1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠭᠤᠴᠢᠨ ᠨᠠᠢ᠌ᠮᠠ
 ᠰᠢᠲᠠᠭᠠᠯᠭᠠᠲᠤ ᠲᠠᠬᠢᠯ ᠤᠨ ᠰᠢᠷᠡᠭᠡ

1 ᠲᠡᠷᠡ ᠬᠤᠸᠠᠢᠰᠠ ᠮᠣᠳᠣ ᠪᠠᠷ ᠰᠢᠲᠠᠭᠠᠯᠭᠠᠲᠤ ᠲᠠᠬᠢᠯ ᠤᠨ ᠰᠢᠷᠡᠭᠡ ᠬᠢᠪᠡ᠃ ᠲᠡᠷᠡ ᠨᠢ ᠳᠥᠷᠪᠡᠯᠵᠢᠨ᠂ ᠲᠠᠪᠤᠨ ᠲᠣᠬᠣᠢ ᠤᠷᠲᠤ᠂ ᠲᠠᠪᠤᠨ ᠲᠣᠬᠣᠢ ᠥᠷᠭᠡᠨ ᠪᠥᠭᠡᠳ ᠭᠤᠷᠪᠠᠨ ᠲᠣᠬᠣᠢ ᠥᠨᠳᠥᠷ ᠠᠵᠢ᠃ 2 ᠰᠢᠷᠡᠭᠡᠨ ᠦ ᠳᠥᠷᠪᠡᠨ ᠥᠨᠴᠥᠭ ᠲᠦ᠂ ᠥᠨᠴᠥᠭ ᠪᠦᠷᠢ ᠳᠡᠭᠡᠷ᠎ᠡ ᠨᠢᠭᠡ ᠡᠪᠡᠷ ᠪᠣᠰᠬᠠᠵᠤ᠂ ᠲᠡᠳᠡᠭᠡᠷ ᠡᠪᠡᠷ ᠨᠢ ᠰᠢᠷᠡᠭᠡ ᠲᠠᠢ ᠪᠠᠨ ᠨᠢᠭᠡ ᠴᠣᠭᠴᠠ ᠪᠠᠢᠵᠤ᠂ ᠲᠡᠭᠦᠨ ᠢ ᠬᠦᠷᠡᠯ ᠢᠶᠡᠷ ᠪᠦᠷᠢᠪᠡ᠃ 3 ᠰᠢᠷᠡᠭᠡᠨ ᠦ ᠠᠯᠢᠪᠠ ᠬᠡᠷᠡᠭᠰᠡᠯ ᠢ ᠴᠤ ᠬᠦᠷᠡᠯ ᠢᠶᠡᠷ ᠬᠢᠪᠡ᠃ ᠰᠠᠪᠠ᠂ ᠮᠥᠨ ᠤᠳᠬᠤᠭᠤᠷ᠂ ᠤᠬᠢᠶᠠᠭᠤᠷ᠂ ᠮᠢᠬᠠᠨ ᠤ ᠰᠡᠷᠡᠭᠡ ᠪᠣᠯᠣᠨ ᠪᠣᠢᠫᠣᠷ ᠵᠡᠷᠭᠡ ᠶᠢ ᠬᠢᠪᠡ᠃ 4 ᠰᠢᠷᠡᠭᠡᠨ ᠳᠡᠭᠡᠷ᠎ᠡ ᠬᠡᠷᠡᠭᠯᠡᠬᠦ ᠰᠠᠷᠠᠯᠵᠢ ᠶᠢ ᠬᠦᠷᠡᠯ ᠢᠶᠡᠷ ᠬᠢᠵᠦ᠂ ᠰᠠᠷᠠᠯᠵᠢ ᠶᠢ ᠲᠠᠬᠢᠯ ᠤᠨ ᠰᠢᠷᠡᠭᠡᠨ ᠦ ᠲᠠᠪᠴᠠᠩ ᠤᠨ ᠳᠣᠣᠷ᠎ᠠ᠂ ᠰᠢᠷᠡᠭᠡᠨ ᠦ ᠥᠨᠳᠥᠷ ᠦᠨ ᠬᠠᠭᠠᠰ ᠲᠤ ᠪᠠᠢᠯᠭᠠᠪᠠ᠃ 5 ᠮᠥᠨ ᠬᠦᠷᠡᠯ ᠰᠠᠷᠠᠯᠵᠢ ᠶᠢᠨ ᠳᠥᠷᠪᠡᠨ ᠥᠨᠴᠥᠭ ᠲᠦ ᠳᠠᠮᠨᠠᠭᠤᠷᠭ᠎ᠠ ᠨᠤᠭᠤᠳ ᠢ ᠲᠣᠭᠲᠠᠭᠠᠬᠤ ᠳᠥᠷᠪᠡᠨ ᠭᠠᠷᠠᠬ᠎ᠠ ᠴᠢᠳᠬᠤᠵᠠᠢ᠃ 6 ᠲᠠᠬᠢᠯ ᠤᠨ ᠰᠢᠷᠡᠭᠡ ᠶᠢ ᠵᠥᠭᠡᠭᠡᠬᠦ ᠳᠠᠮᠨᠠᠭᠤᠷᠭ᠎ᠠ ᠨᠤᠭᠤᠳ ᠢ ᠬᠤᠸᠠᠢᠰᠠ ᠮᠣᠳᠣ ᠪᠠᠷ ᠬᠢᠵᠦ ᠬᠦᠷᠡᠯ ᠢᠶᠡᠷ ᠪᠦᠷᠢᠪᠡ᠃ 7 ᠲᠡᠷᠡ ᠪᠡᠷ ᠳᠠᠮᠨᠠᠭᠤᠷᠭ᠎ᠠ ᠨᠤᠭᠤᠳ ᠢ ᠲᠠᠬᠢᠯ ᠤᠨ ᠰᠢᠷᠡᠭᠡᠨ ᠦ ᠬᠣᠶᠠᠷ ᠲᠠᠯ᠎ᠠ ᠶᠢᠨ ᠭᠠᠷᠠᠬᠠᠨ ᠳᠤ ᠰᠢᠷᠭᠤᠭᠤᠯᠵᠤ᠂ ᠵᠥᠭᠡᠭᠡᠬᠦ ᠳᠦ ᠪᠡᠯᠡᠳᠬᠡᠪᠡ᠃ ᠲᠠᠬᠢᠯ ᠤᠨ ᠰᠢᠷᠡᠭᠡ ᠶᠢ ᠳᠣᠲᠣᠷ᠎ᠠ ᠨᠢ ᠬᠥᠨᠳᠡᠢ ᠭᠠᠷᠭᠠᠨ᠂ ᠮᠣᠳᠣᠨ ᠬᠠᠪᠲᠠᠰᠤ ᠪᠠᠷ ᠬᠢᠪᠡ᠃
 ᠤᠬᠢᠶᠠᠯᠭ᠎ᠠ ᠶᠢᠨ ᠰᠠᠪᠠ

8 ᠲᠡᠷᠡ ᠪᠡᠷ ᠤᠬᠢᠶᠠᠯᠭ᠎ᠠ ᠶᠢᠨ ᠬᠦᠷᠡᠯ ᠰᠠᠪᠠ ᠶᠢ ᠬᠦᠷᠡᠯ ᠰᠠᠭᠤᠷᠢ ᠲᠠᠢ ᠨᠢ ᠬᠠᠮᠲᠤ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠦᠢᠯᠡᠴᠢᠯᠡᠳᠡᠭ᠌ ᠡᠮᠡᠭᠲᠡᠢᠴᠦᠳ ᠦᠨ ᠲᠣᠯᠢ ᠪᠠᠷ ᠬᠢᠪᠡ᠃
 ᠬᠦᠷᠢᠶ᠎ᠡ

9 ᠳᠠᠷᠠᠭ᠎ᠠ ᠨᠢ ᠬᠦᠷᠢᠶ᠎ᠡ ᠶᠢ ᠬᠢᠪᠡ᠃ ᠨᠠᠷᠢᠨ ᠨᠡᠬᠡᠭᠰᠡᠨ ᠮᠠᠭᠠᠯᠢᠩ᠋ᠭᠤ ᠪᠠᠷ ᠬᠢᠭᠰᠡᠨ ᠬᠥᠰᠢᠭᠡ ᠨᠦᠭᠦᠳ ᠢᠶᠡᠷ ᠬᠦᠷᠢᠶ᠎ᠡ ᠶᠢ ᠬᠦᠷᠢᠶᠡᠯᠡᠵᠦ᠂ ᠡᠮᠦᠨ᠎ᠡ ᠲᠠᠯ᠎ᠠ ᠳᠤᠨᠢ ᠵᠠᠭᠤᠨ ᠲᠣᠬᠣᠢ ᠤᠷᠲᠤ ᠬᠥᠰᠢᠭᠡ ᠲᠠᠲᠠᠪᠠ᠃ 10 ᠡᠭᠦᠨ ᠳᠦ ᠵᠣᠷᠢᠭᠤᠯᠤᠨ ᠬᠣᠷᠢᠨ ᠪᠠᠭᠠᠨ᠎ᠠ ᠬᠣᠷᠢᠨ ᠤᠭᠯᠠᠭᠤᠷ ᠬᠢᠵᠦ᠂ ᠡᠳᠡᠭᠡᠷ ᠢ ᠬᠦᠷᠡᠯ ᠢᠶᠡᠷ᠂ ᠪᠠᠭᠠᠨ᠎ᠠ ᠶᠢᠨ ᠳᠡᠭᠡᠭᠡ ᠪᠣᠯᠣᠨ ᠬᠣᠯᠪᠣᠭᠠᠰᠤ ᠶᠢ ᠮᠥᠩᠭᠥ ᠪᠡᠷ ᠬᠢᠪᠡ᠃ 11 ᠬᠣᠢᠲᠤ ᠲᠠᠯ᠎ᠠ ᠶᠢᠨ ᠬᠥᠰᠢᠭᠡ ᠨᠢ ᠴᠤ ᠵᠠᠭᠤᠨ ᠲᠣᠬᠣᠢ ᠤᠷᠲᠤ᠂ ᠡᠭᠦᠨ ᠳᠦ ᠵᠣᠷᠢᠭᠤᠯᠤᠨ ᠬᠣᠷᠢᠨ ᠪᠠᠭᠠᠨ᠎ᠠ᠂ ᠬᠣᠷᠢᠨ ᠤᠭᠯᠠᠭᠤᠷ ᠢ ᠬᠦᠷᠡᠯ ᠢᠶᠡᠷ᠂ ᠳᠡᠭᠡᠭᠡ ᠪᠣᠯᠣᠨ ᠬᠣᠯᠪᠣᠭᠠᠰᠤ ᠶᠢ ᠨᠢ ᠮᠥᠩᠭᠥ ᠪᠡᠷ ᠬᠢᠪᠡ᠃ 12 ᠬᠦᠷᠢᠶᠡᠨ ᠦ ᠪᠠᠷᠠᠭᠤᠨ ᠲᠠᠯ᠎ᠠ ᠳᠤᠨᠢ ᠲᠠᠪᠢᠨ ᠲᠣᠬᠣᠢ ᠤᠷᠲᠤ ᠬᠥᠰᠢᠭᠡ ᠲᠠᠲᠠᠵᠤ᠂ ᠡᠭᠦᠨ ᠳᠦ ᠵᠣᠷᠢᠭᠤᠯᠤᠨ ᠠᠷᠪᠠᠨ ᠪᠠᠭᠠᠨ᠎ᠠ᠂ ᠠᠷᠪᠠᠨ ᠤᠭᠯᠠᠭᠤᠷ ᠬᠢᠪᠡ᠃ ᠪᠠᠭᠠᠨ᠎ᠠ ᠨᠤᠭᠤᠳ ᠤᠨ ᠳᠡᠭᠡᠭᠡ ᠪᠣᠯᠣᠨ ᠬᠣᠯᠪᠣᠭᠠᠰᠤ ᠨᠤᠭᠤᠳ ᠢ ᠮᠥᠩᠭᠥ ᠪᠡᠷ ᠬᠢᠪᠡ᠃ 13 ᠨᠠᠷᠠ ᠮᠠᠨᠳᠤᠬᠤ ᠵᠦᠭ ᠪᠣᠯᠬᠤ ᠵᠡᠭᠦᠨ ᠲᠠᠯ᠎ᠠ ᠶᠢᠨ ᠬᠥᠰᠢᠭᠡ ᠨᠢ ᠴᠤ ᠲᠠᠪᠢᠨ ᠲᠣᠬᠣᠢ ᠤᠷᠲᠤ ᠪᠠᠢᠪᠠ᠃ 14 ᠲᠡᠨᠳᠡ ᠬᠦᠷᠢᠶᠡᠨ ᠦ ᠬᠠᠭᠠᠯᠭ᠎ᠠ ᠪᠠᠢᠪᠠ᠃ ᠬᠠᠭᠠᠯᠭᠠᠨ ᠤ ᠨᠢᠭᠡ ᠲᠠᠯ᠎ᠠ ᠳᠤᠨᠢ ᠠᠷᠪᠠᠨ ᠲᠠᠪᠤᠨ ᠲᠣᠬᠣᠢ ᠤᠷᠲᠤ ᠬᠥᠰᠢᠭᠡ ᠲᠠᠲᠠᠵᠤ᠂ ᠡᠭᠦᠨ ᠳᠦ ᠵᠣᠷᠢᠭᠤᠯᠤᠨ ᠭᠤᠷᠪᠠᠨ ᠪᠠᠭᠠᠨ᠎ᠠ᠂ ᠭᠤᠷᠪᠠᠨ ᠤᠭᠯᠠᠭᠤᠷ ᠬᠢᠵᠦ᠂ 15 ᠬᠠᠭᠠᠯᠭᠠᠨ ᠤ ᠨᠥᠭᠥᠭᠡ ᠲᠠᠯ᠎ᠠ ᠳᠤ ᠴᠤ ᠠᠷᠪᠠᠨ ᠲᠠᠪᠤᠨ ᠲᠣᠬᠣᠢ ᠤᠷᠲᠤ ᠬᠥᠰᠢᠭᠡ ᠲᠠᠲᠠᠵᠤ᠂ ᠡᠭᠦᠨ ᠳᠦ ᠵᠣᠷᠢᠭᠤᠯᠤᠨ ᠮᠥᠨ ᠭᠤᠷᠪᠠᠨ ᠪᠠᠭᠠᠨ᠎ᠠ᠂ ᠭᠤᠷᠪᠠᠨ ᠤᠭᠯᠠᠭᠤᠷ ᠬᠢᠪᠡ᠃ 16 ᠬᠦᠷᠢᠶᠡᠨ ᠦ ᠡᠷᠭᠢᠨ ᠲᠣᠭᠣᠷᠢᠨ ᠳᠠᠬᠢ ᠪᠦᠬᠦ ᠬᠥᠰᠢᠭᠡ ᠶᠢ ᠨᠠᠷᠢᠨ ᠨᠡᠬᠡᠭᠰᠡᠨ ᠮᠠᠭᠠᠯᠢᠩ᠋ᠭᠤ ᠪᠠᠷ ᠬᠢᠵᠡᠢ᠃ 17 ᠪᠠᠭᠠᠨ᠎ᠠ ᠶᠢᠨ ᠤᠭᠯᠠᠭᠤᠷ ᠢ ᠬᠦᠷᠡᠯ ᠢᠶᠡᠷ᠂ ᠪᠠᠭᠠᠨ᠎ᠠ ᠶᠢᠨ ᠳᠡᠭᠡᠭᠡ ᠪᠣᠯᠣᠨ ᠬᠣᠯᠪᠣᠭᠠᠰᠤ ᠶᠢ ᠮᠥᠩᠭᠥ ᠪᠡᠷ ᠬᠢᠭᠰᠡᠨ ᠪᠥᠭᠡᠳ ᠣᠷᠣᠢ ᠶᠢ ᠨᠢ ᠴᠤ ᠮᠥᠩᠭᠥ ᠪᠡᠷ ᠪᠦᠷᠢᠵᠡᠢ᠃ ᠡᠢᠨ ᠬᠦ ᠬᠦᠷᠢᠶᠡᠨ ᠦ ᠡᠷᠭᠢᠨ ᠲᠣᠭᠣᠷᠢᠨ ᠳᠠᠬᠢ ᠪᠦᠬᠦ ᠪᠠᠭᠠᠨ᠎ᠠ ᠳᠤ ᠮᠥᠩᠭᠥᠨ ᠬᠣᠯᠪᠣᠭᠠᠰᠤ ᠪᠠᠢᠷᠢᠯᠠᠭᠤᠯᠪᠠ᠃ 18 ᠬᠦᠷᠢᠶᠡᠨ ᠦ ᠬᠠᠭᠠᠯᠭ᠎ᠠ ᠶᠢ ᠪᠦᠲᠡᠭᠡᠬᠦ ᠬᠥᠰᠢᠭᠡ ᠶᠢ ᠨᠢ ᠬᠥᠬᠡ᠂ ᠨᠢᠯ ᠶᠠᠭᠠᠨ᠂ ᠴᠢᠰ ᠤᠯᠠᠭᠠᠨ ᠪᠥᠰ ᠪᠣᠯᠣᠨ ᠨᠠᠷᠢᠨ ᠨᠡᠬᠡᠭᠰᠡᠨ ᠮᠠᠭᠠᠯᠢᠩ᠋ᠭᠤ ᠪᠠᠷ ᠨᠡᠬᠡᠨ ᠤᠷᠠᠯᠠᠵᠤ ᠬᠢᠪᠡ᠃ ᠤᠷᠲᠤ ᠨᠢ ᠬᠣᠷᠢᠨ ᠲᠣᠬᠣᠢ᠂ ᠥᠷᠭᠡᠨ ᠪᠠ ᠥᠨᠳᠥᠷ ᠨᠢ ᠬᠦᠷᠢᠶᠡᠨ ᠦ ᠬᠥᠰᠢᠭᠡ ᠨᠦᠭᠦᠳ ᠲᠡᠢ ᠠᠳᠠᠯᠢ ᠲᠠᠪᠤᠨ ᠲᠣᠬᠣᠢ ᠪᠠᠢᠪᠠ᠃ 19 ᠲᠡᠨᠳᠡ ᠳᠥᠷᠪᠡᠨ ᠪᠠᠭᠠᠨ᠎ᠠ ᠪᠤᠢ᠃ ᠳᠥᠷᠪᠡᠨ ᠤᠭᠯᠠᠭᠤᠷ ᠨᠢ ᠬᠦᠷᠡᠯ᠂ ᠳᠡᠭᠡᠭᠡ ᠨᠦᠭᠦᠳ ᠨᠢ ᠮᠥᠩᠭᠥ ᠪᠥᠭᠡᠳ ᠣᠷᠣᠢ ᠨᠤᠭᠤᠳ ᠪᠣᠯᠣᠨ ᠬᠣᠯᠪᠣᠭᠠᠰᠤ ᠨᠤᠭᠤᠳ ᠢ ᠨᠢ ᠴᠤ ᠮᠥᠩᠭᠥ ᠪᠡᠷ ᠪᠦᠷᠢᠪᠡ᠃ 20 ᠣᠷᠣᠰᠢᠬᠤᠢ ᠶᠢᠨ ᠴᠠᠴᠠᠷ ᠪᠣᠯᠣᠨ ᠲᠡᠭᠦᠨ ᠦ ᠡᠷᠭᠢᠨ ᠲᠣᠭᠣᠷᠢᠨ ᠳᠠᠬᠢ ᠬᠦᠷᠢᠶᠡᠨ ᠦ ᠪᠦᠬᠦ ᠭᠠᠳᠠᠰᠤ ᠨᠢ ᠬᠦᠷᠡᠯ ᠪᠠᠢᠪᠠ᠃
 ᠡᠳ᠋ ᠶᠠᠭᠤᠮᠠᠰ ᠤᠨ ᠲᠣᠭ᠎ᠠ ᠪᠦᠷᠢᠳᠬᠡᠯ

21 ᠳᠠᠷᠠᠭᠠᠬᠢ ᠨᠢ ᠬᠠᠪᠲᠠᠰᠤ ᠶᠢᠨ ᠪᠠᠢᠭ᠎ᠠ ᠴᠠᠴᠠᠷ ᠲᠤ ᠵᠣᠷᠢᠭᠤᠯᠤᠭᠰᠠᠨ ᠡᠳ᠋ ᠶᠠᠭᠤᠮᠠᠰ ᠤᠨ ᠵᠢᠭᠰᠠᠭᠠᠯᠲᠠ ᠶᠤᠮ᠄ ᠡᠭᠦᠨ ᠢ ᠮᠣᠰᠧ ᠶᠢᠨ ᠲᠤᠰᠢᠶᠠᠭᠰᠠᠨ ᠤ ᠶᠣᠰᠣᠭᠠᠷ ᠯᠧᠸᠢᠴᠦᠳ ᠲᠠᠬᠢᠯᠴᠢ ᠠᠷᠣᠨ ᠤ ᠬᠥᠪᠡᠭᠦᠨ ᠢᠲ᠋ᠠᠮᠠᠷ ᠤᠨ ᠭᠠᠷ ᠳᠣᠣᠷ᠎ᠠ ᠲᠣᠭᠠᠯᠠᠭᠰᠠᠨ ᠶᠤᠮ᠃ 22 ᠶᠦᠳᠠ ᠣᠪᠣᠭ ᠤᠨ ᠾᠦᠷ ᠦᠨ ᠠᠴᠢ᠂ ᠦᠦᠷᠢ ᠶᠢᠨ ᠬᠦᠦ ᠪᠧᠽᠠᠯᠧᠯ ᠪᠦᠬᠦᠨ ᠢ ᠶᠣᠬᠣᠸᠠ ᠶᠢᠨ ᠮᠣᠰᠧ ᠳᠤ ᠲᠤᠰᠢᠶᠠᠭᠰᠠᠨ ᠶᠣᠰᠣᠭᠠᠷ ᠦᠢᠯᠡᠳᠪᠡ᠃ 23 ᠲᠡᠭᠦᠨ ᠦ ᠲᠤᠰᠠᠯᠠᠭᠴᠢ ᠪᠣᠯ ᠳ᠋ᠠᠨ ᠣᠪᠣᠭ ᠤᠨ ᠠᠾᠢᠰᠠᠮᠠᠺ ᠤᠨ ᠬᠥᠪᠡᠭᠦᠨ ᠣᠬᠣᠯᠢᠶᠠᠪ ᠶᠤᠮ᠃ ᠲᠡᠷᠡ ᠪᠣᠯ ᠰᠡᠢᠯᠪᠦᠷᠢᠴᠢᠨ᠂ ᠤᠷᠠᠯᠠᠭᠠᠴᠢ ᠪᠥᠭᠡᠳ ᠬᠥᠬᠡ᠂ ᠨᠢᠯ ᠶᠠᠭᠠᠨ᠂ ᠴᠢᠰ ᠤᠯᠠᠭᠠᠨ ᠪᠥᠰ᠂ ᠨᠠᠷᠢᠨ ᠮᠠᠭᠠᠯᠢᠩ᠋ᠭᠤ ᠶᠢᠨ ᠨᠡᠬᠡᠮᠡᠯᠴᠢᠨ ᠠᠵᠢ᠃

24 ᠠᠷᠢᠭᠤᠨ ᠭᠠᠵᠠᠷ ᠢ ᠪᠠᠷᠢᠬᠤ ᠶᠢᠨ ᠲᠤᠯᠠᠳᠠ ᠡᠷᠭᠦᠯ ᠡᠴᠡ ᠬᠦᠯᠢᠶᠡᠨ ᠠᠪᠴᠤ ᠵᠠᠷᠤᠴᠠᠭᠤᠯᠤᠭᠰᠠᠨ ᠠᠯᠲᠠ ᠨᠢ ᠨᠡᠢᠲᠡ ᠳᠡᠭᠡᠨ ᠠᠷᠢᠭᠤᠨ ᠭᠠᠵᠠᠷ ᠤᠨ ᠪᠠᠷᠢᠮᠵᠢᠶ᠎ᠠ ᠪᠠᠷ ᠬᠣᠷᠢ ᠶᠢᠰᠦᠨ ᠲᠠᠯᠠᠨᠲ ᠳᠣᠯᠣᠭᠠᠨ ᠵᠠᠭᠤ ᠭᠤᠴᠢᠨ ᠱᠧᠺᠧᠯ 34 ᠪᠠᠢᠪᠠ᠃ 25 ᠬᠥᠮᠦᠨ ᠠᠮᠠ ᠲᠣᠭᠠᠯᠠᠬᠤ ᠳᠤ᠂ ᠨᠡᠢᠲᠡ ᠴᠢᠭᠤᠯᠭᠠᠨ ᠠᠴᠠ ᠪᠦᠷᠢᠳᠬᠡᠭᠦᠯᠦᠭᠰᠡᠨ ᠬᠥᠮᠦᠰ ᠡᠴᠡ ᠣᠯᠣᠭᠰᠠᠨ ᠮᠥᠩᠭᠥ ᠨᠢ ᠠᠷᠢᠭᠤᠨ ᠭᠠᠵᠠᠷ ᠤᠨ ᠪᠠᠷᠢᠮᠵᠢᠶ᠎ᠠ ᠪᠠᠷ ᠵᠠᠭᠤᠨ ᠲᠠᠯᠠᠨᠲ᠂ ᠮᠢᠩ᠋ᠭ᠎ᠠ ᠳᠣᠯᠣᠭᠠᠨ ᠵᠠᠭᠤ ᠳᠠᠯᠠᠨ ᠲᠠᠪᠤᠨ ᠱᠧᠺᠧᠯ 35 ᠪᠠᠢᠪᠠ᠃ 26 ᠪᠦᠷᠢᠳᠬᠡᠯ ᠳᠦ ᠣᠷᠣᠭᠰᠠᠨ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠵᠢᠷᠠᠨ ᠲᠦᠮᠡ ᠭᠤᠷᠪᠠᠨ ᠮᠢᠩ᠋ᠭ᠎ᠠ ᠲᠠᠪᠤᠨ ᠵᠠᠭᠤ ᠲᠠᠪᠢᠨ ᠡᠷ᠎ᠡ ᠬᠥᠮᠦᠨ ᠨᠢᠭᠡ ᠪᠦᠷᠢ ᠠᠷᠢᠭᠤᠨ ᠭᠠᠵᠠᠷ ᠤᠨ ᠪᠠᠷᠢᠮᠵᠢᠶ᠎ᠠ ᠪᠠᠷ ᠨᠢᠭᠡ ᠪᠧᠺᠠ ᠪᠣᠯᠬᠤ ᠬᠠᠭᠠᠰ ᠱᠧᠺᠧᠯ ᠥᠭᠭᠥᠭᠰᠡᠨ ᠪᠠᠢᠪᠠ᠃ 27 ᠵᠠᠭᠤᠨ ᠲᠠᠯᠠᠨᠲ ᠮᠥᠩᠭᠥ ᠪᠡᠷ ᠨᠢ ᠠᠷᠢᠭᠤᠨ ᠭᠠᠵᠠᠷ ᠤᠨ ᠤᠭᠯᠠᠭᠤᠷ ᠤᠳ ᠪᠣᠯᠣᠨ ᠬᠥᠰᠢᠭᠡ ᠶᠢᠨ ᠤᠭᠯᠠᠭᠤᠷ ᠢ ᠴᠢᠳᠬᠤᠭᠰᠠᠨ ᠪᠣᠯᠬᠣᠷ ᠵᠠᠭᠤᠨ ᠤᠭᠯᠠᠭᠤᠷ ᠲᠤ ᠵᠠᠭᠤᠨ ᠲᠠᠯᠠᠨᠲ᠂ ᠲᠤᠬᠠᠢᠯᠠᠪᠠᠯ ᠨᠢᠭᠡ ᠤᠭᠯᠠᠭᠤᠷ ᠲᠤ ᠨᠢᠭᠡ ᠲᠠᠯᠠᠨᠲ ᠢ ᠵᠠᠷᠤᠴᠠᠭᠤᠯᠤᠭᠰᠠᠨ ᠶᠤᠮ᠃ 28 ᠦᠯᠡᠳᠡᠭᠰᠡᠨ ᠮᠢᠩ᠋ᠭ᠎ᠠ ᠳᠣᠯᠣᠭᠠᠨ ᠵᠠᠭᠤᠨ ᠳᠠᠯᠠᠨ ᠲᠠᠪᠤᠨ ᠱᠧᠺᠧᠯ ᠢᠶᠠᠷ ᠨᠢ ᠪᠠᠭᠠᠨ᠎ᠠ ᠶᠢᠨ ᠳᠡᠭᠡᠭᠡ ᠨᠦᠭᠦᠳ ᠢ ᠬᠢᠵᠦ᠂ ᠪᠠᠭᠠᠨ᠎ᠠ ᠶᠢᠨ ᠣᠷᠣᠢ ᠨᠤᠭᠤᠳ ᠢ ᠪᠦᠷᠢᠵᠦ᠂ ᠬᠣᠯᠪᠣᠭᠠᠰᠤ ᠶᠢ ᠬᠢᠬᠦ ᠳᠦ ᠵᠠᠷᠤᠴᠠᠭᠤᠯᠪᠠ᠃ 29 ᠬᠠᠨᠳᠢᠪ ᠪᠣᠯᠭᠠᠨ ᠡᠷᠭᠦᠭᠰᠡᠨ ᠬᠦᠷᠡᠯ ᠨᠢ ᠳᠠᠯᠠᠨ ᠲᠠᠯᠠᠨᠲ᠂ ᠬᠣᠶᠠᠷ ᠮᠢᠩ᠋ᠭ᠎ᠠ ᠳᠥᠷᠪᠡᠨ ᠵᠠᠭᠤᠨ ᠱᠧᠺᠧᠯ 36 ᠪᠠᠢᠪᠠ᠃ 30 ᠲᠡᠭᠦᠨ ᠢᠶᠡᠷ ᠠᠭᠤᠯᠵᠠᠯᠲᠠ ᠶᠢᠨ ᠴᠠᠴᠠᠷ ᠤᠨ ᠡᠭᠦᠳᠡᠨ ᠦ ᠤᠭᠯᠠᠭᠤᠷ ᠤᠳ᠂ ᠬᠦᠷᠡᠯ ᠲᠠᠬᠢᠯ ᠤᠨ ᠰᠢᠷᠡᠭᠡ᠂ ᠬᠦᠷᠡᠯ ᠰᠠᠷᠠᠯᠵᠢ ᠪᠣᠯᠣᠨ ᠲᠠᠬᠢᠯ ᠤᠨ ᠰᠢᠷᠡᠭᠡᠨ ᠦ ᠪᠦᠬᠦ ᠬᠡᠷᠡᠭᠰᠡᠯ᠂ 31 ᠮᠥᠨ ᠡᠷᠭᠢᠨ ᠲᠣᠭᠣᠷᠢᠨ ᠳᠠᠬᠢ ᠬᠦᠷᠢᠶᠡᠨ ᠦ ᠤᠭᠯᠠᠭᠤᠷ ᠤᠳ᠂ ᠬᠦᠷᠢᠶᠡᠨ ᠦ ᠬᠠᠭᠠᠯᠭᠠᠨ ᠤ ᠤᠭᠯᠠᠭᠤᠷ ᠤᠳ᠂ ᠴᠠᠴᠠᠷ ᠤᠨ ᠪᠦᠬᠦ ᠭᠠᠳᠠᠰᠤ ᠪᠣᠯᠣᠨ ᠡᠷᠭᠢᠨ ᠲᠣᠭᠣᠷᠢᠨ ᠳᠠᠬᠢ ᠬᠦᠷᠢᠶᠡᠨ ᠦ ᠪᠦᠬᠦ ᠭᠠᠳᠠᠰᠤ ᠶᠢ ᠬᠢᠪᠡ᠃