1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠬᠣᠶᠠᠷ
 ᠮᠣᠰᠧ ᠲᠥᠷᠥᠪᠡ

1 ᠯᠧᠸᠢ ᠣᠪᠣᠭ ᠤᠨ ᠨᠢᠭᠡᠨ ᠬᠥᠮᠦᠨ ᠯᠧᠸᠢ ᠣᠪᠣᠭ ᠤᠨ ᠥᠬᠢᠨ ᠢ ᠡᠬᠡᠨᠡᠷ ᠪᠣᠯᠭᠠᠨ ᠠᠪᠤᠭᠰᠠᠨ ᠪᠠᠢᠨ᠎ᠠ᠃ 2 ᠲᠡᠷᠡ ᠡᠮᠡᠭᠲᠡᠢ ᠵᠢᠷᠮᠦᠰᠦᠯᠡᠵᠦ ᠬᠦᠦ ᠲᠥᠷᠥᠭᠦᠯᠪᠡ᠃ ᠬᠦᠦ ᠪᠡᠨ ᠬᠠᠷᠠᠬᠤ ᠳᠤ᠂ ᠣᠨᠴᠠᠭᠠᠢ ᠰᠠᠢᠬᠠᠨ ᠪᠠᠢᠯ᠎ᠠ᠃ ᠲᠡᠷᠡ ᠪᠡᠷ ᠲᠡᠭᠦᠨ ᠢ ᠭᠤᠷᠪᠠᠨ ᠰᠠᠷ᠎ᠠ ᠨᠢᠭᠤᠵᠠᠢ᠃ 3 ᠭᠡᠪᠡᠴᠦ ᠲᠡᠭᠦᠨ ᠢ ᠴᠢᠨᠠᠭᠰᠢᠳᠠ ᠨᠢᠭᠤᠵᠤ ᠴᠢᠳᠠᠬᠤ ᠦᠭᠡᠢ ᠪᠣᠯᠬᠤ ᠳᠠᠭᠠᠨ ᠵᠡᠭᠡᠰᠦᠨ ᠰᠠᠭᠰᠤ ᠠᠪᠴᠤ᠂ ᠳᠠᠪᠠᠷᠬᠠᠢ ᠪᠣᠯᠣᠨ ᠴᠠᠷᠳᠠᠰᠤ ᠪᠠᠷ ᠰᠢᠪᠠᠭᠠᠳ ᠳᠣᠲᠣᠷ᠎ᠠ ᠨᠢ ᠬᠡᠦᠬᠡᠳ ᠢᠶᠡᠨ ᠬᠢᠵᠦ᠂ ᠨᠢᠯ ᠮᠥᠷᠡᠨ ᠦ ᠬᠥᠪᠡᠭᠡᠨ ᠦ ᠵᠡᠭᠡᠰᠦᠨ ᠳᠤᠮᠳᠠ ᠲᠠᠯᠪᠢᠪᠠ᠃ 4 ᠡᠭᠡᠴᠢ ᠨᠢ ᠲᠡᠷᠡ ᠬᠦᠦ ᠳᠦ ᠶᠠᠭᠤ ᠲᠣᠬᠢᠶᠠᠯᠳᠤᠬᠤ ᠶᠢ ᠮᠡᠳᠡᠬᠦ ᠭᠡᠵᠦ ᠵᠠᠢᠳᠠᠭᠤᠬᠠᠨ ᠵᠣᠭᠰᠣᠵᠤ ᠪᠠᠢᠯ᠎ᠠ᠃

5 ᠲᠡᠷᠡ ᠦᠶ᠎ᠡ ᠳᠦ ᠹᠠᠷᠠᠣ᠋ ᠶᠢᠨ ᠥᠬᠢᠨ ᠤᠰᠤᠨ ᠳᠤ ᠣᠷᠣᠬᠤ ᠪᠠᠷ ᠮᠥᠷᠡᠨ ᠤᠷᠤᠭᠤ ᠢᠷᠡᠵᠡᠢ᠃ ᠰᠢᠪᠡᠭᠴᠢᠳ ᠨᠢ ᠮᠥᠷᠡᠨ ᠦ ᠬᠥᠪᠡᠭᠡ ᠪᠡᠷ ᠶᠠᠪᠤᠵᠠᠭᠠᠵᠤ ᠪᠠᠢᠯ᠎ᠠ᠃ ᠲᠡᠷᠡ ᠡᠮᠡᠭᠲᠡᠢ ᠵᠡᠭᠡᠰᠦᠨ ᠳᠤᠮᠳᠠ ᠪᠠᠢᠭ᠎ᠠ ᠰᠠᠭᠰᠤ ᠶᠢ ᠬᠠᠷᠠᠭᠠᠳ᠂ ᠰᠢᠪᠡᠭᠴᠢᠨ ᠢᠶᠠᠨ ᠢᠯᠡᠭᠡᠵᠦ ᠲᠡᠭᠦᠨ ᠢ ᠠᠪᠴᠢᠷᠠᠭᠤᠯᠪᠠ᠃ 6 ᠲᠡᠷᠡ ᠨᠡᠭᠡᠭᠡᠭᠡᠳ ᠬᠡᠦᠬᠡᠳ ᠢ ᠬᠠᠷᠠᠪᠠ᠂ ᠨᠢᠭᠡᠨ ᠨᠢᠯᠬ᠎ᠠ ᠬᠦᠦ ᠤᠬᠢᠯᠠᠵᠤ ᠪᠠᠢᠯ᠎ᠠ︕ ᠲᠡᠷᠡ ᠡᠮᠡᠭᠲᠡᠢ ᠲᠡᠭᠦᠨ ᠢ ᠥᠷᠥ ᠡᠪᠡᠳᠦᠨ᠄ 《ᠡᠨᠡ ᠴᠢᠨᠢ ᠢᠪᠷᠠᠢ ᠬᠥᠮᠦᠨ ᠦ ᠬᠡᠦᠬᠡᠳ ᠪᠠᠢᠨ᠎ᠠ ᠳᠠ》 ᠭᠡᠪᠡ᠃ 7 ᠬᠦᠦ ᠶᠢᠨ ᠡᠭᠡᠴᠢ ᠢᠷᠡᠭᠡᠳ ᠹᠠᠷᠠᠣ᠋ ᠶᠢᠨ ᠥᠬᠢᠨ ᠳᠤ᠄ 《ᠪᠢ ᠢᠪᠷᠠᠢ ᠡᠮᠡᠭᠲᠡᠢᠴᠦᠳ ᠦᠨ ᠳᠤᠮᠳᠠ ᠠᠴᠠ ᠡᠨᠡ ᠬᠡᠦᠬᠡᠳ ᠢ ᠬᠥᠬᠥᠭᠦᠯᠬᠦ ᠬᠥᠮᠦᠨ ᠢ ᠲᠠᠨ ᠳᠤ ᠣᠯᠵᠤ ᠥᠭᠬᠦ ᠤᠤ︖》 ᠭᠡᠰᠡᠨ ᠳᠦ᠂ 8 ᠹᠠᠷᠠᠣ᠋ ᠶᠢᠨ ᠥᠬᠢᠨ᠄ 《ᠲᠡᠭᠡ》 ᠭᠡᠯ᠎ᠡ᠃ ᠲᠡᠷᠡ ᠥᠬᠢᠨ ᠶᠠᠪᠤᠵᠤ᠂ ᠥᠨᠥᠬᠢ ᠬᠡᠦᠬᠡᠳ ᠦᠨ ᠡᠬᠡ ᠶᠢ ᠠᠪᠴᠢᠷᠠᠯ᠎ᠠ᠃ 9 ᠹᠠᠷᠠᠣ᠋ ᠶᠢᠨ ᠥᠬᠢᠨ ᠲᠡᠭᠦᠨ ᠳᠦ᠄ 《ᠡᠨᠡ ᠬᠡᠦᠬᠡᠳ ᠢ ᠠᠪᠠᠴᠢᠵᠤ᠂ ᠮᠢᠨᠦ ᠣᠷᠣᠨ ᠳᠤ ᠬᠥᠬᠥᠭᠦᠯᠵᠦ ᠥᠭ᠂ ᠪᠢ ᠴᠢᠮ᠎ᠠ ᠳᠤ ᠬᠥᠯᠥᠰᠥ ᠶᠢ ᠨᠢ ᠥᠭᠭᠥᠶ᠎ᠡ》 ᠭᠡᠪᠡ᠃ ᠡᠢᠨ ᠬᠦ ᠲᠡᠷᠡ ᠡᠮᠡᠭᠲᠡᠢ ᠬᠡᠦᠬᠡᠳ ᠢ ᠠᠪᠠᠴᠢᠵᠤ ᠬᠥᠬᠥᠭᠦᠯᠦᠭᠰᠡᠨ ᠪᠠᠢᠨ᠎ᠠ᠃ 10 ᠬᠡᠦᠬᠡᠳ ᠲᠣᠮᠣ ᠪᠣᠯᠣᠭᠰᠠᠨ ᠤ ᠳᠠᠷᠠᠭ᠎ᠠ᠂ ᠲᠡᠷᠡ ᠡᠮᠡᠭᠲᠡᠢ ᠬᠦᠦ ᠶᠢ ᠳᠠᠭᠠᠭᠤᠯᠵᠤ ᠣᠴᠢᠬᠤ ᠳᠤᠨᠢ ᠹᠠᠷᠠᠣ᠋ ᠶᠢᠨ ᠥᠬᠢᠨ ᠲᠡᠭᠦᠨ ᠢ ᠬᠦᠦ ᠪᠡᠨ ᠪᠣᠯᠭᠠᠨ ᠠᠪᠴᠤ᠂ 《ᠪᠢ ᠲᠡᠭᠦᠨ ᠢ ᠤᠰᠤᠨ ᠠᠴᠠ ᠭᠠᠷᠭᠠᠵᠤ ᠠᠪᠤᠭᠰᠠᠨ》 ᠭᠡᠳ ᠮᠣᠰᠧ 2 ᠭᠡᠵᠦ ᠨᠡᠷᠡᠯᠡᠪᠡ᠃
 ᠮᠣᠰᠧ ᠵᠢᠭᠤᠲᠠᠪᠠ

11 ᠮᠣᠰᠧ ᠨᠠᠰᠤᠨ ᠳᠤ ᠬᠦᠷᠦᠭᠰᠡᠨ ᠦ ᠳᠠᠷᠠᠭ᠎ᠠ᠂ ᠨᠢᠭᠡᠨ ᠡᠳᠦᠷ ᠭᠠᠷᠴᠤ ᠥᠪᠡᠷ ᠦᠨ ᠢᠶᠠᠨ ᠠᠬ᠎ᠠ ᠳᠡᠭᠦᠦ ᠨᠠᠷ ᠤᠷᠤᠭᠤ ᠣᠴᠢᠭᠠᠳ ᠲᠡᠳᠡᠨ ᠦ ᠬᠦᠨᠳᠦ ᠬᠥᠳᠡᠯᠮᠦᠷᠢ ᠶᠢ ᠬᠠᠷᠠᠵᠠᠢ᠃ ᠲᠡᠨᠳᠡ ᠨᠢᠭᠡᠨ ᠶᠧᠵᠢᠫᠲ ᠬᠥᠮᠦᠨ ᠥᠪᠡᠷ ᠦᠨ ᠬᠢᠨᠢ ᠠᠬ᠎ᠠ ᠳᠡᠭᠦᠦ ᠪᠣᠯᠬᠤ ᠢᠪᠷᠠᠢ ᠬᠥᠮᠦᠨ ᠢ ᠵᠣᠳᠣᠵᠤ ᠪᠠᠢᠯ᠎ᠠ᠃ 12 ᠮᠣᠰᠧ ᠡᠰᠢ ᠲᠡᠰᠢ ᠠᠵᠢᠵᠤ᠂ ᠬᠥᠮᠦᠨ ᠦᠭᠡᠢ ᠪᠠᠢᠬᠤ ᠶᠢ ᠬᠠᠷᠠᠭᠠᠳ ᠥᠨᠥᠬᠢ ᠶᠧᠵᠢᠫᠲ ᠬᠥᠮᠦᠨ ᠢ ᠠᠯᠠᠵᠤ᠂ ᠡᠯᠡᠰᠦᠨ ᠳᠦ ᠨᠢᠭᠤᠪᠠ᠃ 13 ᠳᠠᠷᠠᠭ᠎ᠠ ᠡᠳᠦᠷ ᠨᠢ ᠳᠠᠬᠢᠨ ᠣᠴᠢᠬᠤ ᠳᠤ᠂ ᠬᠣᠶᠠᠷ ᠢᠪᠷᠠᠢ ᠬᠥᠮᠦᠨ ᠵᠣᠳᠣᠯᠳᠤᠵᠤ ᠪᠠᠢᠪᠠ︕ ᠲᠡᠷᠡ ᠪᠡᠷ ᠪᠤᠷᠤᠭᠤᠲᠠᠨ ᠳᠤ᠄ 《ᠴᠢ ᠶᠠᠭᠤᠨ ᠳᠤ ᠢᠪᠷᠠᠢ ᠨᠠᠢᠵᠠ ᠪᠠᠨ ᠵᠣᠳᠣᠵᠤ ᠪᠠᠢᠨ᠎ᠠ ᠪᠤᠢ︖》 ᠭᠡᠰᠡᠨ ᠳᠦ᠂ 14 ᠨᠥᠭᠥᠭᠡ ᠬᠥᠮᠦᠨ᠄ 《ᠬᠡᠨ ᠴᠢᠮᠠᠶᠢ ᠪᠢᠳᠡᠨ ᠢ ᠵᠠᠬᠢᠷᠬᠤ᠂ ᠰᠢᠭᠦᠬᠦ ᠬᠥᠮᠦᠨ ᠪᠣᠯᠭᠠᠭᠰᠠᠨ ᠪᠤᠢ︖ ᠴᠢ ᠶᠧᠵᠢᠫᠲ ᠬᠥᠮᠦᠨ ᠢ ᠠᠯᠠᠭᠰᠠᠨ ᠰᠢᠭ᠋ ᠢᠶᠠᠨ ᠨᠠᠮᠠᠶᠢ ᠪᠠᠰᠠ ᠠᠯᠠᠬᠤ ᠨᠢ ᠤᠤ︖》 ᠭᠡᠰᠡᠨ ᠳᠦ᠂ ᠮᠣᠰᠧ ᠠᠶᠤᠵᠤ᠄ 《ᠬᠡᠷᠡᠭ ᠮᠠᠨᠢ ᠯᠡᠪᠡᠷᠡᠭᠰᠡᠨ ᠶᠤᠮ ᠪᠠᠢᠨ᠎ᠠ︕》 ᠭᠡᠵᠦ ᠪᠣᠳᠣᠵᠠᠢ᠃ 15 ᠹᠠᠷᠠᠣ᠋ ᠡᠨᠡ ᠬᠡᠷᠡᠭ ᠢ ᠰᠣᠨᠣᠰᠣᠭᠠᠳ᠂ ᠮᠣᠰᠧ ᠶᠢ ᠠᠯᠠᠬᠤ ᠪᠠᠷ ᠬᠠᠢᠪᠠ᠃ ᠬᠠᠷᠢᠨ ᠮᠣᠰᠧ ᠹᠠᠷᠠᠣ᠋ ᠶᠢᠨ ᠨᠢᠳᠦᠨ ᠡᠴᠡ ᠵᠢᠭᠤᠲᠠᠵᠤ᠂ ᠮᠢᠳᠢᠶᠠᠨ ᠭᠠᠵᠠᠷ ᠲᠤ ᠠᠮᠢᠳᠤᠷᠠᠭᠰᠠᠨ ᠪᠠᠢᠨ᠎ᠠ᠃ ᠨᠢᠭᠡᠨ ᠡᠳᠦᠷ ᠲᠡᠷᠡ ᠬᠤᠳᠳᠤᠭ ᠤᠨ ᠳᠡᠷᠭᠡᠳᠡ ᠰᠠᠭᠤᠵᠤ ᠪᠠᠢᠯ᠎ᠠ᠃

16 ᠮᠢᠳᠢᠶᠠᠨ ᠤ ᠨᠢᠭᠡ ᠲᠠᠬᠢᠯᠴᠢ ᠳᠤ ᠳᠣᠯᠣᠭᠠᠨ ᠥᠬᠢᠨ ᠲᠠᠢ ᠪᠠᠢᠵᠠᠢ᠃ ᠲᠡᠳᠡ ᠢᠷᠡᠭᠡᠳ ᠤᠰᠤ ᠲᠠᠲᠠᠵᠤ᠂ ᠣᠩ᠋ᠭᠣᠴᠠ ᠨᠤᠭᠤᠳ ᠢ ᠳᠦᠭᠦᠷᠭᠡᠨ ᠡᠴᠢᠭᠡ ᠶᠢᠨ ᠢᠶᠠᠨ ᠬᠣᠨᠢᠨ ᠰᠦᠷᠦᠭ ᠢ ᠤᠰᠤᠯᠠᠬᠤ ᠭᠡᠵᠦ ᠪᠠᠢᠪᠠ᠃ 17 ᠬᠠᠷᠢᠨ ᠥᠭᠡᠷ᠎ᠡ ᠬᠣᠨᠢᠴᠢᠳ ᠢᠷᠡᠭᠡᠳ ᠲᠡᠳᠡᠨ ᠢ ᠬᠥᠭᠡᠭᠡᠭᠰᠡᠨ ᠳᠦ᠂ ᠮᠣᠰᠧ ᠪᠣᠰᠴᠤ᠂ ᠥᠬᠢᠳ ᠢ ᠥᠮᠥᠭᠯᠡᠵᠦ ᠬᠣᠨᠢᠳ ᠢ ᠨᠢ ᠤᠰᠤᠯᠠᠵᠤ ᠥᠭᠴᠡᠢ᠃ 18 ᠲᠡᠳᠡ ᠡᠴᠢᠭᠡ ᠷᠧᠣᠶᠧᠯ ᠳᠡᠭᠡᠨ ᠢᠷᠡᠬᠦ ᠳᠦ᠂ ᠲᠡᠷᠡ᠄ 《ᠥᠨᠥᠳᠥᠷ ᠲᠠ ᠨᠠᠷ ᠶᠠᠭᠠᠬᠢᠭᠠᠳ ᠡᠢᠮᠦ ᠡᠷᠲᠡ ᠢᠷᠡᠪᠡ︖》 ᠭᠡᠯ᠎ᠡ᠃ 19 ᠲᠡᠳᠡ᠄ 《ᠨᠢᠭᠡᠨ ᠶᠧᠵᠢᠫᠲ ᠬᠥᠮᠦᠨ ᠪᠢᠳᠡᠨ ᠢ ᠬᠣᠨᠢᠴᠢᠳ ᠤᠨ ᠭᠠᠷ ᠠᠴᠠ ᠠᠪᠤᠷᠠᠭᠰᠠᠨ᠃ ᠲᠡᠭᠦᠨ ᠢᠶᠡᠷ ᠴᠤ ᠪᠠᠷᠠᠬᠤ ᠦᠭᠡᠢ᠂ ᠲᠡᠷᠡ ᠪᠢᠳᠡᠨ ᠳᠦ ᠤᠰᠤ ᠲᠠᠲᠠᠨ ᠥᠭᠴᠦ᠂ ᠬᠣᠨᠢᠳ ᠢ ᠮᠠᠨᠢ ᠤᠰᠤᠯᠠᠭᠰᠠᠨ ᠰᠢᠦ》 ᠭᠡᠵᠡᠢ᠃ 20 ᠲᠡᠷᠡ ᠥᠬᠢᠳ ᠲᠡᠭᠡᠨ᠄ 《ᠲᠡᠷᠡ ᠬᠠᠮᠢᠭ᠎ᠠ ᠪᠠᠢᠨ᠎ᠠ︖ ᠲᠠ ᠨᠠᠷ ᠶᠠᠭᠠᠬᠢᠭᠠᠳ ᠲᠡᠷᠡ ᠬᠥᠮᠦᠨ ᠢ ᠣᠷᠬᠢᠭᠠᠳ ᠢᠷᠡᠴᠢᠬᠡᠭᠰᠡᠨ ᠪᠤᠢ︖ ᠲᠡᠭᠦᠨ ᠢ ᠤᠷᠢᠵᠤ ᠬᠣᠭᠣᠯᠠ ᠢᠳᠡᠭᠦᠯ》 ᠭᠡᠵᠦ ᠬᠡᠯᠡᠪᠡ᠃ 21 ᠮᠣᠰᠧ ᠲᠡᠷᠡ ᠬᠥᠮᠦᠨ ᠦ ᠳᠦ ᠰᠠᠭᠤᠬᠤ ᠳᠤᠷᠠᠲᠠᠢ ᠪᠠᠢᠭᠰᠠᠨ ᠪᠣᠯᠬᠣᠷ ᠷᠧᠣᠶᠧᠯ ᠮᠣᠰᠧ ᠳᠤ ᠥᠬᠢᠨ ᠽᠢᠫᠣᠷᠠ ᠪᠠᠨ ᠥᠭᠴᠡᠢ᠃ 22 ᠽᠢᠫᠣᠷᠠ ᠬᠦᠦ ᠲᠥᠷᠥᠭᠦᠯᠬᠦ ᠳᠦ᠂ ᠮᠣᠰᠧ 《ᠪᠢ ᠬᠥᠮᠦᠨ ᠦ ᠭᠠᠵᠠᠷ ᠲᠤ ᠴᠠᠭᠠᠴᠢᠨ ᠪᠣᠯᠵᠠᠢ》 ᠭᠡᠳ ᠬᠦᠦ ᠪᠡᠨ ᠭᠧᠷᠱᠣᠮ 3 ᠭᠡᠵᠦ ᠨᠡᠷᠡᠯᠡᠭᠰᠡᠨ ᠪᠠᠢᠨ᠎ᠠ᠃

23 ᠤᠳᠠᠭᠠᠨ ᠬᠤᠭᠤᠴᠠᠭ᠎ᠠ ᠥᠩᠭᠡᠷᠡᠵᠦ᠂ ᠶᠧᠵᠢᠫᠲ ᠤᠨ ᠬᠠᠭᠠᠨ ᠥᠭᠡᠳᠡ ᠪᠣᠯᠪᠠ᠃ ᠢᠰᠷᠧᠯᠴᠦᠳ ᠳᠠᠷᠤᠯᠠᠯ ᠤᠨ ᠳᠣᠣᠷ᠎ᠠ ᠶᠣᠣᠯᠠᠵᠤ ᠬᠠᠰᠬᠢᠷᠬᠤ ᠳᠤ᠂ ᠳᠠᠷᠤᠯᠠᠯ ᠠᠴᠠ ᠪᠣᠯᠣᠭᠰᠠᠨ ᠲᠡᠳᠡᠨ ᠦ ᠬᠠᠰᠬᠢᠷᠤᠭᠠᠨ ᠪᠤᠷᠬᠠᠨ ᠳᠤ ᠬᠦᠷᠦᠭᠰᠡᠨ ᠪᠠᠢᠯ᠎ᠠ᠃ 24 ᠪᠤᠷᠬᠠᠨ ᠲᠡᠳᠡᠨ ᠦ ᠭᠠᠰᠠᠯᠬᠤ ᠳᠠᠭᠤᠨ ᠢ ᠰᠣᠨᠣᠰᠣᠭᠠᠳ ᠠᠪᠷᠠᠬᠠᠮ᠂ ᠢᠰᠠᠺ᠂ ᠶᠠᠺᠣᠪ ᠲᠠᠢ ᠪᠠᠢᠭᠤᠯᠤᠭᠰᠠᠨ ᠭᠡᠷ᠎ᠡ ᠪᠡᠨ ᠰᠠᠨᠠᠭᠠᠯᠵᠠᠪᠠ᠃ 25 ᠪᠤᠷᠬᠠᠨ ᠢᠰᠷᠧᠯᠴᠦᠳ ᠢ ᠬᠠᠷᠠᠪᠠ᠃ ᠪᠤᠷᠬᠠᠨ ᠲᠡᠳᠡᠨ ᠳᠦ ᠰᠠᠨᠠᠭ᠎ᠠ ᠲᠠᠯᠪᠢᠪᠠ᠃