ᠭᠡᠲᠦᠯᠦᠯ ᠲᠠᠪᠤ
ᠹᠠᠷᠠᠣ᠋ ᠢᠰᠷᠧᠯᠴᠦᠳ ᠢ ᠬᠠᠷᠭᠢᠰᠯᠠᠨ ᠳᠠᠷᠤᠮᠲᠠᠯᠠᠪᠠ
1 ᠡᠭᠦᠨ ᠦ ᠳᠠᠷᠠᠭ᠎ᠠ ᠮᠣᠰᠧ᠂ ᠠᠷᠣᠨ ᠨᠠᠷ ᠹᠠᠷᠠᠣ᠋ ᠳᠤ ᠣᠴᠢᠵᠤ᠄ 《ᠢᠰᠷᠧᠯ ᠤᠨ ᠪᠤᠷᠬᠠᠨ ᠶᠣᠬᠣᠸᠠ᠄ 〈ᠮᠢᠨᠦ ᠠᠷᠠᠳ ᠲᠦᠮᠡᠨ ᠢ ᠶᠠᠪᠤᠭᠤᠯ᠃ ᠲᠡᠳᠡ ᠴᠥᠯ ᠳᠤ ᠨᠠᠳᠠ ᠳᠤ ᠵᠣᠷᠢᠭᠤᠯᠤᠭᠰᠠᠨ ᠪᠠᠶᠠᠷ ᠢ ᠲᠡᠮᠳᠡᠭᠯᠡᠬᠦ ᠶᠣᠰᠣᠲᠠᠢ〉 ᠭᠡᠵᠦ ᠠᠢᠯᠠᠳᠤᠯ᠎ᠠ》 ᠭᠡᠪᠡ᠃ 2 ᠹᠠᠷᠠᠣ᠋᠄ 《ᠶᠣᠬᠣᠸᠠ ᠭᠡᠵᠦ ᠬᠡᠨ ᠪᠤᠢ︖ ᠲᠡᠷᠡ ᠢᠰᠷᠧᠯ ᠢ ᠶᠠᠪᠤᠭᠤᠯ ᠭᠡᠪᠡᠯ ᠪᠢ ᠲᠡᠭᠦᠨ ᠦ ᠦᠭᠡ ᠶᠢ ᠳᠠᠭᠠᠬᠤ ᠶᠣᠰᠣᠲᠠᠢ ᠤᠤ︖ ᠪᠢ ᠶᠣᠬᠣᠸᠠ ᠶᠢ ᠲᠠᠨᠢᠬᠤ ᠴᠤ ᠦᠭᠡᠢ᠂ ᠢᠰᠷᠧᠯ ᠢ ᠶᠠᠪᠤᠭᠤᠯᠬᠤ ᠴᠤ ᠦᠭᠡᠢ》 ᠭᠡᠵᠦ ᠬᠡᠯᠡᠪᠡ᠃ 3 ᠲᠡᠳᠡ᠄ 《ᠢᠪᠷᠠᠢᠴᠤᠳ ᠤᠨ ᠪᠤᠷᠬᠠᠨ ᠪᠢᠳᠡᠨ ᠢ ᠳᠠᠭᠤᠳᠠᠭᠰᠠᠨ᠃ ᠴᠥᠯ ᠤᠷᠤᠭᠤ ᠭᠤᠷᠪᠠᠨ ᠡᠳᠦᠷ ᠦᠨ ᠠᠶᠠᠨ ᠳᠤ ᠶᠠᠪᠤᠵᠤ ᠶᠣᠬᠣᠸᠠ ᠪᠤᠷᠬᠠᠨ ᠳᠠᠭᠠᠨ ᠲᠠᠬᠢᠯ ᠡᠷᠭᠦᠬᠦ ᠶᠢ ᠮᠢᠨᠢ ᠵᠥᠪᠰᠢᠶᠡᠷᠡᠭᠡᠴᠢ᠂ ᠡᠰᠡ ᠲᠡᠭᠡᠪᠡᠯ ᠲᠡᠷᠡ ᠲᠠᠬᠤᠯ ᠪᠤᠶᠤ ᠰᠡᠯᠡᠮ᠎ᠡ ᠪᠡᠷ ᠪᠢᠳᠡᠨ ᠢ ᠴᠣᠬᠢᠬᠤ ᠪᠣᠯᠣᠨ᠎ᠠ》 ᠭᠡᠬᠦ ᠳᠦ᠂ 4 ᠶᠧᠵᠢᠫᠲ ᠤᠨ ᠬᠠᠭᠠᠨ᠄ 《ᠮᠣᠰᠧ᠂ ᠠᠷᠣᠨ ᠡ︕ ᠲᠠ ᠨᠠᠷ ᠶᠠᠭᠤᠨ ᠳᠤ ᠠᠷᠠᠳ ᠲᠦᠮᠡᠨ ᠢ ᠠᠵᠢᠯ ᠠᠴᠠ ᠨᠢ ᠬᠥᠨᠳᠡᠢᠷᠡᠭᠦᠯᠦᠨᠡ ᠪᠤᠢ︖ ᠪᠤᠴᠠᠵᠤ ᠠᠵᠢᠯ ᠢᠶᠠᠨ ᠬᠢ》 ᠭᠡᠪᠡ᠃ 5 ᠹᠠᠷᠠᠣ᠋ ᠵᠠᠯᠭᠠᠭᠠᠳ᠄ 《ᠲᠠᠨ ᠤ ᠠᠷᠠᠳ ᠲᠦᠮᠡᠨ ᠣᠯᠠᠨ ᠢᠶᠠᠷ ᠢᠶᠠᠨ ᠮᠠᠨ ᠤ ᠭᠠᠵᠠᠷ ᠲᠤ ᠪᠠᠢᠨ᠎ᠠ︕ ᠬᠠᠷᠢᠨ ᠲᠡᠳᠡᠨ ᠦ ᠠᠵᠢᠯ ᠢ ᠪᠠᠰᠠ ᠵᠣᠭᠰᠣᠭᠠᠬᠤ ᠭᠡᠬᠦ ᠨᠢ ᠤᠤ︖》 ᠭᠡᠪᠡ᠃ 6 ᠢᠩᠭᠢᠭᠡᠳ ᠲᠡᠷᠡ ᠡᠳᠦᠷ ᠹᠠᠷᠠᠣ᠋ ᠠᠷᠠᠳ ᠲᠦᠮᠡᠨ ᠦ ᠳᠡᠭᠡᠷ᠎ᠡ ᠪᠤᠢ ᠠᠵᠢᠯ ᠬᠢᠨᠠᠭᠴᠢᠳ ᠪᠣᠯᠣᠨ ᠳᠠᠭᠠᠭᠠᠮᠠᠯ ᠨᠠᠷ ᠲᠤ ᠵᠠᠷᠯᠢᠭ ᠪᠠᠭᠤᠯᠭᠠᠵᠤ᠄ 7 《ᠲᠠ ᠨᠠᠷ ᠲᠣᠭᠣᠰᠬ᠎ᠠ ᠬᠢᠬᠦ ᠳᠦ ᠵᠠᠷᠤᠴᠠᠭᠤᠯᠳᠠᠭ ᠰᠦᠷᠡᠯ ᠢ ᠠᠷᠠᠳ ᠲᠦᠮᠡᠨ ᠳᠦ ᠬᠠᠩ᠋ᠭᠠᠬᠤ ᠪᠠᠨ ᠪᠣᠯᠢ᠂ ᠲᠡᠳᠡ ᠥᠪᠡᠷᠰᠡᠳ ᠢᠶᠡᠨ ᠶᠠᠪᠤᠵᠤ ᠰᠦᠷᠡᠯ ᠬᠤᠷᠢᠶᠠᠭ᠃ 8 ᠭᠡᠪᠡᠴᠦ ᠬᠢᠬᠦ ᠲᠣᠭᠣᠰᠬ᠎ᠠ ᠶᠢᠨ ᠲᠣᠭ᠎ᠠ ᠶᠢ ᠤᠷᠢᠳᠤ ᠶᠢᠨ ᠠᠳᠠᠯᠢ ᠪᠠᠢᠯᠭᠠᠬᠤ ᠪᠠᠷ ᠲᠡᠳᠡᠨ ᠳᠦ ᠱᠠᠭᠠᠷᠳᠠ᠂ ᠲᠣᠭ᠎ᠠ ᠶᠢ ᠨᠢ ᠪᠦᠦ ᠬᠠᠰᠤ᠃ ᠲᠡᠳᠡ ᠵᠠᠯᠬᠠᠭᠤ ᠤᠴᠢᠷ᠄ 〈ᠡ᠊ᠨᠳᠡ ᠡᠴᠡ ᠶᠠᠪᠤᠵᠤ ᠪᠤᠷᠬᠠᠨ ᠳᠠᠭᠠᠨ ᠲᠠᠬᠢᠯ ᠡᠷᠭᠦᠬᠦ ᠶᠢ ᠮᠠᠨᠢ ᠵᠥᠪᠰᠢᠶᠡᠷᠡᠭᠡᠴᠢ〉 ᠭᠡᠵᠦ ᠬᠠᠰᠬᠢᠷᠴᠤ ᠪᠠᠢᠨ᠎ᠠ᠃ 9 ᠡᠨᠡ ᠬᠥᠮᠦᠰ ᠲᠦ ᠢᠯᠡᠭᠦᠦ ᠬᠦᠨᠳᠦ ᠠᠵᠢᠯ ᠢ ᠥᠭ᠂ ᠲᠡᠭᠡᠪᠡᠯ ᠲᠡᠳᠡ ᠠᠵᠢᠯ ᠢᠶᠠᠨ ᠬᠢᠭᠰᠡᠭᠡᠷ ᠪᠠᠢᠵᠤ ᠬᠤᠳᠠᠯ ᠦᠭᠡᠰ ᠢ ᠠᠩ᠋ᠬᠠᠷᠬᠤ ᠪᠠᠨ ᠪᠣᠯᠢᠨ᠎ᠠ》 ᠭᠡᠪᠡ᠃
10 ᠢᠩᠭᠢᠭᠡᠳ ᠠᠷᠠᠳ ᠲᠦᠮᠡᠨ ᠦ ᠠᠵᠢᠯ ᠬᠢᠨᠠᠭᠴᠢᠳ ᠪᠠ ᠳᠠᠭᠠᠭᠠᠮᠠᠯ ᠨᠠᠷ ᠭᠠᠷᠴᠤ ᠢᠷᠡᠭᠡᠳ᠂ ᠠᠷᠠᠳ ᠲᠦᠮᠡᠨ ᠳᠦ᠄ 《ᠹᠠᠷᠠᠣ᠋᠄ 〈ᠪᠢ ᠲᠠ ᠨᠠᠷ ᠲᠤ ᠰᠦᠷᠡᠯ ᠬᠠᠩ᠋ᠭᠠᠬᠤ ᠦᠭᠡᠢ᠃ 11 ᠲᠠ ᠨᠠᠷ ᠥᠪᠡᠷᠰᠡᠳ ᠢᠶᠡᠨ ᠶᠠᠪᠤᠵᠤ᠂ ᠣᠯᠳᠠᠬᠤ ᠭᠠᠵᠠᠷ ᠠᠴᠠ ᠪᠠᠨ ᠰᠦᠷᠡᠯ ᠲᠡᠭᠦᠵᠡᠭᠡ᠃ ᠬᠠᠷᠢᠨ ᠠᠵᠢᠯ ᠤᠨ ᠴᠢᠨᠢ ᠬᠡᠮᠵᠢᠶ᠎ᠡ ᠬᠠᠰᠤᠭᠳᠠᠬᠤ ᠦᠭᠡᠢ〉 ᠭᠡᠰᠡᠨ》 ᠭᠡᠪᠡ᠃ 12 ᠲᠡᠭᠡᠭᠰᠡᠨ ᠢᠶᠡᠷ ᠠᠷᠠᠳ ᠲᠦᠮᠡᠨ ᠶᠧᠵᠢᠫᠲ ᠤᠨ ᠪᠦᠬᠦ ᠭᠠᠵᠠᠷ ᠢᠶᠠᠷ ᠲᠠᠷᠬᠠᠵᠤ ᠰᠦᠷᠡᠯ ᠦᠨ ᠣᠷᠣᠨ ᠳᠤ ᠬᠡᠷᠡᠭᠯᠡᠬᠦ ᠲᠠᠷᠢᠶᠠᠨ ᠤ ᠶᠣᠵᠣᠭᠣᠷ ᠲᠡᠭᠦᠵᠡᠭᠡᠪᠡ᠃ 13 ᠠᠵᠢᠯ ᠬᠢᠨᠠᠭᠴᠢᠳ ᠲᠡᠳᠡᠨ ᠢ ᠰᠢᠪᠠᠳᠠᠭᠤᠯᠵᠤ᠄ 《ᠰᠦᠷᠡᠯ ᠲᠡᠢ ᠪᠠᠢᠭᠰᠠᠨ ᠦᠶ᠎ᠡ ᠶᠢᠨ ᠬᠢ ᠰᠢᠭ ᠢᠶᠠᠨ ᠡᠳᠦᠷ ᠦᠨ ᠢᠶᠠᠨ ᠠᠵᠢᠯ ᠢ ᠡᠳᠦᠷ ᠲᠤᠨᠢ ᠭᠦᠢᠴᠡᠳᠬᠡ》 ᠭᠡᠳᠡᠭ ᠪᠠᠢᠯ᠎ᠠ᠃ 14 ᠹᠠᠷᠠᠣ᠋ ᠶᠢᠨ ᠠᠵᠢᠯ ᠬᠢᠨᠠᠭᠴᠢᠳ ᠢᠰᠷᠧᠯᠴᠦᠳ ᠦᠨ ᠳᠤᠮᠳᠠ ᠠᠴᠠ ᠲᠣᠮᠢᠯᠠᠭᠰᠠᠨ ᠳᠠᠭᠠᠭᠠᠮᠠᠯ ᠤᠳ ᠢᠶᠠᠨ ᠵᠣᠳᠣᠵᠤ᠄ 《ᠲᠠ ᠨᠠᠷ ᠥᠴᠥᠭᠡᠳᠦᠷ ᠴᠤ᠂ ᠥᠨᠥᠳᠥᠷ ᠴᠤ ᠶᠠᠭᠠᠬᠢᠭᠠᠳ ᠤᠷᠢᠳᠤ ᠶᠢᠨ ᠠᠳᠠᠯᠢ ᠬᠡᠮᠵᠢᠶ᠎ᠡ ᠪᠡᠷ ᠲᠣᠭᠣᠰᠬ᠎ᠠ ᠬᠢᠵᠦ ᠭᠦᠢᠴᠡᠭᠡᠭᠰᠡᠨ ᠦᠭᠡᠢ ᠪᠤᠢ︖》 ᠭᠡᠵᠡᠢ᠃
15 ᠢᠰᠷᠧᠯᠴᠦᠳ ᠦᠨ ᠳᠠᠭᠠᠭᠠᠮᠠᠯ ᠤᠳ ᠹᠠᠷᠠᠣ᠋ ᠳᠤ ᠣᠴᠢᠭᠠᠳ ᠬᠠᠰᠬᠢᠷᠤᠨ ᠭᠤᠶᠤᠵᠤ᠄ 《ᠲᠠ ᠶᠠᠭᠤᠨ ᠳᠤ ᠵᠠᠷᠤᠴᠠ ᠨᠠᠷ ᠲᠠᠭᠠᠨ ᠢᠩᠭᠢᠵᠦ ᠬᠠᠨᠳᠤᠨ᠎ᠠ ᠪᠤᠢ︖ 16 ᠵᠠᠷᠤᠴᠠ ᠪᠢᠳᠡᠨ ᠳᠦ ᠰᠦᠷᠡᠯ ᠥᠭᠬᠦ ᠦᠭᠡᠢ ᠠᠲᠠᠯ᠎ᠠ ᠪᠠᠨ ᠲᠡᠳᠡ᠄ 〈ᠲᠣᠭᠣᠰᠬ᠎ᠠ ᠬᠢ〉 ᠭᠡᠨ᠎ᠡ᠂ ᠬᠠᠷᠠᠭᠠᠴᠢ︕ ᠲᠠᠨ ᠤ ᠵᠠᠷᠤᠴᠠ ᠨᠠᠷ ᠵᠣᠳᠣᠭᠳᠠᠵᠤ ᠪᠠᠢᠨ᠎ᠠ᠂ ᠲᠠ ᠠᠷᠠᠳ ᠲᠦᠮᠡᠨ ᠳᠡᠭᠡᠨ ᠪᠤᠷᠤᠭᠤᠳᠠᠵᠤ ᠪᠠᠢᠨ᠎ᠠ》 ᠭᠡᠵᠦ ᠮᠡᠳᠡᠭᠦᠯᠪᠡ᠃ 17 ᠹᠠᠷᠠᠣ᠋᠄ 《ᠵᠠᠯᠬᠠᠭᠤ᠂ ᠲᠠ ᠨᠠᠷ ᠵᠠᠯᠬᠠᠭᠤ ᠪᠠᠢᠨ᠎ᠠ᠃ ᠡᠢᠮᠦ ᠡᠴᠡ ᠲᠠ ᠨᠠᠷ᠄ 〈ᠡ᠊ᠨᠳᠡ ᠡᠴᠡ ᠶᠠᠪᠤᠵᠤ ᠶᠣᠬᠣᠸᠠ ᠳᠤ ᠲᠠᠬᠢᠯ ᠡᠷᠭᠦᠬᠦ ᠶᠢ ᠮᠠᠨᠢ ᠵᠥᠪᠰᠢᠶᠡᠷᠡᠭᠡᠴᠢ〉 ᠭᠡᠵᠡᠭᠡᠵᠦ ᠪᠠᠢᠨ᠎ᠠ᠃ 18 ᠣᠳᠣ ᠶᠠᠪᠤᠵᠤ ᠠᠵᠢᠯᠯᠠᠵᠠᠭᠠ᠃ ᠲᠠ ᠨᠠᠷ ᠲᠤ ᠰᠦᠷᠡᠯ ᠬᠠᠩ᠋ᠭᠠᠬᠤ ᠦᠭᠡᠢ᠂ ᠭᠡᠪᠡᠴᠦ ᠲᠠ ᠨᠠᠷ ᠲᠣᠭᠲᠠᠭᠠᠭᠰᠠᠨ ᠬᠡᠮᠵᠢᠶ᠎ᠡ ᠪᠡᠷ ᠲᠣᠭᠣᠰᠬ᠎ᠠ ᠬᠠᠩ᠋ᠭᠠᠬᠤ ᠶᠣᠰᠣᠲᠠᠢ》 ᠭᠡᠵᠦ ᠬᠡᠯᠡᠪᠡ᠃ 19 ᠢᠰᠷᠧᠯᠴᠦᠳ ᠦᠨ ᠳᠠᠭᠠᠭᠠᠮᠠᠯ ᠤᠳ 《ᠡᠳᠦᠷ ᠪᠦᠷᠢ ᠬᠢᠬᠦ ᠲᠣᠭᠣᠰᠬ᠎ᠠ ᠶᠢᠨ ᠲᠣᠭ᠎ᠠ ᠬᠠᠰᠤᠭᠳᠠᠬᠤ ᠦᠭᠡᠢ》 ᠭᠡᠰᠡᠨ ᠢ ᠰᠣᠨᠣᠰᠣᠭᠠᠳ ᠥᠪᠡᠷᠰᠡᠳ ᠲᠤᠨᠢ ᠭᠠᠢ ᠢᠷᠡᠭᠰᠡᠨ ᠢ ᠣᠢᠯᠠᠭᠠᠪᠠ᠃ 20 ᠲᠡᠳᠡ ᠹᠠᠷᠠᠣ᠋ ᠶᠢᠨ ᠬᠢ ᠡᠴᠡ ᠭᠠᠷᠴᠤ ᠢᠷᠡᠭᠡᠳ᠂ ᠥᠪᠡᠷᠰᠡᠳ ᠢ ᠨᠢ ᠬᠦᠯᠢᠶᠡᠨ ᠵᠣᠭᠰᠣᠵᠤ ᠪᠠᠢᠭ᠎ᠠ ᠮᠣᠰᠧ᠂ ᠠᠷᠣᠨ ᠬᠣᠶᠠᠷ ᠲᠠᠢ ᠠᠭᠤᠯᠵᠠᠭᠠᠳ᠂ 21 ᠲᠡᠳᠡᠨ ᠳᠦ᠄ 《ᠶᠣᠬᠣᠸᠠ ᠲᠠ ᠬᠣᠶᠠᠷ ᠢ ᠬᠠᠷᠠᠭᠠᠳ ᠰᠢᠭᠦᠬᠦ ᠪᠣᠯᠲᠤᠭᠠᠢ︕ ᠲᠠ ᠨᠠᠷ ᠹᠠᠷᠠᠣ᠋ ᠪᠣᠯᠣᠨ ᠵᠠᠷᠤᠴᠠ ᠨᠠᠷ ᠤᠨ ᠬᠢᠨᠢ ᠨᠢᠳᠦᠨ ᠳᠦ ᠮᠠᠨ ᠤ ᠬᠢᠨ ᠢ ᠵᠢᠭᠰᠢᠭᠦᠷᠢ ᠪᠣᠯᠭᠠᠵᠤ᠂ ᠲᠡᠳᠡᠨ ᠦ ᠭᠠᠷ ᠲᠤ ᠪᠢᠳᠡᠨ ᠢ ᠨᠢᠲᠤᠯᠬᠤ ᠢᠯᠳᠦ ᠶᠢ ᠥᠭᠴᠦ ᠪᠠᠢᠨ᠎ᠠ》 ᠭᠡᠵᠦ ᠬᠡᠯᠡᠪᠡ᠃
ᠪᠤᠷᠬᠠᠨ ᠴᠢᠯᠥᠭᠡᠯᠡᠬᠦ ᠪᠡᠷ ᠠᠮᠠᠯᠠᠪᠠ
22 ᠮᠣᠰᠧ ᠶᠣᠬᠣᠸᠠ ᠳᠤ ᠡᠷᠭᠢᠵᠦ᠄ 《ᠡᠵᠡᠨ᠂ ᠲᠠ ᠶᠠᠭᠠᠬᠢᠭᠠᠳ ᠡᠨᠡ ᠠᠷᠠᠳ ᠲᠦᠮᠡᠨ ᠢ ᠭᠠᠢ ᠳᠤ ᠤᠴᠠᠷᠠᠭᠤᠯᠪᠠ︖ ᠲᠠ ᠶᠠᠭᠤᠨ ᠳᠤ ᠨᠠᠮᠠᠶᠢ ᠶᠠᠪᠤᠭᠤᠯᠤᠭᠰᠠᠨ ᠶᠤᠮ ᠪᠤᠢ︖ 23 ᠨᠠᠮᠠᠶᠢ ᠹᠠᠷᠠᠣ᠋ ᠳᠤ ᠣᠴᠢᠵᠤ ᠲᠠᠨ ᠤ ᠨᠡᠷ᠎ᠡ ᠪᠡᠷ ᠶᠠᠷᠢᠭᠰᠠᠨ ᠠᠴᠠ ᠬᠣᠢᠰᠢ᠂ ᠡᠨᠡ ᠠᠷᠠᠳ ᠲᠦᠮᠡᠨ ᠲᠡᠷᠡ ᠶᠡᠬᠡ ᠭᠠᠢ ᠳᠤ ᠥᠷᠲᠥᠵᠡᠢ᠃ ᠬᠠᠷᠢᠨ ᠲᠠ ᠠᠷᠠᠳ ᠲᠦᠮᠡᠨ ᠢᠶᠡᠨ ᠠᠪᠤᠷᠠᠭᠰᠠᠨ ᠦᠭᠡᠢ》 ᠭᠡᠪᠡ᠃