ᠭᠡᠲᠦᠯᠦᠯ ᠬᠣᠷᠢᠨ ᠬᠣᠶᠠᠷ
ᠡᠳ᠋ ᠬᠥᠷᠥᠩᠭᠡ ᠶᠢᠨ ᠲᠤᠬᠠᠢ ᠵᠢᠷᠤᠮ
1 ᠦᠬᠡᠷ᠂ ᠡᠰᠡᠪᠡᠯ ᠬᠣᠨᠢ ᠬᠤᠯᠠᠭᠠᠢᠯᠠᠵᠤ᠂ ᠨᠢᠲᠤᠯᠬᠤ ᠪᠤᠶᠤ ᠬᠤᠳᠠᠯᠳᠤᠭᠰᠠᠨ ᠪᠣᠯ᠂ ᠲᠡᠷᠡ ᠬᠥᠮᠦᠨ ᠨᠢᠭᠡ ᠦᠬᠡᠷ ᠢ ᠲᠠᠪᠤᠨ ᠦᠬᠡᠷ ᠢᠶᠡᠷ᠂ ᠨᠢᠭᠡ ᠬᠣᠨᠢ ᠶᠢ ᠳᠥᠷᠪᠡᠨ ᠬᠣᠨᠢ ᠪᠠᠷ ᠲᠥᠯᠥᠬᠦ ᠶᠣᠰᠣᠲᠠᠢ᠃
2 ᠬᠡᠷᠪᠡ ᠬᠤᠯᠠᠭᠠᠢᠴᠢ ᠡᠪᠳᠡᠯᠡᠵᠦ ᠣᠷᠣᠬᠤ ᠭᠡᠳ ᠪᠠᠷᠢᠭᠳᠠᠨ᠂ ᠴᠣᠬᠢᠭᠳᠠᠵᠤ ᠠᠯᠠᠭᠳᠠᠪᠠᠯ ᠬᠥᠮᠦᠨ ᠦ ᠠᠮᠢᠨ ᠬᠡᠷᠡᠭ ᠲᠦ ᠲᠣᠭᠠᠴᠠᠭᠳᠠᠬᠤ ᠦᠭᠡᠢ᠃ 3 ᠬᠠᠷᠢᠨ ᠨᠠᠷᠠ ᠭᠠᠷᠤᠭᠰᠠᠨ ᠤ ᠳᠠᠷᠠᠭ᠎ᠠ ᠦᠬᠦᠭᠰᠡᠨ ᠪᠣᠯ ᠬᠥᠮᠦᠨ ᠦ ᠠᠮᠢᠨ ᠬᠡᠷᠡᠭ ᠲᠦ ᠲᠣᠭᠠᠴᠠᠭᠳᠠᠨ᠎ᠠ᠃
4 ᠦᠬᠡᠷ᠂ ᠡᠯᠵᠢᠭᠡ᠂ ᠡᠰᠡᠪᠡᠯ ᠬᠣᠨᠢᠨ ᠤ ᠠᠯᠢ ᠨᠢ ᠴᠤ ᠪᠠᠢ᠂ ᠬᠡᠷᠪᠡ ᠬᠤᠯᠠᠭᠠᠢᠯᠠᠭᠰᠠᠨ ᠶᠠᠭᠤᠮ᠎ᠠ ᠨᠢ ᠲᠡᠭᠦᠨ ᠦ ᠬᠢ ᠡᠴᠡ ᠠᠮᠢᠳᠤ ᠪᠠᠷ ᠣᠯᠳᠠᠪᠠᠯ ᠬᠤᠯᠠᠭᠠᠢᠴᠢ ᠬᠣᠶᠠᠷ ᠨᠤᠭᠤᠯᠵᠤ ᠲᠥᠯᠥᠬᠦ ᠶᠣᠰᠣᠲᠠᠢ᠃
5 ᠬᠡᠷᠪᠡ ᠬᠥᠮᠦᠨ ᠲᠠᠷᠢᠶᠠᠯᠠᠩ ᠤᠨ ᠲᠠᠯᠠᠪᠠᠢ᠂ ᠡᠰᠡᠪᠡᠯ ᠦᠵᠦᠮ ᠦᠨ ᠴᠡᠴᠡᠷᠯᠢᠭ ᠲᠤ ᠮᠠᠯ ᠢᠶᠠᠨ ᠪᠡᠯᠴᠢᠭᠡᠷᠯᠡᠭᠦᠯᠵᠦ ᠪᠠᠢᠭᠠᠳ ᠰᠤᠯᠠ ᠲᠠᠯᠪᠢᠭᠰᠠᠨ ᠠᠴᠠ ᠪᠣᠯᠵᠤ ᠮᠠᠯ ᠨᠢ ᠥᠭᠡᠷ᠎ᠡ ᠬᠥᠮᠦᠨ ᠦ ᠲᠠᠷᠢᠶᠠᠯᠠᠩ ᠤᠨ ᠲᠠᠯᠠᠪᠠᠢ ᠳᠤ ᠪᠡᠯᠴᠢᠪᠡᠯ ᠮᠠᠯ ᠤᠨ ᠡᠵᠡᠨ ᠲᠠᠷᠢᠶᠠᠯᠠᠩ ᠤᠨ ᠲᠠᠯᠠᠪᠠᠢ ᠶᠢᠨ ᠢᠶᠠᠨ ᠬᠠᠮᠤᠭ ᠤᠨ ᠰᠠᠢᠨ᠂ ᠡᠰᠡᠪᠡᠯ ᠦᠵᠦᠮ ᠦᠨ ᠴᠡᠴᠡᠷᠯᠢᠭ ᠤᠨ ᠢᠶᠠᠨ ᠬᠠᠮᠤᠭ ᠤᠨ ᠰᠠᠢᠨ ᠢᠶᠠᠷ ᠨᠥᠬᠥᠨ ᠲᠥᠯᠥᠬᠦ ᠶᠣᠰᠣᠲᠠᠢ᠃
6 ᠬᠡᠷᠪᠡ ᠭᠠᠯ ᠭᠠᠷᠴᠤ᠂ ᠦᠭᠦᠷᠭᠡᠨ᠎ᠡ ᠶᠢᠨ ᠪᠤᠲᠠᠨ ᠳᠤ ᠠᠪᠤᠯᠴᠠᠵᠤ᠂ ᠬᠤᠷᠢᠶᠠᠭᠰᠠᠨ ᠲᠠᠷᠢᠶ᠎ᠠ᠂ ᠡᠰᠡᠪᠡᠯ ᠬᠠᠳᠤᠭᠠ ᠦᠭᠡᠢ ᠲᠠᠷᠢᠶ᠎ᠠ᠂ ᠡᠰᠡᠪᠡᠯ ᠲᠠᠷᠢᠶᠠᠯᠠᠩ ᠤᠨ ᠲᠠᠯᠠᠪᠠᠢ ᠶᠢ ᠰᠢᠲᠠᠭᠠᠪᠠᠯ ᠲᠡᠷᠡ ᠲᠦᠢᠮᠡᠷ ᠢ ᠲᠠᠯᠪᠢᠭᠴᠢ ᠨᠢ ᠵᠠᠪᠠᠯ ᠲᠥᠯᠥᠬᠦ ᠶᠣᠰᠣᠲᠠᠢ᠃
7 ᠬᠥᠮᠦᠨ ᠮᠥᠩᠭᠥ᠂ ᠡᠰᠡᠪᠡᠯ ᠡᠳ᠋ ᠵᠦᠢᠯᠡᠰ ᠢᠶᠡᠨ ᠬᠥᠷᠰᠢ ᠳᠡᠭᠡᠨ ᠥᠭᠴᠦ ᠬᠠᠳᠠᠭᠠᠯᠠᠭᠤᠯᠬᠤ ᠳᠤ᠂ ᠲᠡᠷᠡ ᠨᠢ ᠬᠥᠷᠰᠢ ᠶᠢᠨ ᠬᠢᠨᠢ ᠭᠡᠷ ᠡᠴᠡ ᠬᠤᠯᠠᠭᠠᠢᠯᠠᠭᠳᠠᠭᠰᠠᠨ ᠲᠣᠬᠢᠶᠠᠯᠳᠤᠯ ᠳᠤ᠂ ᠬᠤᠯᠠᠭᠠᠢᠴᠢ ᠪᠠᠷᠢᠭᠳᠠᠪᠠᠯ ᠡᠵᠡᠨ ᠳᠦᠨᠢ ᠬᠣᠶᠠᠷ ᠨᠤᠭᠤᠯᠵᠤ ᠲᠥᠯᠥᠬᠦ ᠶᠣᠰᠣᠲᠠᠢ᠃ 8 ᠬᠤᠯᠠᠭᠠᠢᠴᠢ ᠪᠠᠷᠢᠭᠳᠠᠬᠤ ᠦᠭᠡᠢ ᠪᠣᠯ ᠭᠡᠷ ᠦᠨ ᠡᠵᠡᠨ ᠰᠢᠭᠦᠭᠴᠢᠳ ᠳᠡᠭᠡᠷ᠎ᠡ ᠣᠴᠢᠵᠤ᠂ ᠬᠥᠷᠰᠢ ᠶᠢᠨ ᠢᠶᠠᠨ ᠡᠳ᠋ ᠬᠥᠷᠥᠩᠭᠡ ᠳᠦ ᠭᠠᠷ ᠬᠦᠷᠦᠭᠰᠡᠨ ᠡᠰᠡᠬᠦ ᠪᠡᠨ ᠰᠢᠭᠦᠯᠭᠡᠬᠦ ᠶᠣᠰᠣᠲᠠᠢ᠃
9 ᠠᠯᠳᠠᠭᠳᠠᠭᠰᠠᠨ ᠦᠬᠡᠷ᠂ ᠡᠯᠵᠢᠭᠡ᠂ ᠬᠣᠨᠢ᠂ ᠬᠤᠪᠴᠠᠰᠤ ᠬᠤᠨᠠᠷ᠂ ᠡᠰᠡᠪᠡᠯ ᠶᠠᠮᠠᠷ ᠥᠭᠡᠷ᠎ᠡ ᠨᠢᠭᠡ ᠠᠯᠳᠠᠭᠤᠯ ᠶᠠᠭᠤᠮᠠᠨ ᠤ ᠲᠤᠬᠠᠢ ᠵᠥᠷᠢᠴᠡᠯ ᠭᠠᠷᠴᠤ 〈ᠡᠨᠡ ᠨᠢ ᠮᠢᠨᠦᠬᠢ〉 ᠭᠡᠬᠦ ᠲᠣᠬᠢᠶᠠᠯᠳᠤᠯ ᠳᠤ᠂ ᠬᠣᠶᠠᠷ ᠲᠠᠯ᠎ᠠ ᠰᠢᠭᠦᠭᠴᠢᠳ ᠳᠡᠭᠡᠷ᠎ᠡ ᠣᠴᠢᠬᠤ ᠶᠣᠰᠣᠲᠠᠢ ᠪᠥᠭᠡᠳ ᠰᠢᠭᠦᠭᠴᠢᠳ ᠤᠨ ᠪᠤᠷᠤᠭᠤᠳᠬᠠᠭᠰᠠᠨ ᠬᠥᠮᠦᠨ ᠨᠢ ᠬᠥᠷᠰᠢ ᠳᠡᠭᠡᠨ ᠬᠣᠶᠠᠷ ᠨᠤᠭᠤᠯᠵᠤ ᠲᠥᠯᠥᠬᠦ ᠶᠣᠰᠣᠲᠠᠢ᠃
10 ᠬᠡᠷᠪᠡ ᠬᠥᠮᠦᠨ ᠡᠯᠵᠢᠭᠡ᠂ ᠦᠬᠡᠷ᠂ ᠬᠣᠨᠢ᠂ ᠡᠰᠡᠪᠡᠯ ᠥᠭᠡᠷ᠎ᠡ ᠮᠠᠯ ᠢᠶᠠᠨ ᠬᠥᠷᠰᠢ ᠳᠡᠭᠡᠨ ᠥᠭᠴᠦ ᠠᠷᠠᠴᠢᠯᠠᠭᠤᠯᠤᠭᠤᠯᠬᠤ ᠳᠤ ᠲᠡᠷᠡ ᠨᠢ ᠦᠬᠦᠬᠦ᠂ ᠭᠡᠮᠲᠦᠬᠦ᠂ ᠡᠰᠡᠪᠡᠯ ᠬᠡᠨ ᠴᠤ ᠬᠠᠷᠠᠭ᠎ᠠ ᠦᠭᠡᠢ ᠪᠠᠢᠬᠤ ᠳᠤ ᠠᠯᠠᠭ᠎ᠠ ᠪᠣᠯᠪᠠᠯ᠂ 11 ᠲᠡᠷᠡ ᠬᠣᠶᠠᠷ ᠤᠨ ᠬᠣᠭᠣᠷᠣᠨᠳᠣ ᠬᠥᠷᠰᠢ ᠶᠢᠨ ᠢᠶᠠᠨ ᠥᠮᠴᠢ ᠳᠤ ᠭᠠᠷ ᠬᠦᠷᠦᠭᠡ ᠦᠭᠡᠢ ᠭᠡᠰᠡᠨ ᠦ ᠲᠠᠩ᠋ᠭᠠᠷᠢᠭ ᠶᠣᠬᠣᠸᠠ ᠶᠢᠨ ᠡᠮᠦᠨ᠎ᠡ ᠪᠠᠢᠬᠤ ᠶᠣᠰᠣᠲᠠᠢ᠃ ᠮᠠᠯ ᠤᠨ ᠡᠵᠡᠨ ᠲᠡᠷᠡ ᠲᠠᠩ᠋ᠭᠠᠷᠢᠭ ᠢ ᠬᠦᠯᠢᠶᠡᠨ ᠠᠪᠴᠤ᠂ ᠨᠥᠭᠥᠭᠡ ᠬᠥᠮᠦᠨ ᠨᠥᠬᠥᠨ ᠲᠥᠯᠥᠬᠦ ᠶᠣᠰᠣ ᠦᠭᠡᠢ᠃ 12 ᠭᠡᠪᠡᠴᠦ ᠨᠥᠭᠥᠭᠡ ᠮᠠᠯ ᠬᠥᠷᠰᠢ ᠡᠴᠡ ᠨᠢ ᠪᠣᠯᠵᠤ ᠬᠤᠯᠠᠭᠠᠢᠯᠠᠭᠳᠠᠭᠰᠠᠨ ᠨᠢ ᠲᠣᠳᠣᠷᠬᠠᠢ ᠪᠣᠯ᠂ ᠲᠡᠷᠡ ᠪᠡᠷ ᠡᠵᠡᠨ ᠳᠦᠨᠢ ᠨᠥᠬᠥᠨ ᠲᠥᠯᠥᠬᠦ ᠶᠣᠰᠣᠲᠠᠢ᠃ 13 ᠬᠡᠷᠪᠡ ᠨᠥᠭᠥᠭᠡ ᠮᠠᠯ ᠨᠢ ᠠᠷᠢᠶᠠᠲᠠᠨ ᠳᠤ ᠲᠠᠰᠤᠳᠠᠭᠳᠠᠭᠰᠠᠨ ᠪᠣᠯ ᠲᠡᠭᠦᠨ ᠦ ᠭᠡᠷᠡᠴᠢ ᠶᠢ ᠠᠪᠴᠢᠷᠠᠬᠤ ᠶᠣᠰᠣᠲᠠᠢ᠃ ᠲᠡᠭᠡᠪᠡᠯ ᠲᠡᠷᠡ ᠪᠡᠷ ᠲᠠᠰᠤᠳᠠᠭᠳᠠᠭᠰᠠᠨ ᠮᠠᠯ ᠤᠨ ᠲᠥᠯᠥᠭᠡ ᠲᠥᠯᠥᠬᠦ ᠶᠣᠰᠣ ᠦᠭᠡᠢ᠃
14 ᠬᠡᠷᠪᠡ ᠬᠥᠮᠦᠨ ᠬᠥᠷᠰᠢ ᠡᠴᠡ ᠪᠡᠨ ᠮᠠᠯ ᠵᠢᠭᠡᠯᠡᠵᠦ ᠠᠪᠤᠭᠠᠳ ᠡᠵᠡᠨ ᠨᠢ ᠦᠭᠡᠢ ᠳᠦ ᠲᠡᠷᠡ ᠮᠠᠯ ᠭᠡᠮᠲᠦᠬᠦ᠂ ᠡᠰᠡᠪᠡᠯ ᠦᠬᠦᠪᠡᠯ ᠵᠢᠭᠡᠯᠡᠭᠰᠡᠨ ᠬᠥᠮᠦᠨ ᠵᠠᠪᠠᠯ ᠨᠥᠬᠥᠨ ᠲᠥᠯᠥᠬᠦ ᠶᠣᠰᠣᠲᠠᠢ᠃ 15 ᠬᠡᠷᠪᠡ ᠡᠵᠡᠨ ᠨᠢ ᠬᠠᠮᠲᠤ ᠪᠠᠢᠭᠰᠠᠨ ᠪᠣᠯ᠂ ᠲᠥᠯᠥᠬᠦ ᠶᠣᠰᠣ ᠦᠭᠡᠢ᠂ ᠬᠥᠯᠥᠰᠥᠯᠡᠵᠦ ᠠᠪᠤᠭᠰᠠᠨ ᠪᠠᠢᠪᠠᠯ ᠲᠡᠷᠡ ᠬᠦ ᠬᠥᠯᠥᠰᠥ ᠨᠢ ᠲᠡᠭᠦᠨ ᠦ ᠦᠨ᠎ᠡ ᠪᠣᠯᠣᠨ᠎ᠠ᠃
ᠨᠡᠢᠭᠡᠮ ᠦᠨ ᠬᠠᠷᠢᠭᠤᠴᠠᠯᠭ᠎ᠠ ᠶᠢᠨ ᠲᠤᠬᠠᠢ
16 ᠬᠡᠷᠪᠡ ᠨᠢᠭᠡ ᠡᠷ᠎ᠡ ᠬᠥᠮᠦᠨ ᠰᠦᠢ ᠲᠠᠯᠪᠢᠭ᠎ᠠ ᠦᠭᠡᠢ ᠣᠩ᠋ᠭᠣᠨ ᠥᠬᠢᠨ ᠢ ᠤᠷᠤᠭᠤ ᠲᠠᠲᠠᠵᠤ᠂ ᠲᠡᠭᠦᠨ ᠲᠡᠢ ᠤᠨᠲᠠᠪᠠᠯ ᠵᠠᠪᠠᠯ ᠰᠠᠭᠠᠯᠢ 21 ᠥᠭᠴᠦ᠂ ᠲᠡᠭᠦᠨ ᠢ ᠡᠬᠡᠨᠡᠷ ᠢᠶᠡᠨ ᠪᠣᠯᠭᠠᠨ ᠠᠪᠬᠤ ᠶᠣᠰᠣᠲᠠᠢ᠃ 17 ᠬᠡᠳᠦᠢᠪᠡᠷ ᠥᠬᠢᠨ ᠤ ᠡᠴᠢᠭᠡ ᠥᠬᠢᠨ ᠢᠶᠠᠨ ᠲᠡᠭᠦᠨ ᠳᠦ ᠥᠭᠬᠦ ᠦᠭᠡᠢ ᠪᠠᠢᠭᠰᠠᠨ ᠴᠤ ᠲᠡᠷᠡ ᠣᠩ᠋ᠭᠣᠨ ᠥᠬᠢᠨ ᠤ ᠰᠠᠭᠠᠯᠢ ᠲᠠᠢ ᠲᠡᠩᠴᠡᠬᠦ ᠮᠥᠩᠭᠥ ᠶᠢ ᠲᠥᠯᠥᠬᠦ ᠶᠣᠰᠣᠲᠠᠢ᠃
18 ᠢᠳᠤᠭᠠᠨ ᠢ ᠪᠦᠦ ᠠᠮᠢᠳᠤ ᠪᠠᠢᠯᠭ᠎ᠠ᠃
19 ᠮᠠᠯ ᠠᠮᠢᠲᠠᠨ ᠲᠠᠢ ᠬᠤᠷᠢᠴᠠᠭᠴᠢ ᠪᠣᠯᠭᠠᠨ ᠵᠠᠪᠠᠯ ᠦᠬᠦᠬᠦ ᠶᠣᠰᠣᠲᠠᠢ᠃
20 ᠶᠣᠬᠣᠸᠠ ᠠᠴᠠ ᠥᠭᠡᠷ᠎ᠡ ᠪᠤᠷᠬᠠᠳ ᠲᠤ ᠲᠠᠬᠢᠯ ᠡᠷᠭᠦᠭᠴᠢ ᠨᠢ ᠪᠦᠷᠢᠮᠦᠰᠦᠨ ᠤᠰᠠᠳᠬᠠᠭᠳᠠᠬᠤ ᠶᠣᠰᠣᠲᠠᠢ᠃
21 ᠴᠢ ᠬᠠᠷᠢ ᠶᠢᠨ ᠬᠥᠮᠦᠨ ᠢ ᠪᠦᠦ ᠭᠣᠮᠣᠳᠠᠭ᠎ᠠ᠂ ᠪᠦᠦ ᠳᠠᠷᠤᠯ᠎ᠠ᠃ ᠲᠠ ᠨᠠᠷ ᠴᠤ ᠶᠧᠵᠢᠫᠲ ᠤᠨ ᠨᠤᠲᠤᠭ ᠲᠤ ᠬᠠᠷᠢ ᠬᠥᠮᠦᠰ ᠪᠠᠢᠭᠰᠠᠨ᠃ 22 ᠲᠠ ᠨᠠᠷ ᠠᠯᠢᠪᠠ ᠪᠡᠯᠪᠡᠰᠦᠨ ᠡᠮᠡᠭᠲᠡᠢ᠂ ᠡᠰᠡᠪᠡᠯ ᠥᠨᠥᠴᠢᠨ ᠬᠡᠦᠬᠡᠳ ᠢ ᠪᠦᠦ ᠵᠣᠪᠠᠭ᠎ᠠ᠃ 23 ᠬᠡᠷᠪᠡ ᠴᠢ ᠲᠡᠭᠦᠨ ᠢ ᠦᠨᠡᠬᠡᠷ ᠵᠣᠪᠠᠭᠠᠵᠤ᠂ ᠲᠡᠷᠡ ᠨᠠᠳᠠ ᠤᠷᠤᠭᠤ ᠬᠠᠰᠬᠢᠷᠪᠠᠯ ᠪᠢ ᠲᠡᠭᠦᠨ ᠦ ᠤᠢ ᠭᠠᠰᠢᠭᠤ ᠶᠢ ᠯᠠᠪᠲᠠᠢ ᠰᠣᠨᠣᠰᠣᠨ᠎ᠠ᠃ 24 ᠮᠢᠨᠦ ᠠᠭᠤᠷ ᠬᠢᠯᠢᠩ ᠳᠦᠷᠡᠯᠵᠡᠵᠦ᠂ ᠪᠢ ᠲᠠ ᠨᠠᠷ ᠢ ᠢᠯᠳᠦ ᠪᠡᠷ ᠰᠥᠨᠥᠭᠡᠬᠦ ᠪᠥᠭᠡᠳ ᠡᠬᠡᠨᠡᠷ ᠤᠳ ᠴᠢᠨᠢ ᠪᠡᠯᠪᠡᠰᠦᠷᠡᠵᠦ᠂ ᠬᠡᠦᠬᠡᠳ ᠤᠳ ᠴᠢᠨᠢ ᠥᠨᠥᠴᠢᠷᠡᠬᠦ ᠪᠣᠯᠣᠨ᠎ᠠ᠃
25 ᠬᠡᠷᠪᠡ ᠴᠢ ᠮᠢᠨᠦ ᠠᠷᠠᠳ ᠲᠦᠮᠡᠨ ᠳᠦ ᠪᠤᠶᠤ ᠴᠢᠨᠦ ᠳᠡᠷᠭᠡᠳᠡ ᠰᠠᠭᠤᠳᠠᠭ ᠶᠠᠳᠠᠭᠤ ᠬᠥᠮᠦᠨ ᠳᠦ ᠮᠥᠩᠭᠥ ᠵᠢᠭᠡᠯᠡᠭᠦᠯᠪᠡᠯ᠂ ᠲᠡᠭᠦᠨ ᠳᠦ ᠵᠢᠭᠡᠯᠡᠯᠭᠡ ᠣᠯᠭᠣᠭᠴᠢ ᠬᠥᠮᠦᠨ ᠰᠢᠭ ᠬᠠᠨᠳᠤᠵᠤ ᠪᠣᠯᠬᠤ ᠦᠭᠡᠢ᠃ ᠲᠡᠭᠦᠨ ᠡᠴᠡ ᠵᠢᠭᠡᠯᠡᠯᠭᠡ ᠶᠢᠨ ᠬᠦᠦ ᠶᠢ ᠪᠦᠦ ᠱᠠᠭᠠᠷᠳᠠ᠃ 26 ᠬᠡᠷᠪᠡ ᠴᠢ ᠬᠥᠷᠰᠢ ᠶᠢᠨ ᠢᠶᠠᠨ ᠬᠤᠪᠴᠠᠰᠤ ᠶᠢ ᠪᠠᠷᠢᠴᠠᠭᠠᠨ ᠳᠤ ᠠᠪᠤᠭᠰᠠᠨ ᠪᠣᠯ᠂ ᠨᠠᠷᠠ ᠰᠢᠩᠭᠡᠬᠦ ᠡᠴᠡ ᠡᠮᠦᠨ᠎ᠡ ᠲᠡᠭᠦᠨ ᠳᠦ ᠪᠤᠴᠠᠭ᠎ᠠ᠃ 27 ᠤᠴᠢᠷ ᠨᠢ ᠪᠡᠶ᠎ᠡ ᠪᠡᠨ ᠪᠦᠲᠡᠭᠡᠬᠦ ᠴᠣᠷ ᠤᠨ ᠭᠠᠭᠴᠠ ᠬᠤᠪᠴᠠᠰᠤ ᠨᠢ ᠲᠡᠷᠡ ᠶᠤᠮ᠃ ᠲᠡᠷᠡ ᠬᠥᠮᠦᠨ ᠥᠭᠡᠷ᠎ᠡ ᠶᠠᠭᠤ ᠨᠥᠮᠥᠷᠴᠦ ᠤᠨᠲᠠᠬᠤ ᠪᠤᠢ︖ ᠬᠡᠷᠪᠡ ᠲᠡᠷᠡ ᠨᠠᠳᠠ ᠤᠷᠤᠭᠤ ᠬᠠᠰᠬᠢᠷᠪᠠᠯ ᠪᠢ ᠰᠣᠨᠣᠰᠣᠨ᠎ᠠ᠂ ᠪᠢ ᠨᠢᠭᠦᠯᠡᠰᠦᠩᠭᠦᠢ ᠪᠢᠯᠡ᠃
28 ᠴᠢ ᠪᠤᠷᠬᠠᠨ ᠢ ᠪᠦᠦ ᠪᠠᠰᠤᠮᠵᠢᠯᠠ᠂ ᠠᠷᠠᠳ ᠲᠦᠮᠡᠨ ᠦ ᠪᠠᠨ ᠤᠳᠤᠷᠢᠳᠤᠭᠴᠢ ᠶᠢ ᠪᠦᠦ ᠮᠠᠭᠤᠯᠠ᠃
29 ᠴᠢ ᠥᠪᠡᠷ ᠦᠨ ᠢᠶᠠᠨ ᠤᠷᠭᠤᠴᠠ᠂ ᠡᠰᠡᠪᠡᠯ ᠳᠠᠷᠠᠰᠤᠨ ᠤ ᠪᠠᠨ ᠳᠡᠭᠡᠵᠢ ᠶᠢ ᠡᠷᠭᠦᠬᠦ ᠪᠡᠨ ᠪᠦᠦ ᠬᠣᠢᠰᠢᠯᠠᠭᠤᠯ᠃
30 ᠦᠬᠡᠷ᠂ ᠬᠣᠨᠢᠳ ᠢᠶᠠᠨ ᠴᠤ ᠲᠡᠭᠡ᠂ ᠳᠣᠯᠣᠭᠠᠨ ᠡᠳᠦᠷ ᠲᠡᠳᠡᠨ ᠢ ᠡᠬᠡ ᠲᠠᠢ ᠨᠢ ᠬᠠᠮᠲᠤ ᠪᠠᠢᠯᠭᠠᠵᠤ᠂ ᠨᠠᠢ᠌ᠮᠠᠳᠠᠬᠢ ᠡᠳᠦᠷ ᠲᠤᠨᠢ ᠨᠠᠳᠠ ᠳᠤ ᠥᠭ᠃
31 ᠲᠠ ᠨᠠᠷ ᠨᠠᠳᠠ ᠳᠤ ᠵᠣᠷᠢᠭᠤᠯᠤᠭᠳᠠᠭᠰᠠᠨ ᠠᠷᠢᠭᠤᠨ ᠬᠥᠮᠦᠰ ᠪᠠᠢᠬᠤ ᠶᠣᠰᠣᠲᠠᠢ᠃ ᠬᠡᠭᠡᠷ᠎ᠡ ᠲᠠᠯ᠎ᠠ ᠳᠤ ᠠᠷᠢᠶᠠᠲᠠᠨ ᠳᠤ ᠲᠠᠰᠤᠳᠠᠭᠤᠯᠤᠭᠰᠠᠨ ᠠᠮᠢᠲᠠᠨ ᠤ ᠮᠢᠬ᠎ᠠ ᠶᠢ ᠲᠠ ᠨᠠᠷ ᠪᠦᠦ ᠢᠳᠡ᠃ ᠲᠡᠳᠡᠭᠡᠷ ᠢ ᠨᠣᠬᠠᠳ ᠲᠤ ᠬᠠᠶᠠᠵᠤ ᠥᠭ᠃