ᠭᠡᠲᠦᠯᠦᠯ ᠬᠣᠷᠢᠨ ᠨᠢᠭᠡ
ᠢᠪᠷᠠᠢ ᠪᠣᠭᠣᠯ ᠤᠨ ᠵᠢᠷᠤᠮ
1 ᠡᠳᠡᠭᠡᠷ ᠶᠣᠰᠣ ᠵᠢᠷᠤᠮ ᠢ ᠴᠢ ᠲᠡᠳᠡᠨ ᠦ ᠡᠮᠦᠨ᠎ᠡ ᠲᠣᠭᠲᠠᠭ᠎ᠠ᠄ 2 ᠬᠡᠷᠪᠡ ᠴᠢ ᠢᠪᠷᠠᠢ ᠪᠣᠭᠣᠯ ᠬᠤᠳᠠᠯᠳᠤᠨ ᠠᠪᠤᠪᠠᠯ᠂ ᠲᠡᠷᠡ ᠵᠢᠷᠭᠤᠭᠠᠨ ᠵᠢᠯ ᠪᠣᠭᠣᠯᠴᠢᠯᠠᠭᠳᠠᠨᠠ᠂ ᠬᠠᠷᠢᠨ ᠳᠣᠯᠣᠳᠠᠬᠢ ᠵᠢᠯ ᠳᠡᠭᠡᠨ ᠲᠡᠷᠡ ᠶᠠᠭᠤ ᠴᠤ ᠲᠥᠯᠥᠯ ᠦᠭᠡᠢ ᠪᠠᠷ ᠴᠢᠯᠥᠭᠡᠯᠡᠭᠳᠡᠨ ᠶᠠᠪᠤᠬᠤ ᠤᠴᠢᠷᠲᠠᠢ᠃ 3 ᠲᠡᠷᠡ ᠭᠠᠭᠴᠠᠭᠠᠷ ᠢᠶᠠᠨ ᠢᠷᠡᠭᠰᠡᠨ ᠪᠣᠯ ᠭᠠᠭᠴᠠᠭᠠᠷ ᠢᠶᠠᠨ ᠶᠠᠪᠤᠨ᠎ᠠ᠃ ᠡᠬᠡᠨᠡᠷ ᠲᠡᠢ ᠢᠷᠡᠭᠰᠡᠨ ᠪᠣᠯ ᠡᠬᠡᠨᠡᠷ ᠨᠢ ᠲᠡᠭᠦᠨ ᠲᠡᠢ ᠬᠠᠮᠲᠤ ᠶᠠᠪᠤᠨ᠎ᠠ᠃ 4 ᠬᠡᠷᠪᠡ ᠡᠵᠡᠨ ᠨᠢ ᠲᠡᠭᠦᠨ ᠳᠦ ᠡᠬᠡᠨᠡᠷ ᠥᠭᠴᠦ᠂ ᠡᠬᠡᠨᠡᠷ ᠨᠢ ᠲᠡᠭᠦᠨ ᠳᠦ ᠬᠦᠦ ᠥᠬᠢᠨ ᠲᠥᠷᠥᠭᠦᠯᠦᠭᠰᠡᠨ ᠪᠣᠯ ᠡᠬᠡᠨᠡᠷ ᠬᠡᠦᠬᠡᠳ ᠤᠳ ᠨᠢ ᠡᠵᠡᠨ ᠦ ᠬᠢᠨᠢ ᠪᠣᠯᠬᠣᠷ ᠲᠡᠷᠡ ᠭᠠᠭᠴᠠᠭᠠᠷ ᠢᠶᠠᠨ ᠶᠠᠪᠤᠬᠤ ᠶᠣᠰᠣᠲᠠᠢ᠃ 5 ᠬᠡᠷᠪᠡ ᠲᠡᠷᠡ ᠪᠣᠭᠣᠯ 〈ᠪᠢ ᠡᠵᠡᠨ ᠳᠡᠭᠡᠨ ᠪᠣᠯᠣᠨ ᠡᠬᠡᠨᠡᠷ ᠬᠡᠦᠬᠡᠳ ᠤᠳ ᠲᠡᠭᠡᠨ ᠬᠠᠢᠷᠠᠲᠠᠢ ᠲᠤᠯᠠ ᠴᠢᠯᠥᠭᠡᠯᠡᠭᠳᠡᠵᠦ ᠶᠠᠪᠤᠬᠤ ᠳᠤᠷ᠎ᠠ ᠦᠭᠡᠢ〉 ᠭᠡᠵᠦ ᠪᠠᠲᠤᠲᠠᠢ ᠬᠡᠯᠡᠪᠡᠯ᠂ 6 ᠡᠵᠡᠨ ᠨᠢ ᠲᠡᠭᠦᠨ ᠢ ᠪᠤᠷᠬᠠᠨ ᠳᠤ 20 ᠠᠪᠴᠢᠷᠠᠵᠤ᠂ ᠬᠠᠭᠠᠯᠭ᠎ᠠ ᠪᠤᠶᠤ ᠬᠠᠲᠠᠪᠴᠢᠨ ᠤ ᠬᠠᠵᠠᠭᠤ ᠳᠤ ᠵᠣᠭᠰᠣᠭᠠᠨ᠂ ᠴᠢᠬᠢ ᠶᠢ ᠨᠢ ᠰᠢᠪᠥᠭᠡ ᠪᠡᠷ ᠴᠣᠭᠣᠯᠬᠤ ᠶᠣᠰᠣᠲᠠᠢ᠂ ᠲᠡᠭᠡᠪᠡᠯ ᠲᠡᠷᠡ ᠨᠠᠰᠤᠨ ᠲᠤᠷᠰᠢ ᠡᠵᠡᠨ ᠳᠡᠭᠡᠨ ᠵᠠᠷᠤᠭᠳᠠᠬᠤ ᠪᠣᠯᠣᠨ᠎ᠠ᠃
7 ᠬᠡᠷᠪᠡ ᠬᠥᠮᠦᠨ ᠥᠬᠢᠨ ᠢᠶᠠᠨ ᠰᠢᠪᠡᠭᠴᠢᠨ ᠪᠣᠯᠭᠠᠨ ᠬᠤᠳᠠᠯᠳᠤᠪᠠᠯ ᠲᠡᠷᠡ ᠨᠢ ᠡᠷᠡᠭᠲᠡᠢ ᠪᠣᠭᠣᠯ ᠰᠢᠭ᠋ ᠶᠠᠪᠤᠬᠤ ᠡᠷᠬᠡ ᠦᠭᠡᠢ᠃ 8 ᠡᠵᠡᠨ ᠨᠢ ᠲᠡᠭᠦᠨ ᠢ ᠡᠬᠡᠨᠡᠷ ᠢᠶᠡᠨ ᠪᠣᠯᠭᠠᠨ ᠠᠪᠤᠭᠰᠠᠨ ᠪᠣᠯᠪᠠᠴᠤ ᠦᠯᠦ ᠲᠠᠭᠠᠯᠠᠵᠤ ᠣᠢᠷᠠᠲᠤᠭᠰᠠᠨ ᠦᠭᠡᠢ ᠪᠣᠯ᠂ ᠲᠡᠭᠦᠨ ᠦ ᠵᠣᠯᠢᠨ ᠠᠪᠤᠭᠳᠠᠬᠤ ᠶᠢ ᠵᠥᠪᠰᠢᠶᠡᠷᠡᠬᠦ ᠶᠣᠰᠣᠲᠠᠢ᠃ ᠡᠵᠡᠨ ᠨᠢ ᠢᠲᠡᠭᠡᠮᠵᠢ ᠠᠯᠳᠠᠭᠰᠠᠨ ᠲᠤᠯᠠ ᠭᠠᠳᠠᠨ᠎ᠠ ᠶᠢᠨ ᠬᠥᠮᠦᠨ ᠳᠦ ᠬᠤᠳᠠᠯᠳᠤᠵᠤ ᠪᠣᠯᠬᠤ ᠦᠭᠡᠢ᠃ 9 ᠬᠡᠷᠪᠡ ᠲᠡᠷᠡ ᠰᠢᠪᠡᠭᠴᠢᠨ ᠢ ᠬᠦᠦ ᠳᠡᠭᠡᠨ ᠵᠣᠷᠢᠭᠤᠯᠵᠤ ᠠᠪᠤᠭᠰᠠᠨ ᠪᠣᠯ᠂ ᠲᠡᠭᠦᠨ ᠳᠦ ᠥᠪᠡᠷ ᠦᠨ ᠢᠶᠠᠨ ᠥᠬᠢᠨ ᠳᠤ ᠬᠠᠨᠳᠤᠬᠤ ᠮᠡᠲᠦ ᠪᠠᠢᠬᠤ ᠶᠣᠰᠣᠲᠠᠢ᠃ 10 ᠥᠪᠡᠷ ᠲᠡᠭᠡᠨ ᠥᠭᠡᠷ᠎ᠡ ᠡᠬᠡᠨᠡᠷ ᠠᠪᠤᠭᠰᠠᠨ ᠴᠤ ᠠᠩ᠋ᠬᠠᠨ ᠤ ᠡᠬᠡᠨᠡᠷ ᠦᠨ ᠢᠶᠠᠨ ᠬᠣᠭᠣᠯᠠ᠂ ᠬᠤᠪᠴᠠᠰᠤ ᠬᠢᠭᠡᠳ ᠲᠡᠭᠦᠨ ᠯᠦᠭᠡ ᠶᠢᠨ ᠡᠬᠡᠨᠡᠷ ᠨᠥᠬᠥᠷ ᠦᠨ ᠬᠠᠷᠢᠯᠴᠠᠭ᠎ᠠ ᠪᠠᠨ ᠴᠤ ᠪᠠᠭᠠᠰᠬᠠᠵᠤ ᠪᠣᠯᠬᠤ ᠦᠭᠡᠢ᠃ 11 ᠬᠡᠷᠪᠡ ᠲᠡᠷᠡ ᠡᠨᠡ ᠭᠤᠷᠪᠠᠨ ᠡᠭᠦᠷᠭᠡ ᠪᠡᠨ ᠪᠡᠶᠡᠯᠡᠭᠦᠯᠬᠦ ᠦᠭᠡᠢ ᠪᠣᠯ ᠠᠩ᠋ᠬᠠᠨ ᠤ ᠡᠬᠡᠨᠡᠷ ᠨᠢ ᠶᠠᠭᠤ ᠴᠤ ᠲᠥᠯᠥᠯ ᠦᠭᠡᠢ ᠪᠠᠷ ᠴᠢᠯᠥᠭᠡᠯᠡᠭᠳᠡᠨᠡ᠃
ᠠᠯᠠᠵᠤ ᠰᠢᠷᠬᠠᠲᠤᠭᠤᠯᠤᠭᠰᠠᠨ ᠤ ᠲᠤᠬᠠᠢ ᠵᠢᠷᠤᠮ
12 ᠬᠥᠮᠦᠨ ᠴᠣᠬᠢᠵᠤ ᠠᠯᠠᠭᠴᠢ ᠨᠢ ᠵᠠᠪᠠᠯ ᠠᠯᠠᠭᠤᠯᠬᠤ ᠶᠣᠰᠣᠲᠠᠢ᠃ 13 ᠭᠡᠪᠡᠴᠦ ᠵᠣᠷᠢᠭᠤᠳᠠ ᠶᠢᠨ ᠬᠡᠷᠡᠭ ᠪᠤᠰᠤ᠂ ᠪᠤᠷᠬᠠᠨ ᠤ ᠵᠥᠪᠰᠢᠶᠡᠷᠡᠭᠰᠡᠨ ᠲᠣᠬᠢᠶᠠᠯᠳᠤᠯ ᠪᠣᠯ ᠠᠯᠠᠭᠴᠢ ᠨᠢ ᠮᠢᠨᠦ ᠲᠣᠭᠲᠠᠭᠠᠭᠰᠠᠨ ᠭᠠᠵᠠᠷ ᠲᠤ ᠵᠢᠭᠤᠲᠠᠨ ᠣᠷᠣᠵᠤ ᠪᠣᠯᠣᠨ᠎ᠠ᠃ 14 ᠬᠠᠷᠢᠨ ᠤᠷᠢᠳᠤ ᠠᠴᠠ ᠲᠥᠯᠥᠪᠯᠡᠵᠦ᠂ ᠵᠠᠯᠢᠲᠤ ᠠᠷᠭ᠎ᠠ ᠪᠠᠷ ᠪᠤᠰᠤᠳ ᠢ ᠬᠥᠨᠥᠭᠡᠭᠴᠢ ᠶᠢ ᠲᠠᠬᠢᠯ ᠤᠨ ᠰᠢᠷᠡᠭᠡᠨ ᠡᠴᠡ ᠮᠢᠨᠢ ᠴᠤ ᠲᠠᠲᠠᠨ ᠠᠪᠴᠤ ᠠᠯᠠᠬᠤ ᠶᠣᠰᠣᠲᠠᠢ᠃
15 ᠡᠴᠢᠭᠡ ᠪᠤᠶᠤ ᠡᠬᠡ ᠪᠡᠨ ᠴᠣᠬᠢᠭᠴᠢ ᠨᠢ ᠵᠠᠪᠠᠯ ᠠᠯᠠᠭᠤᠯᠬᠤ ᠶᠣᠰᠣᠲᠠᠢ᠃
16 ᠬᠥᠮᠦᠨ ᠤᠤᠯᠭᠠᠯᠠᠭᠴᠢ ᠨᠢ ᠲᠡᠭᠦᠨ ᠢ ᠪᠠᠨ ᠬᠤᠳᠠᠯᠳᠤᠭᠰᠠᠨ ᠴᠤ᠂ ᠤᠤᠯᠭᠠᠯᠠᠵᠤ ᠠᠪᠴᠢᠷᠠᠭᠰᠠᠨ ᠬᠥᠮᠦᠨ ᠲᠡᠢ ᠪᠡᠨ ᠬᠠᠮᠲᠤ ᠪᠠᠢᠬᠤ ᠳᠠᠭᠠᠨ ᠣᠯᠳᠠᠭᠰᠠᠨ ᠴᠤ᠂ ᠤᠤᠯᠭᠠᠯᠠᠭᠴᠢ ᠶᠢ ᠵᠠᠪᠠᠯ ᠠᠯᠠᠬᠤ ᠶᠣᠰᠣᠲᠠᠢ᠃
17 ᠡᠴᠢᠭᠡ ᠪᠤᠶᠤ ᠡᠬᠡ ᠪᠡᠨ ᠮᠠᠭᠤᠯᠠᠭᠴᠢ ᠨᠢ ᠵᠠᠪᠠᠯ ᠠᠯᠠᠭᠤᠯᠬᠤ ᠶᠣᠰᠣᠲᠠᠢ᠃
18 ᠬᠥᠮᠦᠰ ᠬᠡᠷᠡᠭᠦᠯ ᠬᠢᠭᠡᠳ ᠨᠢᠭᠡ ᠨᠢ ᠨᠥᠭᠥᠭᠡ ᠪᠡᠨ ᠴᠢᠯᠠᠭᠤ ᠪᠤᠶᠤ ᠨᠢᠳᠤᠷᠭ᠎ᠠ ᠪᠠᠷ ᠢᠶᠠᠨ ᠴᠣᠬᠢᠬᠤ ᠳᠤ᠂ ᠨᠥᠭᠥᠭᠡ ᠨᠢ ᠦᠬᠦᠯ ᠦᠭᠡᠢ ᠬᠠᠷᠢᠨ ᠬᠡᠪᠲᠡᠷᠢ ᠳᠤ ᠣᠷᠣᠭᠠᠳ᠂ 19 ᠳᠠᠬᠢᠨ ᠪᠣᠰᠴᠤ᠂ ᠲᠠᠶᠠᠭ ᠲᠠᠢ ᠭᠠᠳᠠᠭᠤᠷ ᠶᠠᠪᠤᠵᠤ ᠴᠢᠳᠠᠪᠠᠯ ᠴᠣᠬᠢᠭᠰᠠᠨ ᠬᠥᠮᠦᠨ ᠨᠢ ᠰᠢᠳᠬᠡᠭᠳᠡᠬᠦ ᠦᠭᠡᠢ ᠶᠠᠪᠤᠬᠤ ᠪᠣᠯᠣᠨ᠎ᠠ᠃ ᠭᠡᠬᠦ ᠳᠡᠭᠡᠨ ᠨᠥᠭᠥᠭᠡ ᠬᠥᠮᠦᠨ ᠦ ᠬᠡᠪᠲᠡᠷᠢ ᠳᠤ ᠪᠠᠢᠬᠤ ᠳᠠᠭᠠᠨ ᠠᠯᠳᠠᠭᠰᠠᠨ ᠴᠠᠭ ᠬᠤᠭᠤᠴᠠᠭᠠᠨ ᠤ ᠬᠣᠬᠢᠷᠠᠯ ᠢ ᠨᠥᠬᠥᠨ ᠲᠥᠯᠥᠵᠦ᠂ ᠲᠡᠭᠦᠨ ᠢ ᠪᠦᠷᠢᠨ ᠡᠳᠡᠭᠡᠷᠡᠲᠡᠯ᠎ᠡ ᠠᠰᠠᠷᠠᠬᠤ ᠶᠣᠰᠣᠲᠠᠢ᠃
20 ᠬᠡᠷᠪᠡ ᠬᠥᠮᠦᠨ ᠪᠣᠭᠣᠯ ᠪᠤᠶᠤ ᠰᠢᠪᠡᠭᠴᠢᠨ ᠢᠶᠠᠨ ᠰᠢᠳᠠᠮ ᠢᠶᠠᠷ ᠴᠣᠬᠢᠵᠤ᠂ ᠪᠣᠭᠣᠯ ᠨᠢ ᠲᠡᠷᠡ ᠳᠣᠣᠷ᠎ᠠ ᠪᠠᠨ ᠦᠬᠦᠪᠡᠯ ᠡᠵᠡᠨ ᠨᠢ ᠵᠠᠪᠠᠯ ᠰᠢᠳᠬᠡᠭᠳᠡᠬᠦ ᠶᠣᠰᠣᠲᠠᠢ᠃ 21 ᠭᠡᠪᠡᠴᠦ ᠪᠣᠭᠣᠯ ᠨᠢ ᠨᠢᠭᠡ ᠬᠣᠶᠠᠷ ᠡᠳᠦᠷ ᠠᠮᠢᠳᠤ ᠪᠠᠢᠪᠠᠯ᠂ ᠡᠵᠡᠨ ᠨᠢ ᠰᠢᠳᠬᠡᠭᠳᠡᠬᠦ ᠦᠭᠡᠢ᠃ ᠤᠴᠢᠷ ᠨᠢ ᠲᠡᠷᠡ ᠡᠵᠡᠨ ᠦ ᠪᠠᠨ ᠥᠮᠴᠢ ᠶᠤᠮ᠃
22 ᠬᠡᠷᠪᠡ ᠬᠥᠮᠦᠰ ᠵᠣᠳᠣᠯᠳᠤᠵᠤ ᠪᠠᠢᠭᠠᠳ ᠵᠢᠷᠮᠦᠰᠦᠨ ᠡᠮᠡᠭᠲᠡᠢ ᠶᠢ ᠴᠣᠬᠢᠵᠤ ᠬᠡᠦᠬᠡᠳ ᠢ ᠨᠢ ᠤᠷᠤᠭ ᠤᠨᠠᠭᠠᠯᠭᠠᠭᠰᠠᠨ ᠠᠴᠠ ᠥᠭᠡᠷ᠎ᠡ ᠭᠡᠮᠲᠦᠯ ᠪᠠᠢᠬᠤ ᠦᠭᠡᠢ ᠪᠣᠯ᠂ ᠥᠨᠥᠬᠢ ᠡᠮᠡᠭᠲᠡᠢ ᠶᠢᠨ ᠨᠥᠬᠥᠷ ᠦᠨ ᠬᠢᠨᠢ ᠱᠠᠭᠠᠷᠳᠠᠭᠰᠠᠨ ᠢᠶᠠᠷ ᠰᠢᠭᠦᠭᠴᠢᠳ ᠤᠨ ᠵᠥᠪᠰᠢᠶᠡᠷᠡᠭᠰᠡᠨ ᠶᠣᠰᠣᠭᠠᠷ ᠴᠣᠬᠢᠭᠰᠠᠨ ᠬᠥᠮᠦᠨ ᠢ ᠵᠠᠪᠠᠯ ᠲᠣᠷᠭᠠᠬᠤ ᠶᠣᠰᠣᠲᠠᠢ᠃ 23 ᠭᠡᠪᠡᠴᠦ ᠭᠡᠮᠲᠦᠯ ᠣᠯᠳᠠᠬᠤ ᠲᠣᠬᠢᠶᠠᠯᠳᠤᠯ ᠳᠤ ᠠᠮᠢ ᠶᠢ ᠠᠮᠢ ᠪᠠᠷ᠂ 24 ᠨᠢᠳᠦ ᠶᠢ ᠨᠢᠳᠦ ᠪᠡᠷ᠂ ᠰᠢᠳᠦ ᠶᠢ ᠰᠢᠳᠦ ᠪᠡᠷ᠂ ᠭᠠᠷ ᠢ ᠭᠠᠷ ᠢᠶᠠᠷ᠂ ᠬᠥᠯ ᠢ ᠬᠥᠯ ᠢᠶᠡᠷ᠂ 25 ᠲᠦᠯᠡᠭᠳᠡᠯᠲᠡ ᠶᠢ ᠲᠦᠯᠡᠭᠳᠡᠯᠲᠡ ᠪᠡᠷ᠂ ᠰᠢᠷᠬ᠎ᠠ ᠶᠢ ᠰᠢᠷᠬ᠎ᠠ ᠪᠠᠷ᠂ ᠬᠥᠭᠡᠷᠦᠯᠲᠡ ᠶᠢ ᠬᠥᠭᠡᠷᠦᠯᠲᠡ ᠪᠡᠷ ᠲᠥᠯᠥᠬᠦ ᠶᠣᠰᠣᠲᠠᠢ᠃
26 ᠬᠡᠷᠪᠡ ᠬᠥᠮᠦᠨ ᠪᠣᠭᠣᠯ ᠪᠤᠶᠤ ᠰᠢᠪᠡᠭᠴᠢᠨ ᠤ ᠪᠠᠨ ᠨᠢᠳᠦ ᠶᠢ ᠴᠣᠬᠢᠵᠤ ᠰᠣᠬᠣᠯᠠᠪᠠᠯ ᠨᠢᠳᠦᠨ ᠦ ᠬᠢᠨᠢ ᠣᠷᠣᠨ ᠳᠤ ᠲᠡᠭᠦᠨ ᠢ ᠴᠢᠯᠥᠭᠡᠯᠡᠨ ᠶᠠᠪᠤᠭᠤᠯᠬᠤ ᠶᠣᠰᠣᠲᠠᠢ᠃ 27 ᠬᠡᠷᠪᠡ ᠪᠣᠭᠣᠯ ᠪᠤᠶᠤ ᠰᠢᠪᠡᠭᠴᠢᠨ ᠤ ᠪᠠᠨ ᠰᠢᠳᠦ ᠶᠢ ᠴᠣᠬᠢᠵᠤ ᠤᠨᠠᠭᠠᠪᠠᠯ ᠰᠢᠳᠦᠨ ᠦ ᠬᠢᠨᠢ ᠣᠷᠣᠨ ᠳᠤ ᠲᠡᠭᠦᠨ ᠢ ᠴᠢᠯᠥᠭᠡᠯᠡᠨ ᠶᠠᠪᠤᠭᠤᠯᠬᠤ ᠶᠣᠰᠣᠲᠠᠢ᠃
28 ᠬᠡᠷᠪᠡ ᠡᠷᠡᠭᠲᠡᠢ ᠪᠤᠶᠤ ᠡᠮᠡᠭᠲᠡᠢ ᠬᠥᠮᠦᠨ ᠢ ᠦᠬᠡᠷ ᠮᠥᠷᠭᠥᠵᠦ ᠠᠯᠠᠪᠠᠯ᠂ ᠲᠡᠷᠡ ᠦᠬᠡᠷ ᠤᠷᠤᠭᠤ ᠵᠠᠪᠠᠯ ᠴᠢᠯᠠᠭᠤ ᠰᠢᠳᠡᠵᠦ ᠠᠯᠠᠬᠤ ᠶᠣᠰᠣᠲᠠᠢ᠃ ᠮᠢᠬ᠎ᠠ ᠶᠢ ᠨᠢ ᠢᠳᠡᠵᠦ ᠪᠣᠯᠬᠤ ᠦᠭᠡᠢ᠃ ᠬᠠᠷᠢᠨ ᠦᠬᠡᠷ ᠦᠨ ᠡᠵᠡᠨ ᠨᠢ ᠰᠢᠳᠬᠡᠭᠳᠡᠬᠦ ᠦᠭᠡᠢ ᠪᠠᠷ ᠶᠠᠪᠤᠬᠤ ᠪᠣᠯᠣᠨ᠎ᠠ᠃ 29 ᠬᠡᠷᠪᠡ ᠦᠬᠡᠷ ᠤᠷᠢᠳᠤ ᠨᠢ ᠮᠥᠷᠭᠥᠳᠡᠭ ᠪᠠᠢᠭᠰᠠᠨ ᠪᠥᠭᠡᠳ ᠡᠵᠡᠨ ᠨᠢ ᠰᠠᠨᠠᠭᠤᠯᠭ᠎ᠠ ᠠᠪᠤᠭᠰᠠᠨ ᠪᠣᠯᠪᠠᠴᠤ ᠦᠬᠡᠷ ᠢᠶᠡᠨ ᠬᠠᠰᠢᠵᠤ ᠬᠣᠷᠢᠭ᠎ᠠ ᠦᠭᠡᠢ ᠡᠴᠡ ᠪᠣᠯᠵᠤ ᠡᠷᠡᠭᠲᠡᠢ ᠪᠤᠶᠤ ᠡᠮᠡᠭᠲᠡᠢ ᠬᠥᠮᠦᠨ ᠢ ᠮᠥᠷᠭᠥᠵᠦ ᠠᠯᠠᠪᠠᠯ᠂ ᠤᠭ ᠦᠬᠡᠷ ᠢ ᠴᠢᠯᠠᠭᠤ ᠪᠠᠷ ᠰᠢᠳᠡᠨ ᠠᠯᠠᠵᠤ᠂ ᠡᠵᠡᠨ ᠢ ᠨᠢ ᠴᠤ ᠠᠯᠠᠬᠤ ᠶᠣᠰᠣᠲᠠᠢ᠃ 30 ᠭᠡᠪᠡᠴᠦ ᠲᠡᠭᠦᠨ ᠦ ᠠᠮᠢ ᠶᠢᠨ ᠣᠷᠣᠨ ᠳᠤ ᠮᠥᠩᠭᠥᠨ ᠦ ᠲᠥᠯᠥᠭᠡᠰᠦ ᠱᠠᠭᠠᠷᠳᠠᠬᠤ ᠲᠣᠬᠢᠶᠠᠯᠳᠤᠯ ᠳᠤ᠂ ᠡᠵᠡᠨ ᠨᠢ ᠱᠠᠭᠠᠷᠳᠠᠭᠰᠠᠨ ᠶᠣᠰᠣᠭᠠᠷ ᠨᠢ ᠲᠥᠯᠥᠵᠦ ᠠᠮᠢ ᠪᠠᠨ ᠠᠪᠤᠷᠠᠵᠤ ᠪᠣᠯᠣᠨ᠎ᠠ᠃ 31 ᠦᠬᠡᠷ ᠨᠢ ᠬᠥᠪᠡᠭᠦᠨ ᠪᠤᠶᠤ ᠥᠬᠢᠨ ᠢ ᠮᠥᠷᠭᠥᠬᠦ ᠦᠶ᠎ᠡ ᠳᠦ ᠴᠤ ᠡᠨᠡ ᠵᠢᠷᠤᠮ ᠲᠡᠭᠦᠨ ᠳᠦ ᠬᠡᠷᠡᠭᠵᠢᠭᠦᠯᠦᠭᠳᠡᠨ᠎ᠡ᠃ 32 ᠬᠡᠷᠪᠡ ᠪᠣᠭᠣᠯ ᠪᠤᠶᠤ ᠰᠢᠪᠡᠭᠴᠢᠨ ᠢ ᠦᠬᠡᠷ ᠮᠥᠷᠭᠥᠪᠡᠯ ᠦᠬᠡᠷ ᠦᠨ ᠡᠵᠡᠨ ᠨᠢ ᠪᠣᠭᠣᠯ ᠤᠨ ᠡᠵᠡᠨ ᠳᠦ ᠭᠤᠴᠢᠨ ᠱᠧᠺᠧᠯ ᠮᠥᠩᠭᠥ ᠲᠥᠯᠥᠵᠦ ᠲᠡᠷᠡ ᠦᠬᠡᠷ ᠢ ᠴᠢᠯᠠᠭᠤ ᠪᠠᠷ ᠰᠢᠳᠡᠵᠦ ᠠᠯᠠᠬᠤ ᠶᠣᠰᠣᠲᠠᠢ᠃
33 ᠬᠡᠷᠪᠡ ᠬᠥᠮᠦᠨ ᠨᠦᠬᠡ ᠶᠢ ᠣᠩ᠋ᠭᠣᠷᠬᠠᠢ ᠣᠷᠬᠢᠵᠤ᠂ ᠡᠰᠡᠪᠡᠯ ᠨᠦᠬᠡ ᠤᠬᠤᠭᠠᠳ ᠪᠥᠭᠯᠡᠭᠡ ᠦᠭᠡᠢ ᠡᠴᠡ ᠪᠣᠯᠵᠤ ᠦᠬᠡᠷ ᠪᠤᠶᠤ ᠡᠯᠵᠢᠭᠡ ᠨᠦᠬᠡᠨ ᠳᠦᠨᠢ ᠤᠨᠠᠪᠠᠯ᠂ 34 ᠨᠦᠬᠡᠨ ᠦ ᠡᠵᠡᠨ ᠲᠥᠯᠥᠪᠥᠷᠢ ᠥᠭᠬᠦ ᠶᠣᠰᠣᠲᠠᠢ᠃ ᠲᠡᠷᠡ ᠮᠠᠯ ᠤᠨ ᠡᠵᠡᠨ ᠳᠦ ᠮᠥᠩᠭᠥ ᠥᠭᠴᠦ᠂ ᠦᠬᠦᠭᠰᠡᠨ ᠮᠠᠯ ᠢ ᠥᠪᠡᠷ ᠲᠡᠭᠡᠨ ᠠᠪᠤᠨ᠎ᠠ᠃
35 ᠬᠡᠷᠪᠡ ᠨᠢᠭᠡ ᠬᠥᠮᠦᠨ ᠦ ᠦᠬᠡᠷ ᠪᠤᠰᠤᠳ ᠤᠨ ᠦᠬᠡᠷ ᠢ ᠮᠥᠷᠭᠥᠵᠦ ᠠᠯᠠᠪᠠᠯ᠂ ᠲᠡᠳᠡ ᠬᠣᠶᠠᠭᠤᠯᠠ ᠠᠮᠢᠳᠤ ᠦᠬᠡᠷ ᠢ ᠬᠤᠳᠠᠯᠳᠤᠵᠤ᠂ ᠮᠥᠩᠭᠥ ᠶᠢ ᠨᠢ ᠬᠤᠪᠢᠶᠠᠵᠤ ᠠᠪᠬᠤ ᠪᠥᠭᠡᠳ ᠪᠠᠰᠠ ᠦᠬᠦᠭᠰᠡᠨ ᠦᠬᠡᠷ ᠢ ᠴᠤ ᠬᠤᠪᠢᠶᠠᠵᠤ ᠠᠪᠬᠤ ᠪᠣᠯᠣᠨ᠎ᠠ᠃ 36 ᠬᠡᠷᠪᠡ ᠲᠡᠷᠡ ᠦᠬᠡᠷ ᠤᠷᠢᠳᠤ ᠨᠢ ᠮᠥᠷᠭᠥᠳᠡᠭ ᠪᠠᠢᠭᠰᠠᠨ ᠪᠥᠭᠡᠳ ᠡᠵᠡᠨ ᠨᠢ ᠡᠭᠦᠨ ᠢ ᠮᠡᠳᠡᠭᠰᠡᠨ ᠴᠤ ᠦᠬᠡᠷ ᠢᠶᠡᠨ ᠬᠠᠰᠢᠵᠤ ᠬᠣᠷᠢᠭ᠎ᠠ ᠦᠭᠡᠢ ᠪᠣᠯ᠂ ᠲᠡᠷᠡ ᠪᠡᠷ ᠵᠠᠪᠠᠯ ᠠᠮᠢᠳᠤ ᠦᠬᠡᠷ ᠢᠶᠡᠷ ᠨᠥᠬᠥᠨ ᠲᠥᠯᠥᠵᠦ᠂ ᠬᠠᠷᠢᠨ ᠦᠬᠦᠭᠰᠡᠨ ᠦᠬᠡᠷ ᠢ ᠥᠪᠡᠷ ᠲᠡᠭᠡᠨ ᠠᠪᠤᠨ᠎ᠠ᠃