ᠭᠡᠲᠦᠯᠦᠯ ᠬᠣᠷᠢᠨ ᠳᠥᠷᠪᠡ
ᠭᠡᠷ᠎ᠡ ᠪᠠᠲᠤᠯᠠᠭᠳᠠᠭᠰᠠᠨ ᠨᠢ
1 ᠶᠣᠬᠣᠸᠠ ᠮᠣᠰᠧ ᠳᠤ᠄ 《ᠴᠢ ᠠᠷᠣᠨ᠂ ᠨᠠᠳᠠᠪ᠂ ᠠᠪᠢᠾᠦ᠋ ᠬᠢᠭᠡᠳ ᠢᠰᠷᠧᠯ ᠤᠨ ᠠᠬᠠᠮᠠᠳ ᠠᠴᠠ ᠳᠠᠯᠠᠨ ᠬᠥᠮᠦᠨ ᠦ ᠬᠠᠮᠲᠤ ᠨᠠᠳᠠ ᠥᠭᠡᠳᠡ ᠢᠷᠡᠵᠦ᠂ ᠠᠯᠤᠰ ᠠᠴᠠ ᠮᠥᠷᠭᠥ᠃ 2 ᠵᠥᠪᠬᠡᠨ ᠮᠣᠰᠧ ᠴᠢ ᠯᠠ ᠨᠠᠳᠠ ᠳᠤ ᠣᠢᠷᠠᠲᠤ᠃ ᠪᠤᠰᠤᠳ ᠨᠢ ᠣᠢᠷᠠᠲᠤᠵᠤ ᠪᠣᠯᠬᠤ ᠦᠭᠡᠢ᠃ ᠠᠷᠠᠳ ᠲᠦᠮᠡᠨ ᠴᠢᠮ᠎ᠠ ᠲᠠᠢ ᠬᠠᠮᠲᠤ ᠥᠭᠰᠥᠨ ᠢᠷᠡᠵᠦ ᠪᠣᠯᠬᠤ ᠦᠭᠡᠢ》 ᠭᠡᠵᠦ ᠠᠢᠯᠠᠳᠪᠠ᠃
3 ᠮᠣᠰᠧ ᠶᠠᠪᠤᠵᠤ᠂ ᠶᠣᠬᠣᠸᠠ ᠶᠢᠨ ᠪᠦᠬᠦ ᠦᠭᠡ᠂ ᠪᠦᠬᠦ ᠬᠠᠤᠯᠢ ᠶᠣᠰᠣ ᠶᠢ ᠠᠷᠠᠳ ᠲᠦᠮᠡᠨ ᠳᠦ ᠲᠠᠢᠯᠪᠤᠷᠢᠯᠠᠭᠰᠠᠨ ᠳᠤ᠂ ᠲᠡᠳᠡ ᠪᠦᠭᠦᠳᠡᠭᠡᠷ ᠢᠶᠡᠨ ᠨᠢᠭᠡ ᠳᠠᠭᠤ ᠪᠠᠷ᠄ 《ᠪᠢᠳᠡ ᠶᠣᠬᠣᠸᠠ ᠶᠢᠨ ᠠᠢᠯᠠᠳᠤᠭᠰᠠᠨ ᠪᠦᠬᠦ ᠦᠭᠡ ᠶᠢ ᠪᠡᠶᠡᠯᠡᠭᠦᠯᠦᠨ᠎ᠡ》 ᠭᠡᠵᠦ ᠬᠠᠷᠢᠭᠤᠯᠵᠠᠭᠠᠪᠠ᠃ 4 ᠮᠣᠰᠧ ᠶᠣᠬᠣᠸᠠ ᠶᠢᠨ ᠪᠦᠬᠦ ᠦᠭᠡ ᠶᠢ ᠪᠢᠴᠢᠨ ᠠᠪᠤᠭᠰᠠᠨ ᠪᠠᠢᠨ᠎ᠠ᠃ ᠲᠡᠷᠡ ᠥᠷᠯᠥᠭᠡ ᠡᠷᠲᠡ ᠪᠣᠰᠣᠭᠠᠳ ᠠᠭᠤᠯᠠ ᠶᠢᠨ ᠪᠡᠯ ᠳᠦ ᠲᠠᠬᠢᠯ ᠤᠨ ᠰᠢᠷᠡᠭᠡ ᠪᠠᠷᠢᠵᠤ᠂ ᠢᠰᠷᠧᠯ ᠤᠨ ᠠᠷᠪᠠᠨ ᠬᠣᠶᠠᠷ ᠣᠪᠣᠭ ᠤᠨ ᠳᠠᠭᠠᠤ ᠠᠷᠪᠠᠨ ᠬᠣᠶᠠᠷ ᠴᠢᠯᠠᠭᠤᠨ ᠪᠠᠭᠠᠨ᠎ᠠ ᠪᠣᠰᠬᠠᠯ᠎ᠠ᠃ 5 ᠲᠡᠭᠡᠭᠡᠳ ᠲᠡᠷᠡ ᠢᠰᠷᠧᠯᠴᠦᠳ ᠦᠨ ᠳᠤᠮᠳᠠ ᠠᠴᠠ ᠵᠠᠯᠠᠭᠤᠰ ᠢ ᠶᠠᠪᠤᠭᠤᠯᠤᠭᠰᠠᠨ ᠳᠤ᠂ ᠲᠡᠳᠡ ᠶᠣᠬᠣᠸᠠ ᠳᠤ ᠰᠢᠲᠠᠭᠠᠯᠭᠠᠲᠤ ᠲᠠᠬᠢᠯ ᠡᠷᠭᠦᠨ᠂ ᠪᠠᠰᠠ ᠵᠠᠯᠠᠭᠤ ᠪᠤᠬ᠎ᠠ ᠨᠤᠭᠤᠳ ᠢᠶᠠᠷ ᠡᠪ ᠦᠨ ᠲᠠᠬᠢᠯ ᠡᠷᠭᠦᠵᠡᠢ᠃ 6 ᠮᠣᠰᠧ ᠴᠢᠰᠤᠨ ᠤ ᠬᠠᠭᠠᠰ ᠢ ᠨᠢ ᠠᠪᠤᠨ ᠰᠠᠪᠠ ᠨᠤᠭᠤᠳ ᠲᠤ ᠬᠢᠵᠦ᠂ ᠬᠠᠭᠠᠰ ᠢ ᠨᠢ ᠲᠠᠬᠢᠯ ᠤᠨ ᠰᠢᠷᠡᠭᠡᠨ ᠳᠡᠭᠡᠭᠦᠷ ᠰᠠᠴᠤᠪᠠ᠃ 7 ᠲᠡᠭᠡᠭᠡᠳ ᠲᠡᠷᠡ ᠭᠡᠷ᠎ᠡ ᠶᠢᠨ ᠪᠢᠴᠢᠭ ᠢ ᠠᠪᠴᠤ᠂ ᠠᠷᠠᠳ ᠲᠦᠮᠡᠨ ᠳᠦ ᠤᠩ᠋ᠰᠢᠵᠤ ᠰᠣᠨᠣᠰᠬᠠᠭᠰᠠᠨ ᠳᠤ᠂ ᠲᠡᠳᠡ᠄ 《ᠪᠢᠳᠡ ᠶᠣᠬᠣᠸᠠ ᠶᠢᠨ ᠠᠢᠯᠠᠳᠤᠭᠰᠠᠨ ᠪᠦᠭᠦᠳᠡ ᠶᠢ ᠪᠡᠶᠡᠯᠡᠭᠦᠯᠵᠦ᠂ ᠳᠠᠭᠠᠨ᠎ᠠ》 ᠭᠡᠵᠡᠭᠡᠪᠡ᠃ 8 ᠮᠣᠰᠧ ᠴᠢᠰᠤ ᠶᠢ ᠠᠪᠴᠤ᠂ ᠠᠷᠠᠳ ᠲᠦᠮᠡᠨ ᠦ ᠳᠡᠭᠡᠭᠦᠷ ᠰᠠᠴᠤᠨ᠄ 《ᠡᠨᠡ ᠴᠢᠰᠤ ᠪᠣᠯ ᠡᠳᠡᠭᠡᠷ ᠪᠦᠬᠦ ᠦᠭᠡ ᠶᠢᠨ ᠳᠠᠭᠠᠤ ᠶᠣᠬᠣᠸᠠ ᠶᠢᠨ ᠲᠠ ᠨᠠᠷ ᠲᠠᠢ ᠪᠠᠢᠭᠤᠯᠤᠭᠰᠠᠨ ᠭᠡᠷ᠎ᠡ ᠶᠢᠨ ᠪᠠᠲᠤᠯᠠᠭ᠎ᠠ ᠶᠤᠮ》 ᠭᠡᠪᠡ᠃
9 ᠮᠣᠰᠧ ᠠᠷᠣᠨ ᠬᠣᠶᠠᠷ᠂ ᠨᠠᠳᠠᠪ ᠠᠪᠢᠾᠦ᠋ ᠬᠣᠶᠠᠷ ᠬᠢᠭᠡᠳ ᠢᠰᠷᠧᠯ ᠤᠨ ᠳᠠᠯᠠᠨ ᠠᠬᠠᠯᠠᠭᠴᠢ ᠳᠡᠭᠡᠭᠰᠢ ᠪᠠᠨ ᠭᠠᠷᠴᠤ᠂ 10 ᠢᠰᠷᠧᠯ ᠤᠨ ᠪᠤᠷᠬᠠᠨ ᠢ ᠦᠵᠡᠪᠡ᠃ ᠬᠥᠯ ᠦᠨ ᠬᠢᠨᠢ ᠳᠣᠣᠷᠠᠬᠢ ᠨᠢ ᠢᠨᠳᠠᠷᠨᠢᠯᠠ ᠪᠠᠷ ᠳᠡᠪᠢᠰᠦᠭᠰᠡᠨ ᠰᠢᠭ᠂ ᠲᠩᠷᠢ ᠰᠢᠭ ᠴᠡᠯᠮᠡᠭ ᠪᠠᠢᠯ᠎ᠠ᠃ 11 ᠪᠤᠷᠬᠠᠨ ᠤ ᠮᠤᠲᠤᠷ ᠢᠰᠷᠧᠯᠴᠦᠳ ᠦᠨ ᠤᠳᠤᠷᠢᠳᠤᠭᠴᠢᠳ ᠢ ᠴᠣᠬᠢᠭᠰᠠᠨ ᠦᠭᠡᠢ᠂ ᠲᠡᠳᠡ ᠪᠤᠷᠬᠠᠨ ᠢ ᠬᠠᠷᠠᠵᠠᠭᠠᠵᠤ᠂ ᠪᠠᠰᠠ ᠢᠳᠡᠵᠦ ᠤᠤᠭᠤᠵᠠᠭᠠᠭᠰᠠᠨ ᠪᠠᠢᠯ᠎ᠠ᠃
12 ᠶᠣᠬᠣᠸᠠ ᠮᠣᠰᠧ ᠳᠤ᠄ 《ᠴᠢ ᠠᠭᠤᠯᠠᠨ ᠳᠤ ᠭᠠᠷᠴᠤ ᠨᠠᠳᠠ ᠤᠷᠤᠭᠤ ᠢᠷᠡᠭᠡᠳ᠂ ᠡ᠊ᠨᠳᠡ ᠪᠠᠢ᠃ ᠲᠡᠳᠡᠨ ᠢ ᠰᠤᠷᠭᠠᠬᠤ ᠬᠠᠤᠯᠢ᠂ ᠲᠤᠰᠢᠶᠠᠯ ᠢ ᠪᠢᠴᠢᠭᠰᠡᠨ ᠴᠢᠯᠠᠭᠤᠨ ᠬᠠᠪᠲᠠᠰᠤ ᠪᠠᠨ ᠪᠢ ᠴᠢᠮ᠎ᠠ ᠳᠤ ᠥᠭᠭᠥᠶ᠎ᠡ》 ᠭᠡᠵᠦ ᠠᠢᠯᠠᠳᠤᠭᠰᠠᠨ ᠳᠤ᠂ 13 ᠮᠣᠰᠧ ᠲᠤᠰᠠᠯᠠᠭᠴᠢ ᠶᠣᠱᠦ᠋ᠶ᠎ᠠ ᠲᠠᠢ ᠪᠠᠨ ᠬᠠᠮᠲᠤ ᠬᠥᠳᠡᠯᠵᠦ᠂ ᠪᠤᠷᠬᠠᠨ ᠤ ᠠᠭᠤᠯᠠᠨ ᠳᠤ ᠭᠠᠷᠤᠯ᠎ᠠ᠃ 14 ᠲᠡᠷᠡ ᠠᠬᠠᠯᠠᠭᠴᠢᠳ ᠲᠤ᠄ 《ᠪᠢᠳᠡ ᠬᠣᠶᠠᠷ ᠪᠤᠴᠠᠵᠤ ᠢᠷᠡᠲᠡᠯ᠎ᠡ ᠲᠠ ᠨᠠᠷ ᠡ᠊ᠨᠳᠡ ᠪᠠᠢᠵᠤ ᠪᠠᠢᠭᠠᠷᠠᠢ᠃ ᠬᠠᠷ᠎ᠠ᠂ ᠠᠷᠣᠨ᠂ ᠾᠦᠷ ᠨᠠᠷ ᠲᠠ ᠨᠠᠷ ᠲᠠᠢ ᠬᠠᠮᠲᠤ ᠪᠠᠢᠨ᠎ᠠ︕ ᠬᠡᠷᠡᠭ ᠵᠠᠷᠭᠤ ᠲᠠᠢ ᠬᠥᠮᠦᠨ ᠲᠡᠳᠡᠨ ᠳᠦ ᠣᠴᠢᠭᠠᠷᠠᠢ》 ᠭᠡᠪᠡ᠃
15 ᠮᠣᠰᠧ ᠠᠭᠤᠯᠠᠨ ᠳᠤ ᠭᠠᠷᠤᠭᠰᠠᠨ ᠳᠤ᠂ ᠠᠭᠤᠯᠠ ᠶᠢ ᠡᠭᠦᠯᠡ ᠪᠦᠷᠬᠦᠵᠦ᠂ 16 ᠶᠣᠬᠣᠸᠠ ᠶᠢᠨ ᠴᠣᠭ ᠵᠢᠪᠬᠤᠯᠠᠩ ᠰᠢᠨᠠᠢ ᠠᠭᠤᠯᠠᠨ ᠳᠡᠭᠡᠷ᠎ᠡ ᠲᠣᠭᠲᠠᠭᠰᠠᠨ ᠪᠠᠢᠯ᠎ᠠ᠃ ᠠᠭᠤᠯᠠ ᠶᠢ ᠵᠢᠷᠭᠤᠭᠠᠨ ᠡᠳᠦᠷ ᠦᠨ ᠲᠤᠷᠰᠢ ᠡᠭᠦᠯᠡ ᠪᠦᠷᠬᠦᠵᠦ᠂ ᠳᠣᠯᠣᠳᠠᠬᠢ ᠡᠳᠦᠷ ᠶᠣᠬᠣᠸᠠ ᠡᠭᠦᠯᠡᠨ ᠳᠤᠮᠳᠠ ᠠᠴᠠ ᠮᠣᠰᠧ ᠶᠢ ᠳᠠᠭᠤᠳᠠᠪᠠ᠃ 17 ᠢᠰᠷᠧᠯᠴᠦᠳ ᠦᠨ ᠨᠢᠳᠦᠨ ᠳᠦ ᠶᠣᠬᠣᠸᠠ ᠶᠢᠨ ᠴᠣᠭ ᠵᠢᠪᠬᠤᠯᠠᠩ ᠨᠢ ᠠᠭᠤᠯᠠ ᠶᠢᠨ ᠣᠷᠣᠢ ᠳᠡᠭᠡᠷ᠎ᠡ ᠳᠦᠷᠡᠯᠵᠡᠨ ᠪᠤᠢ ᠭᠠᠯ ᠮᠡᠲᠦ ᠬᠠᠷᠠᠭᠳᠠᠪᠠ᠃ 18 ᠮᠣᠰᠧ ᠡᠭᠦᠯᠡᠨ ᠳᠤᠮᠳᠠ ᠣᠷᠣᠭᠠᠳ ᠠᠭᠤᠯᠠᠨ ᠳᠤ ᠭᠠᠷᠴᠤ᠂ ᠠᠭᠤᠯᠠᠨ ᠳᠡᠭᠡᠷ᠎ᠡ ᠳᠥᠴᠢᠨ ᠡᠳᠦᠷ ᠳᠥᠴᠢᠨ ᠰᠥᠨᠢ ᠪᠠᠢᠯ᠎ᠠ᠃