1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠭᠤᠴᠢᠨ ᠭᠤᠷᠪᠠ

1 ᠶᠣᠬᠣᠸᠠ ᠮᠣᠰᠧ ᠳᠤ ᠠᠢᠯᠠᠳᠤᠨ᠄ 《ᠴᠢ ᠶᠧᠵᠢᠫᠲ ᠡᠴᠡ ᠭᠠᠷᠭᠠᠭᠰᠠᠨ ᠠᠷᠠᠳ ᠲᠦᠮᠡᠨ ᠦ ᠪᠠᠨ ᠬᠠᠮᠲᠤ ᠡ᠊ᠨᠳᠡ ᠡᠴᠡ ᠬᠥᠳᠡᠯᠦᠨ ᠶᠠᠪᠤᠵᠤ᠂ ᠮᠢᠨᠦ ᠠᠪᠷᠠᠬᠠᠮ᠂ ᠢᠰᠠᠺ᠂ ᠶᠠᠺᠣᠪ ᠤᠨ ᠦᠷ᠎ᠡ ᠤᠳᠤᠮ ᠳᠤ ᠥᠭᠭᠥᠨ᠎ᠡ ᠭᠡᠵᠦ ᠠᠮᠠᠯᠠᠭᠰᠠᠨ ᠨᠤᠲᠤᠭ ᠤᠷᠤᠭᠤ ᠣᠴᠢ᠃ 2 ᠪᠢ ᠴᠢᠨᠦ ᠡᠮᠦᠨ᠎ᠡ ᠡᠯᠴᠢ ᠪᠠᠨ ᠶᠠᠪᠤᠭᠤᠯᠵᠤ᠂ ᠺᠠᠨᠠᠨᠴᠤᠳ᠂ ᠠᠮᠣᠷᠢᠴᠤᠳ᠂ ᠾᠢᠲ᠋ᠴᠦᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠢ ᠬᠥᠭᠡᠭᠡᠬᠦ ᠪᠥᠭᠡᠳ 3 ᠲᠠ ᠨᠠᠷ ᠰᠦ᠋᠂ ᠪᠠᠯ ᠤᠷᠤᠰᠤᠭᠰᠠᠨ ᠨᠤᠲᠤᠭ ᠲᠤ ᠬᠦᠷᠬᠦ ᠪᠣᠯᠣᠨ᠎ᠠ᠃ ᠭᠡᠪᠡᠴᠦ ᠪᠢ ᠲᠠ ᠨᠠᠷ ᠲᠠᠢ ᠬᠠᠮᠲᠤ ᠶᠠᠪᠤᠬᠤ ᠦᠭᠡᠢ᠃ ᠲᠠ ᠨᠠᠷ ᠵᠥᠷᠢᠭᠦᠳ ᠠᠷᠠᠳ ᠲᠦᠮᠡᠨ ᠪᠣᠯᠬᠣᠷ ᠵᠠᠮ ᠳᠤ ᠴᠢᠨᠢ ᠪᠢ ᠲᠠ ᠨᠠᠷ ᠢ ᠬᠥᠨᠥᠭᠡᠴᠢᠬᠡᠬᠦ ᠪᠤᠢ》 ᠭᠡᠪᠡ᠃

4 ᠠᠷᠠᠳ ᠲᠦᠮᠡᠨ ᠡᠨᠡ ᠬᠠᠲᠠᠭᠤ ᠦᠭᠡ ᠶᠢ ᠰᠣᠨᠣᠰᠣᠭᠠᠳ ᠬᠠᠷᠠᠮᠰᠠᠨ ᠭᠠᠰᠢᠭᠤᠳᠠᠵᠤ᠂ ᠬᠡᠨ ᠨᠢ ᠴᠤ ᠭᠣᠶᠣᠯᠠᠯ ᠴᠢᠮᠡᠭᠯᠡᠯ ᠢᠶᠡᠨ ᠵᠡᠭᠦᠭᠰᠡᠨ ᠦᠭᠡᠢ᠃ 5 ᠤᠴᠢᠷ ᠨᠢ ᠶᠣᠬᠣᠸᠠ ᠮᠣᠰᠧ ᠳᠤ᠄ 《ᠢᠰᠷᠧᠯᠴᠦᠳ ᠲᠦ᠄ 〈ᠲᠠ ᠨᠠᠷ ᠵᠥᠷᠢᠭᠦᠳ ᠠᠷᠠᠳ ᠲᠦᠮᠡᠨ ᠶᠤᠮ᠃ ᠪᠢ ᠭᠠᠭᠴᠠ ᠬᠣᠷᠣᠮ ᠤᠨ ᠲᠡᠳᠦᠢ ᠲᠠ ᠨᠠᠷ ᠲᠠᠢ ᠬᠠᠮᠲᠤ ᠶᠠᠪᠤᠪᠠᠯ᠂ ᠲᠠ ᠨᠠᠷ ᠢ ᠤᠰᠠᠳᠬᠠᠬᠤ ᠪᠤᠢ᠃ ᠣᠳᠣ ᠲᠠ ᠨᠠᠷ ᠭᠣᠶᠣᠯᠠᠯ ᠴᠢᠮᠡᠭᠯᠡᠯ ᠢᠶᠡᠨ ᠲᠠᠢᠯ᠃ ᠪᠢ ᠲᠠ ᠨᠠᠷ ᠢ ᠶᠠᠭᠠᠬᠢᠬᠤ ᠪᠠᠨ ᠰᠢᠢᠳᠦᠨ᠎ᠡ〉 ᠭᠡᠵᠦ ᠬᠡᠯᠡ》 ᠬᠡᠮᠡᠨ ᠠᠢᠯᠠᠳᠤᠭᠰᠠᠨ ᠶᠤᠮ᠃ 6 ᠡᠢᠮᠦ ᠡᠴᠡ ᠢᠰᠷᠧᠯᠴᠦᠳ ᠬᠣᠷᠧᠪ ᠠᠭᠤᠯᠠᠨ ᠳᠤ ᠭᠣᠶᠣᠯᠠᠯ ᠴᠢᠮᠡᠭᠯᠡᠯ ᠢᠶᠡᠨ ᠲᠠᠢᠯᠤᠭᠰᠠᠨ ᠪᠠᠢᠨ᠎ᠠ᠃
 ᠠᠭᠤᠯᠵᠠᠯᠲᠠ ᠶᠢᠨ ᠴᠠᠴᠠᠷ

7 ᠮᠣᠰᠧ ᠮᠠᠢᠬᠠᠨ ᠢᠶᠠᠨ ᠠᠪᠴᠤ᠂ ᠬᠤᠸᠠᠷᠠᠨ ᠤ ᠭᠠᠳᠠᠨ᠎ᠠ᠂ ᠬᠤᠸᠠᠷᠠᠨ ᠠᠴᠠ ᠵᠠᠢᠳᠠᠭᠤ ᠪᠠᠷᠢᠵᠤ᠂ ᠲᠡᠭᠦᠨ ᠢ ᠪᠠᠨ ᠠᠭᠤᠯᠵᠠᠯᠲᠠ ᠶᠢᠨ ᠴᠠᠴᠠᠷ ᠭᠡᠪᠡ᠃ ᠶᠣᠬᠣᠸᠠ ᠶᠢ ᠬᠠᠢᠳᠠᠭ ᠬᠥᠮᠦᠨ ᠪᠦᠷᠢ ᠬᠤᠸᠠᠷᠠᠨ ᠤ ᠭᠠᠳᠠᠨ᠎ᠠ ᠪᠠᠢᠭ᠎ᠠ ᠡᠨᠡ ᠠᠭᠤᠯᠵᠠᠯᠲᠠ ᠶᠢᠨ ᠴᠠᠴᠠᠷ ᠲᠤ ᠣᠴᠢᠳᠠᠭ ᠪᠣᠯᠪᠠ᠃ 8 ᠮᠣᠰᠧ ᠬᠤᠸᠠᠷᠠᠨ ᠠᠴᠠ ᠭᠠᠷᠴᠤ ᠴᠠᠴᠠᠷ ᠤᠷᠤᠭᠤ ᠶᠠᠪᠤᠪᠠᠯ᠂ ᠠᠷᠠᠳ ᠲᠦᠮᠡᠨ ᠪᠦᠭᠦᠳᠡᠭᠡᠷ ᠢᠶᠡᠨ ᠪᠣᠰᠣᠨ ᠬᠥᠮᠦᠨ ᠪᠦᠷᠢ ᠮᠠᠢᠬᠠᠨ ᠤ ᠪᠠᠨ ᠡᠭᠦᠳᠡᠨ ᠳᠦ ᠵᠣᠭᠰᠣᠵᠤ᠂ ᠮᠣᠰᠧ ᠶᠢ ᠴᠠᠴᠠᠷ ᠲᠤ ᠣᠷᠣᠲᠠᠯ᠎ᠠ ᠠᠷᠤ ᠠᠴᠠ ᠨᠢ ᠬᠠᠷᠠᠭᠰᠠᠭᠠᠷ ᠪᠠᠢᠳᠠᠭ᠃ 9 ᠮᠣᠰᠧ ᠴᠠᠴᠠᠷ ᠲᠤ ᠣᠷᠣᠪᠠᠯ ᠡᠭᠦᠯᠡᠨ ᠪᠠᠭᠠᠨ᠎ᠠ ᠪᠠᠭᠤᠨ ᠢᠷᠡᠵᠦ᠂ ᠠᠰᠠᠷ ᠤᠨ ᠡᠭᠦᠳᠡᠨ ᠳᠦ ᠲᠣᠭᠲᠠᠭᠠᠳ ᠶᠣᠬᠣᠸᠠ ᠮᠣᠰᠧ ᠲᠠᠢ ᠶᠠᠷᠢᠳᠠᠭ᠃ 10 ᠴᠠᠴᠠᠷ ᠤᠨ ᠡᠭᠦᠳᠡᠨ ᠳᠦ ᠡᠭᠦᠯᠡᠨ ᠪᠠᠭᠠᠨ᠎ᠠ ᠲᠣᠭᠲᠠᠬᠤ ᠶᠢ ᠬᠠᠷᠠᠪᠠᠯ ᠠᠷᠠᠳ ᠲᠦᠮᠡᠨ ᠪᠦᠭᠦᠳᠡᠭᠡᠷ ᠢᠶᠡᠨ ᠪᠣᠰᠴᠤ᠂ ᠬᠥᠮᠦᠨ ᠪᠦᠷᠢ ᠮᠠᠢᠬᠠᠨ ᠤ ᠪᠠᠨ ᠡᠭᠦᠳᠡᠨ ᠳᠦ ᠮᠥᠷᠭᠥᠳᠡᠭ ᠪᠠᠢᠪᠠ᠃ 11 ᠶᠣᠬᠣᠸᠠ ᠮᠣᠰᠧ ᠲᠠᠢ ᠨᠢᠭᠤᠷ ᠨᠢᠭᠤᠷ ᠢᠶᠠᠷ ᠢᠶᠠᠨ ᠲᠤᠯᠤᠨ ᠶᠠᠷᠢᠳᠠᠭ ᠨᠢ ᠬᠥᠮᠦᠨ ᠠᠨᠳᠠ ᠨᠥᠬᠥᠷ ᠲᠡᠢ ᠪᠡᠨ ᠶᠠᠷᠢᠵᠤ ᠪᠠᠢᠳᠠᠭ ᠲᠠᠢ ᠠᠳᠠᠯᠢ ᠪᠠᠢᠯ᠎ᠠ᠃ ᠮᠣᠰᠧ ᠬᠤᠸᠠᠷᠠᠨ ᠤᠷᠤᠭᠤ ᠪᠤᠴᠠᠳᠠᠭ᠂ ᠬᠠᠷᠢᠨ ᠲᠡᠭᠦᠨ ᠦ ᠵᠠᠯᠠᠭᠤ ᠲᠤᠰᠠᠯᠠᠭᠴᠢ᠂ ᠨᠦᠨ ᠦ ᠬᠦᠦ ᠶᠣᠱᠦ᠋ᠶ᠎ᠠ ᠮᠠᠢᠬᠠᠨ ᠠᠴᠠ ᠰᠠᠯᠳᠠᠭ ᠦᠭᠡᠢ ᠪᠠᠢᠪᠠ᠃
 ᠡᠵᠡᠨ ᠦ ᠴᠣᠭ ᠵᠢᠪᠬᠤᠯᠠᠩ ᠮᠣᠰᠧ ᠳᠤ ᠬᠠᠷᠠᠭᠳᠠᠪᠠ

12 ᠮᠣᠰᠧ ᠶᠣᠬᠣᠸᠠ ᠳᠤ᠄ 《ᠬᠠᠷᠠᠭᠠᠴᠢ᠂ ᠲᠠ ᠨᠠᠳᠠ ᠳᠤ 〈ᠡᠨᠡ ᠠᠷᠠᠳ ᠲᠦᠮᠡᠨ ᠢ ᠤᠳᠤᠷᠢᠳ〉 ᠭᠡᠵᠦ ᠠᠢᠯᠠᠳᠳᠠᠭ ᠠᠲᠠᠯ᠎ᠠ ᠪᠠᠨ ᠨᠠᠳᠠ ᠲᠠᠢ ᠬᠠᠮᠲᠤ ᠬᠡᠨ ᠢ ᠶᠠᠪᠤᠭᠤᠯᠬᠤ ᠪᠠᠨ ᠨᠠᠳᠠ ᠳᠤ ᠮᠡᠳᠡᠭᠦᠯᠦᠭᠡ ᠦᠭᠡᠢ᠃ ᠬᠠᠷᠢᠨ ᠲᠠ᠄ 〈ᠪᠢ ᠴᠢᠮᠠᠶᠢ ᠨᠡᠷ᠎ᠡ ᠪᠡᠷ ᠴᠢᠨᠢ ᠮᠡᠳᠡᠨ᠎ᠡ᠃ ᠴᠢ ᠮᠢᠨᠦ ᠮᠡᠯᠮᠡᠢ ᠳᠦ ᠲᠠᠭᠠᠯᠠᠯ ᠢ ᠣᠯᠣᠭᠰᠠᠨ〉 ᠭᠡᠵᠦ ᠠᠢᠯᠠᠳᠤᠭᠰᠠᠨ ᠤᠴᠢᠷ 13 ᠣᠳᠣ ᠲᠠᠨ ᠠᠴᠠ ᠭᠤᠶᠤᠶ᠎ᠠ᠃ ᠬᠡᠷᠪᠡ ᠪᠢ ᠲᠠᠨ ᠤ ᠮᠡᠯᠮᠡᠢ ᠳᠦ ᠲᠠᠭᠠᠯᠠᠯ ᠢ ᠣᠯᠣᠭᠰᠠᠨ ᠪᠣᠯ᠂ ᠥᠪᠡᠷ ᠦᠨ ᠢᠶᠠᠨ ᠰᠠᠨᠠᠭ᠎ᠠ ᠶᠢ ᠨᠠᠳᠠ ᠳᠤ ᠮᠡᠳᠡᠭᠦᠯᠦᠭᠡᠴᠢ᠂ ᠪᠢ ᠲᠠᠨ ᠢ ᠮᠡᠳᠡᠵᠦ᠂ ᠲᠠᠨ ᠤ ᠮᠡᠯᠮᠡᠢ ᠳᠦ ᠲᠠᠭᠠᠯᠠᠯ ᠢ ᠣᠯᠬᠤ ᠳᠤᠷᠠᠲᠠᠢ᠃ ᠡᠨᠡ ᠦᠨᠳᠦᠰᠦᠲᠡᠨ ᠲᠠᠨ ᠤ ᠠᠷᠠᠳ ᠲᠦᠮᠡᠨ ᠭᠡᠳᠡᠭ ᠢ ᠴᠤ ᠰᠠᠨᠠᠭᠠᠴᠢ》 ᠭᠡᠪᠡ᠃ 14 ᠶᠣᠬᠣᠸᠠ ᠬᠠᠷᠢᠭᠤ ᠳᠤᠨᠢ᠄ 《ᠮᠢᠨᠦ ᠣᠷᠣᠰᠢᠬᠤᠢ ᠴᠢᠮ᠎ᠠ ᠲᠠᠢ ᠬᠠᠮᠲᠤ ᠶᠠᠪᠤᠨ᠎ᠠ᠂ ᠴᠢ ᠰᠠᠨᠠᠭ᠎ᠠ ᠠᠮᠤᠷ ᠪᠠᠢᠭᠠᠷᠠᠢ》 ᠭᠡᠬᠦ ᠳᠦ᠂ 15 ᠮᠣᠰᠧ᠄ 《ᠬᠡᠷᠪᠡ ᠲᠠᠨ ᠤ ᠣᠷᠣᠰᠢᠬᠤᠢ ᠪᠢᠳᠡᠨ ᠲᠡᠢ ᠬᠠᠮᠲᠤ ᠶᠠᠪᠤᠬᠤ ᠦᠭᠡᠢ ᠪᠣᠯ᠂ ᠪᠢᠳᠡᠨ ᠢ ᠡ᠊ᠨᠳᠡ ᠡᠴᠡ ᠪᠦᠦ ᠶᠠᠪᠤᠭᠤᠯᠤᠭᠠᠴᠢ᠃ 16 ᠲᠠ ᠬᠠᠮᠲᠤ ᠶᠠᠪᠤᠬᠤ ᠦᠭᠡᠢ ᠪᠣᠯ᠂ ᠪᠢ ᠪᠣᠯᠣᠨ ᠲᠠᠨ ᠤ ᠠᠷᠠᠳ ᠲᠦᠮᠡᠨ ᠲᠠᠨ ᠤ ᠮᠡᠯᠮᠡᠢ ᠳᠦ ᠲᠠᠭᠠᠯᠠᠯ ᠣᠯᠣᠭᠰᠠᠨ ᠭᠡᠳᠡᠭ ᠢ ᠬᠥᠮᠦᠰ ᠶᠠᠭᠠᠬᠢᠵᠤ ᠮᠡᠳᠡᠬᠦ ᠪᠤᠢ︖ ᠲᠠ ᠪᠢᠳᠡᠨ ᠲᠡᠢ ᠬᠠᠮᠲᠤ ᠶᠠᠪᠤᠬᠤ ᠪᠠᠷ ᠯᠠ ᠪᠢ ᠪᠣᠯᠣᠨ ᠲᠠᠨ ᠤ ᠠᠷᠠᠳ ᠲᠦᠮᠡᠨ ᠭᠠᠵᠠᠷ ᠤᠨ ᠬᠥᠷᠥᠰᠥᠨ ᠳᠡᠭᠡᠷᠡᠬᠢ ᠪᠦᠬᠦ ᠠᠷᠠᠳ ᠲᠦᠮᠡᠨ ᠡᠴᠡ ᠢᠯᠭᠠᠭᠳᠠᠬᠤ ᠪᠢᠰᠢ ᠤᠤ︖》 ᠭᠡᠪᠡ᠃

17 ᠶᠣᠬᠣᠸᠠ ᠮᠣᠰᠧ ᠳᠤ᠄ 《ᠶᠠᠭ ᠴᠢᠨᠦ ᠭᠤᠶᠤᠭᠰᠠᠨ ᠶᠣᠰᠣᠭᠠᠷ ᠪᠢ ᠦᠢᠯᠡᠳᠦᠨ᠎ᠡ᠃ ᠤᠴᠢᠷ ᠨᠢ ᠴᠢ ᠮᠢᠨᠦ ᠮᠡᠯᠮᠡᠢ ᠳᠦ ᠲᠠᠭᠠᠯᠠᠯ ᠢ ᠣᠯᠣᠭᠰᠠᠨ᠂ ᠪᠢ ᠴᠢᠮᠠᠶᠢ ᠨᠡᠷ᠎ᠡ ᠪᠡᠷ ᠴᠢᠨᠢ ᠲᠠᠨᠢᠳᠠᠭ》 ᠭᠡᠵᠦ ᠠᠢᠯᠠᠳᠪᠠ᠃ 18 ᠮᠣᠰᠧ᠄ 《ᠴᠣᠭ ᠵᠢᠪᠬᠤᠯᠠᠩ ᠢᠶᠠᠨ ᠨᠠᠳᠠ ᠳᠤ ᠦᠵᠡᠭᠦᠯᠦᠭᠡᠴᠢ》 ᠭᠡᠵᠦ ᠭᠤᠶᠤᠬᠤ ᠳᠤ᠂ 19 ᠶᠣᠬᠣᠸᠠ᠄ 《ᠪᠢ ᠥᠪᠡᠷ ᠦᠨ ᠢᠶᠠᠨ ᠪᠦᠬᠦ ᠰᠠᠢᠨ ᠰᠠᠢᠬᠠᠨ ᠢ ᠴᠢᠨᠦ ᠡᠮᠦᠨᠡᠭᠦᠷ ᠥᠩᠭᠡᠷᠡᠭᠦᠯᠵᠦ᠂ ᠶᠣᠬᠣᠸᠠ ᠭᠡᠳᠡᠭ ᠨᠡᠷ᠎ᠡ ᠪᠡᠨ ᠴᠢᠨᠦ ᠡᠮᠦᠨ᠎ᠡ ᠲᠤᠩ᠋ᠬᠠᠭᠯᠠᠨ᠎ᠠ᠃ ᠪᠢ ᠡᠨᠡᠷᠢᠬᠦ ᠬᠥᠮᠦᠨ ᠢᠶᠡᠨ ᠡᠨᠡᠷᠢᠵᠦ᠂ ᠥᠷᠥ ᠡᠪᠡᠳᠬᠦ ᠬᠥᠮᠦᠨ ᠢᠶᠡᠨ ᠥᠷᠥ ᠡᠪᠡᠳᠦᠨ᠎ᠡ᠃ 20 ᠬᠠᠷᠢᠨ ᠴᠢ ᠮᠢᠨᠦ ᠨᠢᠭᠤᠷ ᠢ ᠬᠠᠷᠠᠵᠤ ᠪᠣᠯᠬᠤ ᠦᠭᠡᠢ᠃ ᠨᠠᠮᠠᠶᠢ ᠬᠠᠷᠠᠭᠠᠳ ᠠᠮᠢᠳᠤ ᠦᠯᠡᠳᠡᠬᠦ ᠬᠥᠮᠦᠨ ᠪᠠᠢᠬᠤ ᠦᠭᠡᠢ》 ᠭᠡᠵᠦ ᠠᠢᠯᠠᠳᠪᠠ᠃ 21 ᠶᠣᠬᠣᠸᠠ ᠴᠠᠰᠢ ᠨᠢ᠄ 《ᠬᠠᠷᠠ᠂ ᠴᠢ ᠮᠢᠨᠦ ᠳᠡᠷᠭᠡᠳᠡ ᠪᠠᠢᠭ᠎ᠠ ᠭᠠᠵᠠᠷ ᠲᠤ᠂ ᠡᠨᠡ ᠬᠠᠳᠠᠨ ᠳᠡᠭᠡᠷ᠎ᠡ ᠵᠣᠭᠰᠣ᠃ 22 ᠮᠢᠨᠦ ᠴᠣᠭ ᠵᠢᠪᠬᠤᠯᠠᠩ ᠥᠩᠭᠡᠷᠡᠬᠦ ᠵᠠᠭᠤᠷ᠎ᠠ ᠪᠢ ᠴᠢᠮᠠᠶᠢ ᠬᠠᠳᠠᠨ ᠤ ᠬᠥᠨᠳᠡᠢ ᠳᠦ ᠣᠷᠣᠭᠤᠯᠵᠤ᠂ ᠥᠩᠭᠡᠷᠡᠨ ᠭᠠᠷᠲᠠᠯ᠎ᠠ ᠪᠠᠨ ᠴᠢᠮᠠᠶᠢ ᠮᠤᠲᠤᠷ ᠢᠶᠠᠷ ᠢᠶᠠᠨ ᠬᠠᠯᠬᠠᠯᠠᠨ᠎ᠠ᠃ 23 ᠳᠠᠷᠠᠭ᠎ᠠ ᠨᠢ ᠪᠢ ᠮᠤᠲᠤᠷ ᠢᠶᠠᠨ ᠠᠪᠬᠤ ᠪᠥᠭᠡᠳ ᠴᠢ ᠮᠢᠨᠦ ᠠᠷᠤ ᠲᠠᠯ᠎ᠠ ᠶᠢ ᠬᠠᠷᠠᠨ᠎ᠠ᠃ ᠬᠠᠷᠢᠨ ᠮᠢᠨᠦ ᠨᠢᠭᠤᠷ ᠬᠠᠷᠠᠭᠳᠠᠬᠤ ᠦᠭᠡᠢ》 ᠭᠡᠪᠡ᠃