠦᠢᠷᠡᠭᠰᠡᠨ ᠪᠠᠢᠲᠠᠯ᠎ᠠ ᠲᠠ ᠪᠠᠰᠠ ᠮᠡᠳᠡᠬᠦ ᠦᠭᠡᠢ ᠪᠠᠢᠭᠰᠠᠭᠠᠷ ᠤᠤ︖》 ᠭᠡᠪᠡ᠃ 8 ᠹᠠᠷᠠᠣ᠋ ᠮᠣᠰᠧ᠂ ᠠᠷᠣᠨ ᠬᠣᠶᠠᠷ ᠢ ᠪᠤᠴᠠᠭᠠᠨ ᠠᠪᠴᠢᠷᠠᠭᠤᠯᠵᠤ᠂ ᠲᠡᠳᠡᠨ ᠳᠦ᠄ 《ᠶᠠᠪᠤ᠂ ᠶᠣᠬᠣᠸᠠ ᠪᠤᠷᠬᠠᠨ ᠳᠠᠭᠠᠨ ᠮᠥᠷᠭᠥᠵᠡᠭᠡ᠃ ᠬᠠᠷᠢᠨ ᠬᠡᠨ ᠬᠡᠨ ᠶᠠᠪᠤᠬᠤ ᠪᠤᠢ︖》 ᠭᠡᠬᠦ ᠳᠦ᠂ 9 ᠮᠣᠰᠧ᠄ 《ᠮᠠᠨ ᠤ ᠬᠢᠨ ᠬᠥᠭᠰᠢᠨ ᠵᠠᠯᠠᠭᠤ ᠦᠭᠡᠢ ᠬᠠᠮᠲᠤ ᠳᠠᠭᠠᠨ ᠶᠠᠪᠤᠨ᠎ᠠ᠃ ᠪᠢᠳᠡ ᠬᠥᠪᠡᠭᠦᠳ ᠥᠬᠢᠳ᠂ ᠮᠠᠯ ᠰᠦᠷᠦᠭ ᠲᠡᠢ ᠪᠡᠨ ᠬᠠᠮᠲᠤ ᠶᠠᠪᠤᠨ᠎ᠠ᠃ ᠶᠣᠬᠣᠸᠠ ᠶᠢᠨ ᠪᠠᠶᠠᠷ ᠪᠣᠯ ᠪᠢᠳᠡᠨ ᠦ ᠪᠦᠬᠦ ᠬᠥᠮᠦᠨ ᠦ ᠬᠢ ᠶᠤᠮ》 ᠭᠡᠵᠦ ᠬᠡᠯᠡᠪᠡ᠃ 10 ᠹᠠᠷᠠᠣ᠋ ᠲᠡᠳᠡᠨ ᠳᠦ᠄ 《ᠵᠠ᠂ ᠶᠣᠬᠣᠸᠠ ᠶᠠᠭ ᠯᠠ ᠲᠠ ᠨᠠᠷ ᠲᠠᠢ ᠬᠠᠮᠲᠤ ᠪᠠᠢᠬᠤ ᠨᠢ ᠳᠠ᠂ ᠪᠢ ᠲᠠ ᠨᠠᠷ ᠢ ᠡᠬᠡᠨᠡᠷ ᠬᠡᠦᠬᠡᠳ ᠤᠳ ᠲᠠᠢ ᠴᠢᠨᠢ ᠬᠠᠮᠲᠤ ᠶᠠᠪᠤᠭᠤᠯᠤᠨ᠎ᠠ ᠭᠡᠵᠢ ᠤᠤ︖ ᠬᠠᠷ᠎ᠠ︕ ᠭᠠᠢ ᠵᠣᠪᠠᠯᠠᠩ ᠲᠠ ᠨᠠᠷ ᠤᠨ ᠡᠮᠦᠨ᠎ᠡ ᠪᠠᠢᠬᠤ ᠪᠣᠯᠣᠨ᠎ᠠ᠃ 11 ᠲᠡᠭᠡᠬᠦ ᠦᠭᠡᠢ︕ ᠡᠷᠡᠴᠦᠳ ᠴᠢᠨᠢ ᠶᠠᠪᠤᠵᠤ᠂ ᠶᠣᠬᠣᠸᠠ ᠳᠤ ᠮᠥᠷᠭᠥᠭ᠂ ᠲᠠ ᠨᠠᠷ ᠤᠨ ᠬᠦᠰᠡᠯ ᠡᠨᠡ ᠪᠢᠵᠡ︖》 ᠭᠡᠵᠦ ᠬᠡᠯᠡᠪᠡ᠃ ᠲᠡᠭᠡᠭᠡᠳ ᠲᠡᠷᠡ ᠬᠣᠶᠠᠷ ᠹᠠᠷᠠᠣ᠋ ᠶᠢᠨ ᠬᠢ ᠡᠴᠡ ᠬᠥᠭᠡᠭᠡᠭᠳᠡᠪᠡ᠃
12 ᠶᠣᠬᠣᠸᠠ ᠮᠣᠰᠧ ᠳᠤ᠄ 《ᠭᠠᠷ ᠢᠶᠠᠨ ᠶᠧᠵᠢᠫᠲ ᠤᠨ ᠭᠠᠵᠠᠷ ᠳᠡᠭᠡᠭᠦᠷ ᠰᠤᠩ᠋ᠭ᠎ᠠ᠂ ᠶᠧᠵᠢᠫᠲ ᠤᠨ ᠨᠤᠲᠤᠭ ᠲᠤ ᠴᠠᠷᠴᠠᠬᠠᠢ ᠣᠷᠣᠵᠤ ᠭᠠᠵᠠᠷ ᠤᠨ ᠪᠦᠬᠦ ᠡᠪᠡᠰᠦ ᠨᠣᠭᠣᠭ᠎ᠠ᠂ ᠮᠥᠨᠳᠥᠷ ᠡᠴᠡ ᠦᠯᠡᠳᠡᠭᠰᠡᠨ ᠪᠦᠬᠦᠨ ᠢ ᠢᠳᠡᠬᠦ ᠪᠣᠯᠣᠨ᠎ᠠ》 ᠭᠡᠵᠦ ᠠᠢᠯᠠᠳᠪᠠ᠃ 13 ᠮᠣᠰᠧ ᠶᠧᠵᠢᠫᠲ ᠤᠨ ᠭᠠᠵᠠᠷ ᠳᠡᠭᠡᠭᠦᠷ ᠲᠠᠶᠠᠭ ᠢᠶᠠᠨ ᠰᠤᠩ᠋ᠭᠠᠬᠤ ᠳᠤ᠂ ᠶᠣᠬᠣᠸᠠ ᠳᠣᠷᠣᠨ᠎ᠠ ᠶᠢᠨ ᠰᠠᠯᠬᠢ ᠶᠢ ᠡᠳᠦᠷᠵᠢᠨ ᠰᠥᠨᠢᠵᠢᠨ ᠡᠨᠡ ᠨᠤᠲᠤᠭ ᠤᠷᠤᠭᠤ ᠰᠠᠯᠬᠢᠯᠠᠭᠤᠯᠪᠠ᠃ ᠥᠷᠯᠥᠭᠡ ᠪᠣᠯᠬᠤ ᠳᠤ ᠳᠣᠷᠣᠨ᠎ᠠ ᠶᠢᠨ ᠰᠠᠯᠬᠢ ᠪᠠᠷ ᠴᠠᠷᠴᠠᠬᠠᠢ ᠨᠤᠭᠤᠳ ᠬᠦᠷᠴᠦ ᠢᠷᠡᠭᠰᠡᠨ ᠪᠠᠢᠯ᠎ᠠ᠃ 14 ᠴᠠᠷᠴᠠᠬᠠᠢ ᠨᠤᠭᠤᠳ ᠶᠧᠵᠢᠫᠲ ᠤᠨ ᠪᠦᠬᠦ ᠭᠠᠵᠠᠷ ᠲᠤ ᠣᠷᠣᠵᠤ᠂ ᠪᠦᠬᠦᠢᠯᠡ ᠨᠤᠲᠤᠭ ᠳᠡᠪᠢᠰᠬᠡᠷ ᠲᠤᠨᠢ ᠮᠠᠰᠢ ᠣᠯᠠᠨ ᠪᠣᠯᠵᠠᠢ᠃ ᠡᠢᠮᠦ ᠶᠡᠬᠡ ᠴᠠᠷᠴᠠᠬᠠᠢ ᠤᠷᠢᠳᠤ ᠡᠮᠦᠨ᠎ᠡ ᠬᠡᠵᠢᠶ᠎ᠡ ᠴᠤ ᠪᠠᠢᠭ᠎ᠠ ᠦᠭᠡᠢ ᠪᠥᠭᠡᠳ ᠬᠣᠢᠰᠢᠳᠠ ᠴᠤ ᠪᠠᠢᠬᠤ ᠦᠭᠡᠢ ᠪᠣᠯᠣᠨ᠎ᠠ᠃ 15 ᠲᠡᠳᠡ ᠪᠦᠬᠦᠢᠯᠡ ᠭᠠᠵᠠᠷ ᠤᠨ ᠭᠠᠳᠠᠷᠭᠤ ᠶᠢ ᠪᠦᠷᠬᠦᠵᠦ ᠭᠠᠵᠠᠷ ᠬᠠᠪ ᠬᠠᠷ᠎ᠠ ᠪᠣᠯᠵᠠᠢ᠃ ᠲᠡᠳᠡ ᠭᠠᠵᠠᠷ ᠤᠨ ᠠᠯᠢᠪᠠ ᠡᠪᠡᠰᠦ ᠨᠣᠭᠣᠭ᠎ᠠ᠂ ᠮᠥᠨᠳᠥᠷ ᠡᠴᠡ ᠦᠯᠡᠳᠡᠭᠰᠡᠨ ᠮᠣᠳᠣᠨ ᠤ ᠠᠯᠢᠪᠠ ᠵᠢᠮᠢᠰ ᠢ ᠢᠳᠡᠭᠰᠡᠨ ᠳᠦ᠂ ᠶᠧᠵᠢᠫᠲ ᠤᠨ ᠨᠤᠲᠤᠭ ᠳᠠᠶᠠᠭᠠᠷ ᠮᠣᠳᠣ ᠪᠣᠯᠣᠨ ᠬᠡᠭᠡᠷ᠎ᠡ ᠶᠢᠨ ᠤᠷᠭᠤᠮᠠᠯ ᠳᠤ ᠨᠣᠭᠣᠭᠠᠨ ᠥᠩᠭᠡ ᠲᠠᠢ ᠶᠠᠭᠤᠮ᠎ᠠ ᠦᠯᠡᠳᠡᠭᠰᠡᠨ ᠦᠭᠡᠢ᠃ 16 ᠹᠠᠷᠠᠣ᠋ ᠰᠠᠨᠳᠤᠷᠴᠤ ᠮᠣᠰᠧ᠂ ᠠᠷᠣᠨ ᠬᠣᠶᠠᠷ ᠢ ᠳᠠᠭᠤᠳᠠᠭᠠᠳ᠄ 《ᠲᠠ ᠨᠠᠷ ᠤᠨ ᠪᠤᠷᠬᠠᠨ ᠶᠣᠬᠣᠸᠠ ᠳᠤ᠂ ᠮᠥᠨ ᠲᠠ ᠨᠠᠷ ᠲᠤ ᠪᠢ ᠨᠢᠭᠦᠯ ᠦᠢᠯᠡᠳᠦᠯ᠎ᠡ᠃ 17 ᠡᠨᠡ ᠤᠳᠠᠭ᠎ᠠ ᠯᠠ ᠮᠢᠨᠦ ᠨᠢᠭᠦᠯ ᠢ ᠠᠭᠤᠴᠢᠯᠠᠵᠤ᠂ ᠨᠠᠳᠠ ᠠᠴᠠ ᠡᠨᠡ ᠦᠬᠦᠯ ᠦᠨ ᠠᠶᠤᠯ ᠢ ᠵᠠᠢᠯᠠᠭᠤᠯᠤᠭᠠᠴᠢ ᠭᠡᠵᠦ ᠴᠢ ᠶᠣᠬᠣᠸᠠ ᠪᠤᠷᠬᠠᠨ ᠠᠴᠠ ᠪᠠᠨ ᠭᠤᠶᠤᠭᠠᠴᠢ》 ᠭᠡᠪᠡ᠃ 18 ᠮᠣᠰᠧ ᠹᠠᠷᠠᠣ᠋ ᠶᠢᠨ ᠬᠢ ᠡᠴᠡ ᠭᠠᠷᠴᠤ᠂ ᠶᠣᠬᠣᠸᠠ ᠠᠴᠠ ᠭᠤᠶᠤᠪᠠ᠃ 19 ᠶᠣᠬᠣᠸᠠ ᠥᠨᠥᠬᠢ ᠰᠠᠯᠬᠢ ᠶᠢ ᠥᠷᠥᠨ᠎ᠡ ᠶᠢᠨ ᠬᠦᠴᠦᠲᠦ ᠶᠡᠬᠡ ᠰᠠᠯᠬᠢ ᠪᠣᠯᠭᠠᠨ ᠡᠷᠭᠢᠭᠦᠯᠵᠦ ᠴᠠᠷᠴᠠᠬᠠᠢ ᠨᠤᠭᠤᠳ ᠢ ᠤᠯᠠᠭᠠᠨ ᠲᠠᠩᠭᠢᠰ ᠤᠷᠤᠭᠤ ᠬᠥᠭᠡᠭᠡᠭᠰᠡᠨ ᠳᠦ᠂ ᠶᠧᠵᠢᠫᠲ ᠤᠨ ᠨᠤᠲᠤᠭ ᠳᠡᠪᠢᠰᠬᠡᠷ ᠲᠦ ᠨᠢᠭᠡ ᠴᠤ ᠴᠠᠷᠴᠠᠬᠠᠢ ᠦᠯᠡᠳᠡᠭᠰᠡᠨ ᠦᠭᠡᠢ᠃ 20 ᠬᠠᠷᠢᠨ ᠶᠣᠬᠣᠸᠠ ᠹᠠᠷᠠᠣ᠋ ᠶᠢᠨ ᠵᠢᠷᠦᠬᠡ ᠶᠢ ᠬᠠᠲᠠᠭᠤᠷᠠᠭᠤᠯᠤᠭᠰᠠᠨ ᠳᠤ᠂ ᠲᠡᠷᠡ ᠢᠰᠷᠧᠯᠴᠦᠳ ᠢ ᠶᠠᠪᠤᠭᠤᠯᠤᠭᠰᠠᠨ ᠦᠭᠡᠢ᠃
ᠬᠠᠷᠠᠩ᠋ᠭᠤᠢ ᠶᠢᠨ ᠭᠠᠮᠰᠢᠭ (9)
21 ᠶᠣᠬᠣᠸᠠ ᠮᠣᠰᠧ ᠳᠤ᠄ 《ᠭᠠᠷ ᠢᠶᠠᠨ ᠲᠩᠷᠢ ᠥᠭᠡᠳᠡ ᠰᠤᠩ᠋ᠭ᠎ᠠ᠂ ᠶᠧᠵᠢᠫᠲ ᠤᠨ ᠳᠡᠭᠡᠷ᠎ᠡ ᠭᠠᠷ ᠲᠤ ᠲᠡᠮᠲᠡᠷᠢᠭᠳᠡᠮᠡ ᠬᠠᠷᠠᠩ᠋ᠭᠤᠢ ᠨᠥᠮᠥᠷᠬᠦ ᠪᠣᠯᠣᠨ᠎ᠠ》 ᠭᠡᠵᠦ ᠠᠢᠯᠠᠳᠪᠠ᠃ 22 ᠮᠣᠰᠧ ᠭᠠᠷ ᠢᠶᠠᠨ ᠲᠩᠷᠢ ᠥᠭᠡᠳᠡ ᠰᠤᠩ᠋ᠭᠠᠬᠤ ᠳᠤ᠂ ᠲᠦᠨᠡᠷ ᠬᠠᠷᠠᠩ᠋ᠭᠤᠢ ᠶᠧᠵᠢᠫᠲ ᠤᠨ ᠪᠦᠬᠦ ᠭᠠᠵᠠᠷ ᠢ ᠭᠤᠷᠪᠠᠨ ᠡᠳᠦᠷ ᠪᠦᠷᠬᠦᠪᠡ᠃ 23 ᠭᠤᠷᠪᠠᠨ ᠡᠳᠦᠷ ᠦᠨ ᠲᠤᠷᠰᠢ ᠬᠥᠮᠦᠰ ᠨᠢᠭᠡ ᠨᠢᠭᠡ ᠪᠡᠨ ᠬᠠᠷᠠᠵᠤ ᠴᠢᠳᠠᠭᠰᠠᠨ ᠦᠭᠡᠢ᠂ ᠬᠡᠨ ᠴᠤ ᠰᠠᠭᠤᠭ᠎ᠠ ᠭᠠᠵᠠᠷ ᠠᠴᠠ ᠪᠠᠨ ᠬᠥᠳᠡᠯᠵᠦ ᠴᠢᠳᠠᠭᠰᠠᠨ ᠦᠭᠡᠢ᠃ ᠭᠡᠪᠡᠴᠦ ᠢᠰᠷᠧᠯᠴᠦᠳ ᠦᠨ ᠠᠮᠢᠳᠤᠷᠠᠭᠰᠠᠨ ᠪᠦᠬᠦ ᠭᠠᠵᠠᠷ ᠲᠤ ᠭᠡᠷᠡᠯ ᠲᠡᠢ ᠪᠠᠢᠪᠠ᠃ 24 ᠹᠠᠷᠠᠣ᠋ ᠮᠣᠰᠧ ᠶᠢ ᠳᠠᠭᠤᠳᠠᠵᠤ᠄ 《ᠶᠠᠪᠤ᠂ ᠶᠣᠬᠣᠸᠠ ᠳᠤ ᠮᠥᠷᠭᠥ᠂ ᠡᠬᠡᠨᠡᠷ ᠬᠡᠦᠬᠡᠳ ᠤᠳ ᠴᠢᠨᠢ ᠴᠤ ᠲᠠ ᠨᠠᠷ ᠲᠠᠢ ᠬᠠᠮᠲᠤ ᠶᠠᠪᠤᠭ᠃ ᠬᠠᠷᠢᠨ ᠮᠠᠯ ᠰᠦᠷᠦᠭ ᠢᠶᠡᠨ ᠡ᠊ᠨᠳᠡ ᠦᠯᠡᠳᠡᠭᠡ》 ᠭᠡᠪᠡ᠃ 25 ᠮᠣᠰᠧ᠄ 《ᠲᠡᠭᠡᠪᠡᠯ ᠪᠢᠳᠡᠨ ᠦ ᠶᠣᠬᠣᠸᠠ ᠪᠤᠷᠬᠠᠨ ᠳᠠᠭᠠᠨ ᠡᠷᠭᠦᠬᠦ ᠲᠠᠬᠢᠯ ᠤᠳ ᠪᠠ ᠰᠢᠲᠠᠭᠠᠯᠭᠠᠲᠤ ᠡᠷᠭᠦᠯ ᠤᠳ ᠢ ᠲᠠ ᠥᠪᠡᠷ ᠢᠶᠡᠨ ᠬᠠᠩ᠋ᠭᠠᠵᠤ ᠥᠭᠭᠥᠨ᠎ᠡ ᠤᠤ︖ 26 ᠮᠠᠨ ᠤ ᠮᠠᠯ ᠴᠤ ᠪᠢᠳᠡᠨ ᠲᠡᠢ ᠬᠠᠮᠲᠤ ᠶᠠᠪᠤᠬᠤ ᠶᠣᠰᠣᠲᠠᠢ᠂ ᠭᠠᠭᠴᠠ ᠲᠤᠭᠤᠷᠠᠢ ᠴᠤ ᠦᠯᠡᠳᠡᠬᠦ ᠶᠣᠰᠣ ᠦᠭᠡᠢ᠃ ᠮᠠᠨ ᠤ ᠬᠢᠨ ᠲᠡᠳᠡᠨ ᠦ ᠵᠠᠷᠢᠮ ᠢ ᠨᠢ ᠠᠪᠴᠤ᠂ ᠶᠣᠬᠣᠸᠠ ᠪᠤᠷᠬᠠᠨ ᠳᠠᠭᠠᠨ ᠡᠷᠭᠦᠨ᠎ᠡ᠃ ᠭᠡᠪᠡᠴᠦ ᠲᠡᠨᠳᠡ ᠣᠴᠢᠬᠤ ᠬᠦᠷᠲᠡᠯ᠎ᠡ ᠠᠯᠢ ᠪᠠᠷ ᠨᠢ ᠶᠣᠬᠣᠸᠠ ᠳᠤ ᠲᠠᠬᠢᠯ ᠡᠷᠭᠦᠬᠦ ᠶᠢ ᠪᠢᠳᠡ ᠮᠡᠳᠡᠬᠦ ᠦᠭᠡᠢ》 ᠭᠡᠪᠡ᠃ 27 ᠭᠡᠪᠡᠴᠦ ᠶᠣᠬᠣᠸᠠ ᠹᠠᠷᠠᠣ᠋ ᠶᠢᠨ ᠵᠢᠷᠦᠬᠡ ᠶᠢ ᠬᠠᠲᠠᠭᠤᠷᠠᠭᠤᠯᠤᠭᠰᠠᠨ ᠳᠤ᠂ ᠲᠡᠷᠡ ᠲᠡᠳᠡᠨ ᠢ ᠶᠠᠪᠤᠭᠤᠯᠬᠤ ᠳᠤᠷ᠎ᠠ ᠦᠭᠡᠢ ᠪᠠᠢᠯ᠎ᠠ᠃ 28 ᠹᠠᠷᠠᠣ᠋ ᠲᠡᠭᠦᠨ ᠳᠦ᠄ 《ᠨᠠᠳᠠ ᠠᠴᠠ ᠵᠠᠢᠯᠠ᠃ ᠮᠢᠨᠦ ᠨᠢᠭᠤᠷ ᠢ ᠦᠨᠡᠬᠡᠷ ᠳᠠᠬᠢᠨ ᠪᠦᠦ ᠬᠠᠷ᠎ᠠ᠃ ᠴᠢ ᠮᠢᠨᠦ ᠨᠢᠭᠤᠷ ᠢ ᠬᠠᠷᠠᠭᠰᠠᠨ ᠡᠳᠦᠷ ᠲᠡᠭᠡᠨ ᠯᠠ ᠦᠬᠦᠬᠦ ᠪᠣᠯᠣᠨ᠎ᠠ》 ᠭᠡᠪᠡ᠃ 29 ᠮᠣᠰᠧ᠄ 《ᠲᠠ ᠵᠥᠪ ᠶᠠᠷᠢᠵᠤ ᠪᠠᠢᠨ᠎ᠠ᠃ ᠪᠢ ᠲᠠᠨ ᠤ ᠨᠢᠭᠤᠷ ᠢ ᠳᠠᠬᠢᠨ ᠬᠠᠷᠠᠬᠤ ᠦᠭᠡᠢ》 ᠭᠡᠵᠦ ᠬᠡᠯᠡᠪᠡ᠃