1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠭᠤᠴᠢᠨ ᠳᠥᠷᠪᠡ
 ᠬᠠᠤᠯᠢ ᠶᠢᠨ ᠰᠢᠨ᠎ᠡ ᠬᠠᠪᠲᠠᠰᠤ

1 ᠶᠣᠬᠣᠸᠠ ᠮᠣᠰᠧ ᠳᠤ ᠠᠢᠯᠠᠳᠤᠨ᠄ 《ᠤᠷᠢᠳᠤ ᠶᠢᠨ ᠠᠳᠠᠯᠢ ᠬᠣᠶᠠᠷ ᠴᠢᠯᠠᠭᠤᠨ ᠬᠠᠪᠲᠠᠰᠤ ᠬᠢ᠃ ᠴᠢᠨᠦ ᠪᠤᠲᠠᠯᠤᠭᠰᠠᠨ ᠲᠦᠷᠦᠭᠦᠴᠢ ᠶᠢᠨ ᠬᠠᠪᠲᠠᠰᠤ ᠨᠤᠭᠤᠳ ᠳᠡᠭᠡᠷ᠎ᠡ ᠪᠠᠢᠭᠰᠠᠨ ᠦᠭᠡᠰ ᠢ ᠪᠢ ᠡᠳᠡᠭᠡᠷ ᠬᠠᠪᠲᠠᠰᠤᠨ ᠳᠡᠭᠡᠷ᠎ᠡ ᠪᠢᠴᠢᠶ᠎ᠡ᠃ 2 ᠥᠷᠯᠥᠭᠡ ᠪᠣᠯᠬᠤ ᠳᠤ ᠴᠢ ᠡᠭᠦᠨ ᠢ ᠪᠡᠯᠡᠨ ᠪᠣᠯᠭᠠᠭᠠᠳ ᠰᠢᠨᠠᠢ ᠠᠭᠤᠯᠠ ᠥᠭᠡᠳᠡ ᠭᠠᠷᠴᠤ᠂ ᠠᠭᠤᠯᠠ ᠶᠢᠨ ᠣᠷᠣᠢ ᠳᠤ ᠢᠷᠡᠭᠡᠳ ᠮᠢᠨᠦ ᠡᠮᠦᠨ᠎ᠡ ᠵᠣᠭᠰᠣ᠃ 3 ᠴᠢᠮ᠎ᠠ ᠲᠠᠢ ᠬᠠᠮᠲᠤ ᠬᠡᠨ ᠴᠤ ᠭᠠᠷᠴᠤ ᠢᠷᠡᠵᠦ ᠪᠣᠯᠬᠤ ᠦᠭᠡᠢ᠂ ᠠᠭᠤᠯᠠ ᠶᠢᠨ ᠬᠠᠮᠢᠭ᠎ᠠ ᠴᠤ ᠬᠥᠮᠦᠨ ᠦᠵᠡᠭᠳᠡᠵᠦ ᠪᠣᠯᠬᠤ ᠦᠭᠡᠢ᠃ ᠬᠣᠨᠢᠨ ᠰᠦᠷᠦᠭ᠂ ᠦᠬᠡᠷ ᠦᠨ ᠰᠦᠷᠦᠭ ᠴᠤ ᠠᠭᠤᠯᠠ ᠶᠢᠨ ᠪᠡᠯ ᠳᠦ ᠪᠡᠯᠴᠢᠵᠦ ᠪᠣᠯᠬᠤ ᠦᠭᠡᠢ》 ᠭᠡᠪᠡ᠃ 4 ᠡᠢᠨ ᠬᠦ ᠮᠣᠰᠧ ᠲᠦᠷᠦᠭᠦᠴᠢ ᠶᠢᠨ ᠬᠢ ᠲᠠᠢ ᠪᠠᠨ ᠠᠳᠠᠯᠢᠬᠠᠨ ᠬᠣᠶᠠᠷ ᠴᠢᠯᠠᠭᠤᠨ ᠬᠠᠪᠲᠠᠰᠤ ᠬᠢᠵᠦ᠂ ᠥᠷᠯᠥᠭᠡ ᠡᠷᠲᠡ ᠪᠣᠰᠣᠭᠠᠳ ᠭᠠᠷ ᠲᠠᠭᠠᠨ ᠬᠣᠶᠠᠷ ᠴᠢᠯᠠᠭᠤᠨ ᠬᠠᠪᠲᠠᠰᠤ ᠶᠢ ᠪᠠᠷᠢᠨ ᠶᠣᠬᠣᠸᠠ ᠶᠢᠨ ᠵᠠᠬᠢᠭᠰᠠᠨ ᠶᠣᠰᠣᠭᠠᠷ ᠰᠢᠨᠠᠢ ᠠᠭᠤᠯᠠ ᠥᠭᠡᠳᠡ ᠭᠠᠷᠤᠭᠰᠠᠨ ᠪᠠᠢᠯ᠎ᠠ᠃ 5 ᠶᠣᠬᠣᠸᠠ ᠡᠭᠦᠯᠡᠨ ᠳᠣᠲᠣᠷ᠎ᠠ ᠪᠠᠭᠤᠨ ᠢᠷᠡᠵᠦ᠂ ᠲᠡᠨᠳᠡ ᠮᠣᠰᠧ ᠲᠠᠢ ᠬᠠᠮᠲᠤ ᠵᠣᠭᠰᠣᠭᠠᠳ ᠶᠣᠬᠣᠸᠠ ᠭᠡᠳᠡᠭ ᠨᠡᠷ᠎ᠡ ᠪᠡᠨ ᠲᠤᠩ᠋ᠬᠠᠭᠯᠠᠵᠠᠢ᠃ 6 ᠲᠡᠷᠡ ᠪᠡᠷ ᠮᠣᠰᠧ ᠤᠨ ᠤᠷᠢᠳᠤᠭᠤᠷ ᠥᠩᠭᠡᠷᠡᠵᠦ ᠲᠤᠩ᠋ᠬᠠᠭᠯᠠᠬᠤ ᠳᠠᠭᠠᠨ᠄ 《ᠶᠣᠬᠣᠸᠠ᠂ ᠶᠣᠬᠣᠸᠠ᠂ ᠥᠷᠥᠪᠴᠢ᠂ ᠨᠢᠭᠦᠯᠡᠰᠦᠩᠭᠦᠢ ᠪᠤᠷᠬᠠᠨ ᠠᠭᠤᠷᠯᠠᠬᠤ ᠳᠠᠭᠠᠨ ᠤᠳᠠᠭᠠᠨ᠂ ᠡᠨᠡᠷᠢᠯ ᠪᠠ ᠦᠨᠡᠨ ᠢᠶᠡᠷ ᠪᠢᠯᠬᠠᠮ᠎ᠠ᠂
7 ᠡᠨᠡᠷᠢᠯ ᠬᠠᠢᠷ᠎ᠠ ᠶᠢ ᠮᠢᠩ᠋ᠭ᠎ᠠ ᠮᠢᠩ᠋ᠭ᠎ᠠ ᠳᠤ ᠣᠯᠭᠣᠨ ᠭᠡᠮ᠂ ᠪᠤᠷᠤᠭᠤ ᠪᠣᠯᠣᠨ ᠨᠢᠭᠦᠯ ᠢ ᠠᠭᠤᠴᠢᠯᠠᠳᠠᠭ ᠪᠣᠯᠪᠠᠴᠤ ᠶᠡᠷᠦ ᠰᠢᠳᠬᠡᠯ ᠦᠭᠡᠢ ᠣᠷᠬᠢᠬᠤ ᠦᠭᠡᠢ ᠬᠠᠷᠢᠨ ᠡᠴᠢᠭᠡ ᠤᠨ ᠬᠢᠨᠢ ᠭᠡᠮ ᠪᠤᠷᠤᠭᠤ ᠶᠢᠨ ᠦᠷ᠎ᠡ ᠳᠠᠭᠠᠪᠤᠷᠢ ᠶᠢ ᠭᠤᠷᠪᠠ᠂ ᠳᠥᠷᠪᠡᠳᠡᠬᠢ ᠦᠶ᠎ᠡ ᠶᠢᠨ ᠬᠡᠦᠬᠡᠳ᠂ ᠠᠴᠢ ᠨᠠᠷ ᠲᠤᠨᠢ ᠬᠦᠷᠲᠡᠯ᠎ᠡ ᠬᠦᠷᠭᠡᠬᠦ ᠪᠣᠯᠣᠨ᠎ᠠ》 ᠭᠡᠪᠡ᠃
8 ᠮᠣᠰᠧ ᠪᠤᠰᠢᠭᠤᠬᠠᠨ ᠨᠢᠭᠤᠷ ᠢᠶᠠᠨ ᠭᠠᠵᠠᠷ ᠲᠤ ᠨᠠᠭᠠᠨ ᠮᠥᠷᠭᠥᠵᠦ᠂ 9 ᠲᠡᠭᠦᠨ ᠳᠦ᠄ 《ᠬᠡᠷᠪᠡ ᠪᠢ ᠲᠠᠨ ᠤ ᠮᠡᠯᠮᠡᠢ ᠳᠦ ᠲᠠᠭᠠᠯᠠᠯ ᠢ ᠣᠯᠣᠭᠰᠠᠨ ᠪᠣᠯ ᠲᠠᠨ ᠠᠴᠠ ᠭᠤᠶᠤᠶ᠎ᠠ᠂ ᠡᠵᠡᠨ ᠮᠢᠨᠢ᠂ ᠲᠠ ᠪᠢᠳᠡᠨ ᠲᠡᠢ ᠬᠠᠮᠲᠤ ᠶᠠᠪᠤᠭᠠᠴᠢ᠃ ᠮᠠᠨ ᠤ ᠠᠷᠠᠳ ᠲᠦᠮᠡᠨ ᠦᠨᠡᠬᠡᠷ ᠵᠥᠷᠢᠭᠦᠳ᠂ ᠬᠠᠷᠢᠨ ᠪᠢᠳᠡᠨ ᠦ ᠭᠡᠮ ᠨᠢᠭᠦᠯ ᠢ ᠠᠭᠤᠴᠢᠯᠠᠵᠤ᠂ ᠪᠢᠳᠡᠨ ᠢ ᠥᠪᠡᠷ ᠦᠨ ᠢᠶᠠᠨ ᠡᠵᠡᠮᠰᠢᠯ ᠪᠣᠯᠭᠠᠨ ᠬᠦᠯᠢᠶᠡᠨ ᠠᠪᠤᠨ᠎ᠠ ᠤᠤ︖》 ᠭᠡᠵᠦ ᠬᠡᠯᠡᠪᠡ᠃

10 ᠶᠣᠬᠣᠸᠠ᠄ 《ᠪᠢ ᠲᠠ ᠨᠠᠷ ᠲᠠᠢ ᠬᠠᠮᠲᠤ ᠭᠡᠷ᠎ᠡ ᠪᠠᠢᠭᠤᠯᠬᠤ ᠭᠡᠵᠦ ᠪᠠᠢᠨ᠎ᠠ᠃ ᠪᠦᠬᠦ ᠠᠷᠠᠳ ᠲᠦᠮᠡᠨ ᠦ ᠴᠢᠨᠢ ᠡᠮᠦᠨ᠎ᠡ ᠪᠢ ᠳᠠᠶᠠᠩ ᠳᠡᠯᠡᠬᠡᠢ ᠶᠢᠨ ᠠᠯᠢ ᠴᠤ ᠤᠯᠤᠰ ᠣᠷᠣᠨ ᠳᠤ ᠲᠣᠬᠢᠶᠠᠯᠳᠤᠭ᠎ᠠ ᠦᠭᠡᠢ ᠭᠠᠢᠬᠠᠮᠰᠢᠭᠲᠤ ᠦᠢᠯᠡᠰ ᠢ ᠦᠢᠯᠡᠳᠬᠦ ᠪᠣᠯᠣᠨ᠎ᠠ᠃ ᠡᠷᠭᠢᠨ ᠲᠣᠭᠣᠷᠢᠨ ᠳᠤ ᠴᠢᠨᠢ ᠪᠠᠢᠭ᠎ᠠ ᠦᠨᠳᠦᠰᠦᠲᠡᠨ ᠪᠦᠭᠦᠳᠡ ᠲᠠ ᠨᠠᠷ ᠤᠨ ᠲᠥᠯᠥᠭᠡ ᠦᠢᠯᠡᠳᠳᠡᠭ ᠦᠢᠯᠡᠰ ᠦᠨ ᠮᠢᠨᠢ ᠠᠶᠤᠮᠰᠢᠭ ᠢ ᠬᠠᠷᠠᠬᠤ ᠪᠣᠯᠣᠨ᠎ᠠ᠃

11 ᠥᠨᠥᠳᠥᠷ ᠴᠢᠮ᠎ᠠ ᠳᠤ ᠥᠭᠬᠦ ᠲᠤᠰᠢᠶᠠᠯ ᠢ ᠮᠠᠨᠢ ᠪᠡᠶᠡᠯᠡᠭᠦᠯ᠃ ᠪᠢ ᠴᠢᠨᠦ ᠡᠮᠦᠨ᠎ᠡ ᠡᠴᠡ ᠠᠮᠣᠷᠢᠴᠤᠳ᠂ ᠺᠠᠨᠠᠨᠴᠤᠳ᠂ ᠾᠢᠲ᠋ᠴᠦᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠢ ᠬᠥᠭᠡᠭᠡᠵᠦ ᠭᠠᠷᠭᠠᠨ᠎ᠠ᠃ 12 ᠬᠠᠷᠢᠨ ᠴᠢ ᠣᠴᠢᠵᠤ ᠪᠠᠢᠭ᠎ᠠ ᠭᠠᠵᠠᠷ ᠤᠨ ᠢᠶᠠᠨ ᠰᠠᠭᠤᠭᠠᠯᠢᠴᠢᠳ ᠲᠠᠢ ᠭᠡᠷ᠎ᠡ ᠦᠯᠦ ᠪᠠᠢᠭᠤᠯᠤᠨ᠂ ᠪᠣᠯᠭᠣᠮᠵᠢᠲᠠᠢ ᠪᠠᠢᠭᠠᠷᠠᠢ᠃ ᠡᠰᠡ ᠲᠡᠭᠡᠪᠡᠯ ᠲᠡᠳᠡ ᠲᠠ ᠨᠠᠷ ᠤᠨ ᠳᠤᠮᠳᠠᠬᠢ ᠤᠷᠠᠬ᠎ᠠ ᠪᠣᠯᠣᠨ᠎ᠠ᠃ 13 ᠴᠢ ᠲᠡᠳᠡᠨ ᠦ ᠲᠠᠬᠢᠯ ᠤᠨ ᠰᠢᠷᠡᠭᠡ ᠨᠦᠭᠦᠳ ᠢ ᠨᠤᠷᠠᠭᠠᠨ᠂ ᠴᠢᠯᠠᠭᠤᠨ ᠪᠠᠭᠠᠨ᠎ᠠ ᠨᠤᠭᠤᠳ ᠢ ᠨᠢ ᠪᠤᠲᠠᠯᠵᠤ᠂ ᠠᠱᠧᠷᠠ ᠤᠨ ᠱᠣᠩ ᠤᠳ ᠢ ᠨᠢ ᠴᠠᠪᠴᠢᠬᠤ ᠶᠣᠰᠣᠲᠠᠢ᠃ 14 ᠴᠢ ᠥᠭᠡᠷ᠎ᠡ ᠪᠤᠷᠬᠠᠳ ᠲᠤ ᠮᠥᠷᠭᠥᠵᠦ ᠪᠣᠯᠬᠤ ᠦᠭᠡᠢ᠃ ᠤᠴᠢᠷ ᠨᠢ ᠶᠣᠬᠣᠸᠠ ᠪᠣᠯ ᠵᠢᠲᠥᠭᠡᠴᠢ ᠨᠡᠷ᠎ᠡ ᠲᠠᠢ ᠪᠥᠭᠡᠳ ᠵᠢᠲᠥᠭᠡ ᠲᠠᠢ ᠪᠤᠷᠬᠠᠨ ᠮᠥᠨ᠃ 15 ᠴᠢ ᠲᠡᠷᠡ ᠭᠠᠵᠠᠷ ᠤᠨ ᠰᠠᠭᠤᠭᠠᠯᠢᠴᠢᠳ ᠲᠠᠢ ᠭᠡᠷ᠎ᠡ ᠦᠯᠦ ᠪᠠᠢᠭᠤᠯᠤᠨ᠂ ᠪᠣᠯᠭᠣᠮᠵᠢᠲᠠᠢ ᠪᠠᠢᠭᠠᠷᠠᠢ᠃ ᠲᠡᠳᠡ ᠪᠤᠷᠬᠠᠳ ᠢᠶᠠᠨ ᠳᠠᠭᠠᠨ ᠵᠠᠪᠬᠠᠢᠷᠠᠵᠤ᠂ ᠪᠤᠷᠬᠠᠳ ᠲᠠᠭᠠᠨ ᠲᠠᠬᠢᠯ ᠡᠷᠭᠦᠳᠡᠭ ᠪᠣᠯᠬᠣᠷ ᠬᠡᠨ ᠨᠢᠭᠡ ᠨᠢ ᠴᠢᠮᠠᠶᠢ ᠤᠷᠢᠭᠰᠠᠨ ᠢᠶᠠᠷ ᠴᠢ ᠲᠡᠷᠡ ᠲᠠᠬᠢᠯ ᠠᠴᠠ ᠨᠢ ᠢᠳᠡᠭᠦᠵᠡᠢ᠂ 16 ᠮᠥᠨ ᠲᠡᠳᠡᠨ ᠦ ᠥᠬᠢᠳ ᠢ ᠬᠥᠪᠡᠭᠦᠳ ᠲᠡᠢ ᠪᠡᠨ ᠭᠡᠷᠯᠡᠭᠦᠯᠬᠦ ᠪᠣᠯᠣᠭᠤᠵᠠᠢ᠂ ᠪᠠᠰᠠ ᠥᠬᠢᠳ ᠨᠢ ᠪᠤᠷᠬᠠᠳ ᠢᠶᠠᠨ ᠳᠠᠭᠠᠨ ᠵᠠᠪᠬᠠᠢᠷᠠᠳᠠᠭ ᠪᠣᠯᠬᠣᠷ ᠬᠥᠪᠡᠭᠦᠳ ᠢ ᠴᠢᠨᠢ ᠴᠤ ᠪᠤᠷᠬᠠᠳ ᠲᠠᠢ ᠪᠠᠨ ᠵᠠᠪᠬᠠᠢᠷᠠᠭᠤᠯᠬᠤ ᠪᠣᠯᠣᠭᠤᠵᠠᠢ᠃

17 ᠴᠢ ᠴᠢᠳᠬᠤᠮᠠᠯ ᠪᠤᠷᠬᠠᠨ ᠪᠦᠦ ᠪᠦᠲᠦᠭᠡ᠃

18 ᠴᠢ ᠢᠰᠭᠡᠭᠡ ᠦᠭᠡᠢ ᠪᠣᠣᠪᠣ ᠶᠢᠨ ᠪᠠᠶᠠᠷ ᠢ ᠰᠠᠬᠢ᠃ ᠠᠪᠢᠪ ᠰᠠᠷ᠎ᠠ ᠳᠤ ᠶᠧᠵᠢᠫᠲ ᠡᠴᠡ ᠭᠠᠷᠤᠭᠰᠠᠨ ᠲᠤᠯᠠ ᠴᠢ ᠮᠢᠨᠦ ᠲᠤᠰᠢᠶᠠᠭᠰᠠᠨ ᠶᠣᠰᠣᠭᠠᠷ ᠲᠤᠰ ᠰᠠᠷ᠎ᠠ ᠶᠢᠨ ᠲᠣᠪᠯᠠᠭᠰᠠᠨ ᠦᠶ᠎ᠡ ᠳᠦ ᠳᠣᠯᠣᠭᠠᠨ ᠡᠳᠦᠷ ᠦᠨ ᠲᠤᠷᠰᠢ ᠢᠰᠭᠡᠭᠡ ᠦᠭᠡᠢ ᠪᠣᠣᠪᠣ ᠢᠳᠡ᠃

19 ᠤᠮᠠᠢ ᠶᠢᠨ ᠠᠩ᠋ᠬᠠᠨ ᠤ ᠦᠷ᠎ᠡ ᠪᠣᠯᠭᠠᠨ ᠮᠢᠨᠦᠬᠢ᠂ ᠮᠠᠯ ᠰᠦᠷᠦᠭ ᠦᠨ ᠴᠢᠨᠢ ᠦᠬᠡᠷ ᠬᠣᠨᠢᠨ ᠤ ᠠᠩ᠋ᠬᠠᠨ ᠤ ᠡᠷ᠎ᠡ ᠲᠥᠯ ᠴᠤ ᠠᠳᠠᠯᠢ᠃ 20 ᠭᠡᠪᠡᠴᠦ ᠡᠯᠵᠢᠭᠡᠨ ᠦ ᠠᠩ᠋ᠬᠠᠨ ᠤ ᠲᠥᠯ ᠢ ᠬᠤᠷᠠᠭ᠎ᠠ ᠪᠠᠷ ᠵᠣᠯᠢᠬᠤ ᠶᠣᠰᠣᠲᠠᠢ᠃ ᠬᠡᠷᠪᠡ ᠵᠣᠯᠢᠬᠤ ᠦᠭᠡᠢ ᠭᠡᠪᠡᠯ ᠲᠡᠭᠦᠨ ᠦ ᠬᠦᠵᠦᠭᠦᠦ ᠶᠢ ᠬᠤᠭᠤᠯ᠃ ᠴᠢ ᠬᠥᠪᠡᠭᠦᠳ ᠦᠨ ᠢᠶᠠᠨ ᠤᠤᠭᠠᠨ ᠪᠦᠷᠢ ᠶᠢ ᠴᠤ ᠵᠣᠯᠢᠬᠤ ᠶᠣᠰᠣᠲᠠᠢ᠃

21 ᠴᠢ ᠵᠢᠷᠭᠤᠭᠠᠨ ᠡᠳᠦᠷ ᠠᠵᠢᠯᠯᠠᠵᠤ᠂ ᠳᠣᠯᠣᠳᠠᠬᠢ ᠡᠳᠦᠷ ᠲᠦ ᠠᠮᠠᠷᠠ᠃ ᠭᠠᠵᠠᠷ ᠬᠠᠭᠠᠯᠬᠤ᠂ ᠤᠷᠭᠤᠴᠠ ᠬᠤᠷᠢᠶᠠᠬᠤ ᠦᠶ᠎ᠡ ᠳᠦ ᠴᠤ ᠠᠮᠠᠷᠠᠬᠤ ᠶᠣᠰᠣᠲᠠᠢ᠃ 22 ᠳᠣᠯᠣᠭᠠᠨ ᠳᠣᠯᠣᠭ᠎ᠠ ᠬᠣᠨᠣᠭ ᠤᠨ ᠪᠠᠶᠠᠷ ᠢ ᠤᠯᠠᠭᠠᠨ ᠪᠤᠭᠤᠳᠠᠢ ᠶᠢᠨ ᠤᠷᠭᠤᠴᠠ ᠶᠢᠨ ᠠᠩ᠋ᠬᠠᠨ ᠤ ᠦᠷ᠎ᠡ ᠪᠡᠷ ᠲᠡᠮᠳᠡᠭᠯᠡᠵᠦ᠂ ᠤᠷᠭᠤᠴᠠ ᠬᠤᠷᠢᠶᠠᠯᠲᠠ ᠶᠢᠨ ᠪᠠᠶᠠᠷ ᠢ ᠵᠢᠯ ᠤᠨ ᠡᠴᠦᠰ ᠲᠦ ᠲᠡᠮᠳᠡᠭᠯᠡ᠃ 23 ᠲᠠᠨ ᠤ ᠡᠷᠡᠴᠦᠳ ᠪᠦᠭᠦᠳᠡ ᠵᠢᠯ ᠳᠤ ᠭᠤᠷᠪᠠ ᠤᠳᠠᠭ᠎ᠠ ᠢᠰᠷᠧᠯ ᠤᠨ ᠪᠤᠷᠬᠠᠨ᠂ ᠡᠵᠡᠨ ᠶᠣᠬᠣᠸᠠ ᠶᠢᠨ ᠡᠮᠦᠨ᠎ᠡ ᠦᠵᠡᠭᠳᠡᠬᠦ ᠤᠴᠢᠷᠲᠠᠢ᠃ 24 ᠪᠢ ᠦᠨᠳᠦᠰᠦᠲᠡᠨ ᠨᠦᠭᠦᠳ ᠢ ᠴᠢᠨᠦ ᠤᠷᠳᠤ ᠠᠴᠠ ᠬᠥᠭᠡᠭᠡᠵᠦ᠂ ᠬᠢᠯᠢ ᠬᠢᠵᠠᠭᠠᠷ ᠢ ᠴᠢᠨᠢ ᠲᠡᠯᠡᠬᠦ ᠪᠥᠭᠡᠳ ᠵᠢᠯ ᠳᠤ ᠭᠤᠷᠪᠠ ᠤᠳᠠᠭ᠎ᠠ ᠶᠣᠬᠣᠸᠠ ᠪᠤᠷᠬᠠᠨ ᠤ ᠪᠠᠨ ᠡᠮᠦᠨ᠎ᠡ ᠦᠵᠡᠭᠳᠡᠬᠦ ᠪᠡᠷ ᠢᠷᠡᠬᠦ ᠦᠶ᠎ᠡ ᠳᠦ ᠴᠢᠨᠢ ᠬᠡᠨ ᠴᠤ ᠭᠠᠵᠠᠷ ᠨᠤᠲᠤᠭ ᠲᠤ ᠴᠢᠨᠢ ᠰᠢᠨᠤᠬᠠᠢᠷᠠᠬᠤ ᠦᠭᠡᠢ ᠶᠤᠮ᠃

25 ᠴᠢ ᠨᠠᠳᠠ ᠳᠤ ᠲᠠᠬᠢᠯ ᠤᠨ ᠴᠢᠰᠤ ᠶᠢ ᠢᠰᠭᠡᠭᠰᠡᠨ ᠵᠦᠢᠯᠡᠰ ᠲᠡᠢ ᠬᠠᠮᠲᠤ ᠡᠷᠭᠦᠵᠦ ᠪᠣᠯᠬᠤ ᠦᠭᠡᠢ᠂ ᠭᠡᠲᠦᠯᠭᠡᠭᠰᠡᠨ ᠦ ᠪᠠᠶᠠᠷ ᠤᠨ ᠲᠠᠬᠢᠯ ᠢ ᠥᠷᠯᠥᠭᠡ ᠪᠣᠯᠲᠠᠯ᠎ᠠ ᠪᠦᠦ ᠦᠯᠡᠳᠡᠭᠡ᠃ 26 ᠴᠢ ᠶᠣᠬᠣᠸᠠ ᠪᠤᠷᠬᠠᠨ ᠤ ᠪᠠᠨ ᠥᠷᠭᠥᠭᠡᠨ ᠳᠦ ᠭᠠᠵᠠᠷ ᠤᠨ ᠢᠶᠠᠨ ᠠᠩ᠋ᠬᠠᠨ ᠤ ᠦᠷ᠎ᠡ ᠵᠢᠮᠢᠰ ᠤᠨ ᠳᠡᠭᠡᠵᠢ ᠶᠢ ᠠᠪᠴᠢᠷᠠ᠃ ᠴᠢ ᠢᠰᠢᠭᠡ ᠶᠢ ᠡᠬᠡ ᠶᠢᠨ ᠬᠢᠨᠢ ᠰᠦ᠋ ᠳᠤ ᠪᠦᠦ ᠴᠢᠨᠠ》 ᠭᠡᠪᠡ᠃

27 ᠶᠣᠬᠣᠸᠠ ᠮᠣᠰᠧ ᠳᠤ᠄ 《ᠴᠢ ᠡᠳᠡᠭᠡᠷ ᠦᠭᠡᠰ ᠢ ᠪᠢᠴᠢᠵᠦ ᠠᠪ᠃ ᠪᠢ ᠡᠳᠡᠭᠡᠷ ᠦᠭᠡᠰ ᠦᠨ ᠦᠨᠳᠦᠰᠦᠨ ᠳᠡᠭᠡᠷ᠎ᠡ ᠴᠢᠮ᠎ᠠ ᠲᠠᠢ ᠪᠣᠯᠣᠨ ᠢᠰᠷᠧᠯ ᠲᠠᠢ ᠭᠡᠷ᠎ᠡ ᠪᠠᠢᠭᠤᠯᠤᠭᠰᠠᠨ ᠶᠤᠮ》 ᠭᠡᠪᠡ᠃ 28 ᠮᠣᠰᠧ ᠲᠡᠨᠳᠡ ᠶᠣᠬᠣᠸᠠ ᠲᠠᠢ ᠬᠠᠮᠲᠤ ᠳᠥᠴᠢᠨ ᠡᠳᠦᠷ ᠳᠥᠴᠢᠨ ᠰᠥᠨᠢ ᠪᠠᠢᠭᠰᠠᠨ ᠪᠥᠭᠡᠳ ᠪᠣᠣᠪᠣ ᠴᠤ ᠢᠳᠡᠭᠰᠡᠨ ᠦᠭᠡᠢ᠂ ᠤᠰᠤ ᠴᠤ ᠤᠤᠭᠤᠭᠰᠠᠨ ᠦᠭᠡᠢ᠃ ᠶᠣᠬᠣᠸᠠ 32 ᠬᠠᠪᠲᠠᠰᠤᠨ ᠳᠡᠭᠡᠷ᠎ᠡ ᠭᠡᠷ᠎ᠡ ᠶᠢᠨ ᠦᠭᠡᠰ ᠪᠣᠯᠬᠤ ᠠᠷᠪᠠᠨ ᠬᠠᠤᠯᠢ ᠶᠢ ᠪᠢᠴᠢᠭᠰᠡᠨ ᠪᠠᠢᠯ᠎ᠠ᠃
 ᠮᠣᠰᠧ ᠶᠢᠨ ᠴᠢᠷᠠᠢ ᠭᠡᠷᠡᠯᠲᠦᠪᠡ

29 ᠮᠣᠰᠧ ᠰᠢᠨᠠᠢ ᠠᠭᠤᠯᠠᠨ ᠠᠴᠠ ᠪᠠᠭᠤᠵᠤ ᠢᠷᠡᠯ᠎ᠡ᠃ ᠲᠡᠷᠡ ᠪᠠᠭᠤᠵᠤ ᠢᠷᠡᠬᠦ ᠳᠦ᠂ ᠭᠠᠷ ᠲᠤᠨᠢ ᠬᠣᠶᠠᠷ ᠭᠡᠷᠡᠴᠢᠯᠡᠯ ᠦᠨ ᠬᠠᠪᠲᠠᠰᠤ ᠪᠠᠢᠪᠠ᠃ ᠶᠣᠬᠣᠸᠠ ᠲᠠᠢ ᠶᠠᠷᠢᠭᠰᠠᠨ ᠠᠴᠠ ᠪᠣᠯᠵᠤ ᠨᠢᠭᠤᠷ ᠨᠢ ᠭᠡᠷᠡᠯᠲᠦᠵᠦ ᠪᠤᠢ ᠶᠢ ᠮᠣᠰᠧ ᠮᠡᠳᠡᠭᠰᠡᠨ ᠦᠭᠡᠢ᠃ 30 ᠠᠷᠣᠨ ᠪᠠ ᠢᠰᠷᠧᠯᠴᠦᠳ ᠪᠦᠭᠦᠳᠡ ᠮᠣᠰᠧ ᠶᠢ ᠬᠠᠷᠠᠬᠤ ᠳᠤ᠂ ᠨᠢᠭᠤᠷ ᠨᠢ ᠭᠡᠷᠡᠯᠲᠦᠵᠦ ᠪᠠᠢᠯ᠎ᠠ᠂ ᠲᠡᠳᠡ ᠨᠠᠷ ᠲᠡᠭᠦᠨ ᠳᠦ ᠣᠢᠷᠠᠲᠤᠬᠤ ᠠᠴᠠ ᠠᠶᠤᠵᠤ ᠪᠠᠢᠬᠤ ᠳᠤ᠂ 31 ᠮᠣᠰᠧ ᠲᠡᠳᠡᠨ ᠢ ᠳᠠᠭᠤᠳᠠᠪᠠ᠃ ᠠᠷᠣᠨ ᠪᠣᠯᠣᠨ ᠨᠡᠢᠲᠡ ᠴᠢᠭᠤᠯᠭᠠᠨ ᠤ ᠤᠳᠤᠷᠢᠳᠤᠭᠴᠢᠳ ᠪᠦᠭᠦᠳᠡᠭᠡᠷ ᠢᠶᠡᠨ ᠲᠡᠭᠦᠨ ᠤᠷᠤᠭᠤ ᠢᠷᠡᠭᠰᠡᠨ ᠳᠦ᠂ ᠮᠣᠰᠧ ᠲᠡᠳᠡᠨ ᠲᠡᠢ ᠶᠠᠷᠢᠯᠴᠠᠪᠠ᠃ 32 ᠡᠭᠦᠨ ᠦ ᠳᠠᠷᠠᠭ᠎ᠠ ᠢᠰᠷᠧᠯᠴᠦᠳ ᠪᠦᠭᠦᠳᠡᠭᠡᠷ ᠢᠶᠡᠨ ᠲᠡᠭᠦᠨ ᠳᠦ ᠣᠢᠷᠠᠲᠤᠨ ᠣᠴᠢᠬᠤ ᠳᠤ᠂ ᠮᠣᠰᠧ ᠰᠢᠨᠠᠢ ᠠᠭᠤᠯᠠᠨ ᠳᠡᠭᠡᠷ᠎ᠡ ᠶᠣᠬᠣᠸᠠ ᠶᠢᠨ ᠥᠪᠡᠷ ᠲᠤᠨᠢ ᠠᠢᠯᠠᠳᠤᠭᠰᠠᠨ ᠪᠣᠯᠭᠠᠨ ᠢ ᠲᠡᠳᠡᠨ ᠳᠦ ᠵᠠᠷᠯᠢᠭ ᠪᠣᠯᠭᠠᠨ ᠥᠭᠭᠥᠭᠰᠡᠨ ᠪᠠᠢᠯ᠎ᠠ᠃ 33 ᠮᠣᠰᠧ ᠲᠡᠳᠡᠨ ᠳᠦ ᠶᠠᠷᠢᠵᠤ ᠳᠠᠭᠤᠰᠤᠭᠠᠳ ᠨᠢᠭᠤᠷ ᠢᠶᠠᠨ ᠪᠦᠲᠡᠭᠡᠯᠭᠡ ᠪᠡᠷ ᠪᠦᠲᠡᠭᠡᠪᠡ᠃ 34 ᠬᠠᠷᠢᠨ ᠮᠣᠰᠧ ᠶᠣᠬᠣᠸᠠ ᠲᠠᠢ ᠶᠠᠷᠢᠬᠤ ᠪᠠᠷ ᠡᠮᠦᠨ᠎ᠡ ᠨᠢ ᠣᠴᠢᠪᠠᠯ᠂ ᠭᠠᠷᠬᠤ ᠬᠦᠷᠲᠡᠯ᠎ᠡ ᠪᠡᠨ ᠪᠦᠲᠡᠭᠡᠯᠭᠡ ᠪᠡᠨ ᠠᠪᠳᠠᠭ ᠪᠠᠢᠭᠰᠠᠨ᠃ ᠲᠡᠷᠡ ᠭᠠᠷᠴᠤ ᠢᠷᠡᠭᠡᠳ ᠶᠠᠭᠤ ᠲᠤᠰᠢᠶᠠᠭᠰᠠᠨ ᠢ ᠨᠢ ᠢᠰᠷᠧᠯᠴᠦᠳ ᠲᠦ ᠶᠠᠷᠢᠬᠤ ᠳᠤ᠂ 35 ᠲᠡᠭᠦᠨ ᠦ ᠨᠢᠭᠤᠷ ᠭᠡᠷᠡᠯᠲᠦᠵᠦ ᠪᠠᠢᠭ᠎ᠠ ᠶᠢ ᠢᠰᠷᠧᠯᠴᠦᠳ ᠬᠠᠷᠠᠳᠠᠭ ᠪᠠᠢᠪᠠ᠃ ᠲᠡᠢᠮᠦ ᠡᠴᠡ ᠶᠣᠬᠣᠸᠠ ᠲᠠᠢ ᠶᠠᠷᠢᠯᠴᠠᠬᠤ ᠪᠠᠷ ᠣᠷᠣᠬᠤ ᠪᠣᠯᠲᠠᠯ᠎ᠠ ᠮᠣᠰᠧ ᠨᠢᠭᠤᠷ ᠢᠶᠠᠨ ᠳᠠᠬᠢᠨ ᠪᠦᠲᠡᠭᠡᠳᠡᠭ ᠠᠵᠢ᠃