1 2 3 4 5 6 7 8 9 10 11 12 13 14 15 16 17 18 19 20 21 22 23 24 25 26 27 28 29 30 31 32 33 34 35 36 37 38 39 40


ᠭᠡᠲᠦᠯᠦᠯ ᠬᠣᠷᠢ
 ᠠᠷᠪᠠᠨ ᠬᠠᠤᠯᠢ

1 ᠪᠤᠷᠬᠠᠨ ᠡᠨᠡ ᠪᠦᠬᠦ ᠦᠭᠡ ᠶᠢ ᠠᠢᠯᠠᠳᠤᠨ ᠬᠡᠯᠡᠵᠡᠢ᠄ 2 《ᠴᠢᠨᠦ ᠪᠤᠷᠬᠠᠨ ᠪᠣᠯ ᠶᠣᠬᠣᠸᠠ ᠪᠢ᠂ ᠴᠢᠮᠠᠶᠢ ᠪᠢ ᠶᠧᠵᠢᠫᠲ ᠤᠨ ᠪᠣᠭᠣᠯᠴᠢᠯᠠᠯ ᠤᠨ ᠭᠡᠷ ᠡᠴᠡ ᠭᠠᠷᠭᠠᠵᠤ ᠠᠪᠴᠢᠷᠠᠭᠰᠠᠨ᠃ 3 ᠴᠢ ᠨᠠᠳᠠ ᠠᠴᠠ ᠥᠭᠡᠷ᠎ᠡ ᠪᠤᠷᠬᠠᠳ ᠲᠠᠢ ᠪᠠᠢᠵᠤ ᠪᠣᠯᠬᠤ ᠦᠭᠡᠢ᠃

4 ᠴᠢ ᠥᠪᠡᠷ ᠦᠨ ᠢᠶᠠᠨ ᠲᠥᠯᠥᠭᠡ ᠳᠡᠭᠡᠷ᠎ᠡ ᠲᠩᠷᠢ ᠳᠠᠬᠢ᠂ ᠡᠰᠡᠪᠡᠯ ᠳᠣᠣᠷ᠎ᠠ ᠭᠠᠵᠠᠷ ᠳᠠᠬᠢ᠂ ᠡᠰᠡᠪᠡᠯ ᠭᠠᠵᠠᠷ ᠳᠣᠣᠷᠠᠬᠢ᠂ ᠤᠰᠤᠨ ᠳᠣᠲᠣᠷᠠᠬᠢ ᠶᠠᠮᠠᠷ ᠨᠢᠭᠡ ᠶᠠᠭᠤᠮᠠᠨ ᠤ ᠳᠦᠷᠰᠦ ᠲᠠᠢ ᠰᠢᠲᠦᠭᠡᠨ ᠢ ᠪᠦᠦ ᠪᠦᠲᠦᠭᠡ᠃ 5 ᠴᠢ ᠲᠡᠳᠡᠭᠡᠷ ᠲᠦ ᠪᠦᠦ ᠮᠥᠷᠭᠥ᠂ ᠪᠦᠦ ᠦᠢᠯᠡᠴᠢᠯᠡ᠃ ᠤᠴᠢᠷ ᠨᠢ ᠴᠢᠨᠦ ᠪᠤᠷᠬᠠᠨ ᠶᠣᠬᠣᠸᠠ ᠪᠢ ᠪᠣᠯ ᠬᠠᠷᠠᠲᠠᠢ ᠪᠤᠷᠬᠠᠨ ᠪᠣᠯᠬᠣᠷ ᠥᠪᠡᠷ ᠢ ᠮᠢᠨᠢ ᠵᠢᠭ᠍ᠰᠢᠭ᠍ᠴᠢ ᠡᠴᠢᠭᠡ ᠨᠦᠭᠦᠳ ᠦᠨ ᠬᠢᠨᠢ ᠭᠡᠮ ᠨᠢᠭᠦᠯ ᠦᠨ ᠬᠠᠷᠢᠭᠤ ᠶᠢ ᠭᠤᠷᠪᠠ᠂ ᠳᠥᠷᠪᠡᠳᠡᠬᠢ ᠦᠶ᠎ᠡ ᠶᠢᠨ ᠬᠡᠦᠬᠡᠳ ᠤᠳ ᠲᠤᠨᠢ ᠬᠦᠷᠲᠡᠯ᠎ᠡ ᠪᠠᠭᠤᠯᠭᠠᠳᠠᠭ᠃ 6 ᠬᠠᠷᠢᠨ ᠨᠠᠮᠠᠶᠢ ᠬᠠᠢᠷᠠᠯᠠᠵᠤ᠂ ᠮᠢᠨᠦ ᠲᠤᠰᠢᠶᠠᠯ ᠢ ᠰᠠᠬᠢᠭᠴᠢᠳ ᠲᠤ ᠮᠢᠩ᠋ᠭᠠᠨ ᠦᠶ᠎ᠡ ᠳᠦᠨᠢ ᠬᠦᠷᠲᠡᠯ᠎ᠡ ᠬᠠᠢᠷ᠎ᠠ ᠡᠨᠡᠷᠢᠯ ᠢᠶᠠᠨ ᠰᠣᠶᠣᠷᠬᠠᠳᠠᠭ᠃

7 ᠴᠢ ᠶᠣᠬᠣᠸᠠ ᠪᠤᠷᠬᠠᠨ ᠤ ᠪᠠᠨ ᠨᠡᠷ᠎ᠡ ᠶᠢ ᠳᠡᠮᠡᠢ ᠪᠦᠦ ᠳᠠᠭᠤᠳᠠ᠃ ᠥᠪᠡᠷ ᠦᠨ ᠬᠢᠨᠢ ᠨᠡᠷ᠎ᠡ ᠶᠢ ᠳᠡᠮᠡᠢ ᠳᠠᠭᠤᠳᠠᠭᠴᠢᠳ ᠢ ᠶᠣᠬᠣᠸᠠ ᠶᠠᠯ᠎ᠠ ᠠᠴᠠ ᠬᠡᠯᠲᠦᠷᠢᠭᠦᠯᠬᠦ ᠦᠭᠡᠢ᠃

8 ᠴᠢ ᠠᠮᠠᠷᠠᠯ ᠤᠨ ᠡᠳᠦᠷ ᠢ ᠠᠷᠢᠭᠤᠨ ᠢᠶᠠᠷ ᠲᠤᠰᠠᠭᠠᠷᠯᠠᠬᠤ ᠶᠢ ᠰᠠᠨᠠ᠃ 9 ᠴᠢ ᠵᠢᠷᠭᠤᠭᠠᠨ ᠡᠳᠦᠷ ᠬᠥᠳᠡᠯᠮᠦᠷᠢᠯᠡᠵᠦ᠂ ᠪᠦᠬᠦ ᠠᠵᠢᠯ ᠢᠶᠠᠨ ᠬᠢ᠃ 10 ᠭᠡᠪᠡᠴᠦ ᠳᠣᠯᠣᠳᠠᠬᠢ ᠡᠳᠦᠷ ᠨᠢ ᠴᠢᠨᠦ ᠪᠤᠷᠬᠠᠨ ᠶᠣᠬᠣᠸᠠ ᠶᠢᠨ ᠠᠮᠠᠷᠠᠯ ᠤᠨ ᠡᠳᠦᠷ ᠪᠣᠯᠬᠣᠷ ᠴᠢ ᠶᠠᠮᠠᠷ ᠴᠤ ᠠᠵᠢᠯ ᠪᠦᠦ ᠬᠢ᠂ ᠴᠢ ᠪᠣᠯᠣᠨ ᠴᠢᠨᠦ ᠬᠦᠦ᠂ ᠴᠢᠨᠦ ᠥᠬᠢᠨ᠂ ᠴᠢᠨᠦ ᠵᠠᠷᠤᠴᠠ᠂ ᠴᠢᠨᠦ ᠰᠢᠪᠡᠭᠴᠢᠨ᠂ ᠴᠢᠨᠦ ᠮᠠᠯ ᠰᠦᠷᠦᠭ ᠬᠢᠭᠡᠳ ᠬᠠᠭᠠᠯᠭᠠᠨ ᠤ ᠴᠢᠨᠢ ᠳᠣᠲᠣᠷᠠᠬᠢ ᠴᠠᠭᠠᠴᠢᠨ ᠴᠤ ᠮᠥᠨ ᠠᠳᠠᠯᠢ᠃ 11 ᠤᠴᠢᠷ ᠨᠢ ᠵᠢᠷᠭᠤᠭᠠᠨ ᠡᠳᠦᠷ ᠦᠨ ᠲᠤᠷᠰᠢ ᠶᠣᠬᠣᠸᠠ ᠲᠩᠷᠢ᠂ ᠭᠠᠵᠠᠷ᠂ ᠳᠠᠯᠠᠢ ᠪᠣᠯᠣᠨ ᠲᠡᠳᠡᠭᠡᠷ ᠦᠨ ᠳᠣᠲᠣᠷᠠᠬᠢ ᠪᠦᠭᠦᠳᠡ ᠶᠢ ᠪᠦᠲᠦᠭᠡᠵᠦ᠂ ᠳᠣᠯᠣᠳᠠᠬᠢ ᠡᠳᠦᠷ ᠲᠦ ᠠᠮᠠᠷᠠᠭᠰᠠᠨ ᠶᠤᠮ᠃ ᠡᠢᠮᠦ ᠡᠴᠡ ᠶᠣᠬᠣᠸᠠ ᠠᠮᠠᠷᠠᠯ ᠤᠨ ᠡᠳᠦᠷ ᠢ ᠢᠷᠥᠭᠡᠵᠦ᠂ ᠠᠷᠢᠭᠤᠨ ᠢᠶᠠᠷ ᠲᠤᠰᠠᠭᠠᠷᠯᠠᠵᠠᠢ᠃

12 ᠴᠢ ᠡᠴᠢᠭᠡ᠂ ᠡᠬᠡ ᠪᠡᠨ ᠬᠦᠨᠳᠦᠯᠡ᠃ ᠲᠡᠭᠡᠪᠡᠯ ᠴᠢᠨᠦ ᠪᠤᠷᠬᠠᠨ ᠶᠣᠬᠣᠸᠠ ᠶᠢᠨ ᠴᠢᠮ᠎ᠠ ᠳᠤ ᠰᠣᠶᠣᠷᠬᠠᠬᠤ ᠭᠠᠵᠠᠷ ᠳᠡᠭᠡᠷ᠎ᠡ ᠡᠳᠦᠷ ᠤᠳ ᠴᠢᠨᠢ ᠤᠷᠲᠤᠰᠬᠤ ᠪᠣᠯᠣᠨ᠎ᠠ᠃

13 ᠴᠢ ᠬᠥᠮᠦᠨ ᠪᠦᠦ ᠠᠯᠠ᠃

14 ᠴᠢ ᠪᠦᠦ ᠵᠠᠪᠬᠠᠢᠷᠠ᠃

15 ᠴᠢ ᠪᠦᠦ ᠬᠤᠯᠠᠭᠠᠢᠯᠠ᠃

16 ᠴᠢ ᠬᠥᠷᠰᠢ ᠶᠢᠨ ᠢᠶᠠᠨ ᠡᠰᠡᠷᠭᠦ ᠬᠤᠳᠠᠯ ᠢᠶᠠᠷ ᠪᠦᠦ ᠭᠡᠷᠡᠴᠢᠯᠡ᠃

17 ᠴᠢ ᠬᠥᠷᠰᠢ ᠶᠢᠨ ᠢᠶᠠᠨ ᠭᠡᠷ ᠣᠷᠣᠨ ᠳᠤ ᠪᠦᠦ ᠰᠠᠨᠠᠭᠠᠷᠬ᠎ᠠ᠂ ᠬᠥᠷᠰᠢ ᠶᠢᠨ ᠢᠶᠠᠨ ᠡᠬᠡᠨᠡᠷ᠂ ᠵᠠᠷᠤᠴᠠ ᠰᠢᠪᠡᠭᠴᠢᠨ᠂ ᠦᠬᠡᠷ᠂ ᠡᠯᠵᠢᠭᠡ ᠵᠡᠷᠭᠡ ᠬᠥᠷᠰᠢ ᠶᠢᠨ ᠢᠶᠠᠨ ᠶᠠᠭᠤᠨ ᠳᠤᠨᠢ ᠴᠤ ᠪᠦᠦ ᠰᠠᠨᠠᠭᠠᠷᠬ᠎ᠠ》 ᠭᠡᠪᠡ᠃

18 ᠪᠦᠬᠦ ᠠᠷᠠᠳ ᠲᠦᠮᠡᠨ ᠠᠶᠤᠩ᠋ᠭ᠎ᠠ᠂ ᠭᠢᠯᠪᠡᠭᠡᠨ ᠦ ᠭᠢᠯᠪᠠᠭᠠᠨ᠂ ᠪᠦᠷᠢᠶᠡᠨ ᠦ ᠳᠠᠭᠤᠨ ᠪᠠ ᠤᠲᠤᠭᠠᠨ ᠳᠤ ᠪᠦᠷᠬᠦᠭᠳᠡᠭᠰᠡᠨ ᠠᠭᠤᠯᠠ ᠶᠢ ᠬᠠᠷᠠᠵᠤ ᠪᠠᠢᠯ᠎ᠠ᠃ ᠠᠷᠠᠳ ᠲᠦᠮᠡᠨ ᠡᠳᠡᠭᠡᠷ ᠢ ᠬᠠᠷᠠᠭᠠᠳ ᠳᠠᠭᠵᠢᠨ ᠴᠡᠴᠡᠷᠡᠵᠦ ᠬᠣᠯᠠ ᠵᠣᠭᠰᠣᠪᠠ᠃ 19 ᠲᠡᠳᠡ ᠮᠣᠰᠧ ᠳᠤ᠄ 《ᠲᠠ ᠪᠢᠳᠡᠨ ᠲᠡᠢ ᠶᠠᠷᠢ᠂ ᠪᠢᠳᠡ ᠰᠣᠨᠣᠰᠣᠶ᠎ᠠ᠃ ᠬᠠᠷᠢᠨ ᠪᠤᠷᠬᠠᠨ ᠪᠢᠳᠡᠨ ᠲᠡᠢ ᠶᠠᠷᠢᠬᠤ ᠦᠭᠡᠢ ᠪᠠᠢᠭ᠂ ᠡᠰᠡ ᠲᠡᠭᠡᠪᠡᠯ ᠪᠢᠳᠡ ᠦᠬᠦᠬᠦ ᠪᠣᠯᠣᠨ᠎ᠠ》 ᠭᠡᠪᠡ᠃ 20 ᠮᠣᠰᠧ ᠠᠷᠠᠳ ᠲᠦᠮᠡᠨ ᠳᠦ᠄ 《ᠪᠦᠦ ᠠᠶᠤᠵᠠᠭ᠎ᠠ᠃ ᠪᠤᠷᠬᠠᠨ ᠵᠠᠯᠠᠷᠠᠨ ᠢᠷᠡᠭᠰᠡᠨ ᠨᠢ ᠲᠠ ᠨᠠᠷ ᠢ ᠰᠣᠷᠢᠵᠤ᠂ ᠥᠪᠡᠷ ᠡᠴᠡ ᠨᠢ ᠡᠮᠢᠶᠡᠯᠭᠡᠬᠦ ᠶᠢᠨ ᠲᠤᠯᠠᠳᠠ ᠪᠥᠭᠡᠳ ᠡᠢᠨ ᠬᠦ ᠲᠠ ᠨᠠᠷ ᠢ ᠨᠢᠭᠦᠯ ᠦᠢᠯᠡᠳᠬᠦ ᠦᠭᠡᠢ ᠪᠠᠢᠭᠠᠰᠠᠢ ᠭᠡᠰᠡᠨ ᠳᠡᠭᠡᠨ ᠶᠤᠮ》 ᠭᠡᠪᠡ᠃ 21 ᠠᠷᠠᠳ ᠲᠦᠮᠡᠨ ᠬᠣᠯᠠ ᠵᠣᠭᠰᠣᠬᠤ ᠳᠤ᠂ ᠮᠣᠰᠧ ᠪᠤᠷᠬᠠᠨ ᠤ ᠪᠠᠢᠭ᠎ᠠ ᠲᠦᠨᠡᠷ ᠬᠠᠷᠠᠩ᠋ᠭᠤᠢ ᠤᠷᠤᠭᠤ ᠣᠢᠷᠠᠲᠤᠨ ᠣᠴᠢᠵᠠᠢ᠃
 ᠲᠠᠬᠢᠯ ᠤᠨ ᠰᠢᠷᠡᠭᠡᠨ ᠦ ᠵᠢᠷᠤᠮ

22 ᠶᠣᠬᠣᠸᠠ ᠮᠣᠰᠧ ᠳᠤ᠄ 《ᠴᠢ ᠢᠰᠷᠧᠯᠴᠦᠳ ᠲᠦ ᠢᠩᠭᠢᠵᠦ ᠬᠡᠯᠡ᠄ 〈ᠲᠩᠷᠢ ᠡᠴᠡ ᠲᠠ ᠨᠠᠷ ᠲᠠᠢ ᠶᠠᠷᠢᠬᠤ ᠶᠢ ᠮᠢᠨᠢ ᠲᠠ ᠨᠠᠷ ᠪᠡᠶ᠎ᠡ ᠪᠡᠷ ᠢᠶᠠᠨ ᠬᠠᠷᠠᠯ᠎ᠠ᠃ 23 ᠡᠢᠮᠦ ᠡᠴᠡ ᠲᠠ ᠨᠠᠷ ᠨᠠᠳᠠ ᠲᠠᠢ ᠵᠡᠷᠭᠡᠴᠡᠭᠦᠯᠦᠨ ᠥᠭᠡᠷ᠎ᠡ ᠪᠤᠷᠬᠠᠳ ᠪᠦᠦ ᠪᠦᠲᠦᠭᠡ᠃ ᠮᠥᠩᠭᠥᠨ ᠪᠤᠷᠬᠠᠳ ᠪᠤᠶᠤ ᠠᠯᠲᠠᠨ ᠪᠤᠷᠬᠠᠳ ᠪᠦᠦ ᠬᠢ᠃ 24 ᠬᠠᠷᠢᠨ ᠴᠢ ᠮᠢᠨᠦ ᠲᠥᠯᠥᠭᠡ ᠰᠢᠷᠣᠢ ᠪᠠᠷ ᠲᠠᠬᠢᠯ ᠤᠨ ᠰᠢᠷᠡᠭᠡ ᠬᠢᠪᠡᠯ ᠪᠣᠯᠣᠨ᠎ᠠ᠂ ᠡᠭᠦᠨ ᠦ ᠳᠡᠭᠡᠷ᠎ᠡ ᠴᠢ ᠰᠢᠲᠠᠭᠠᠯᠭᠠᠲᠤ ᠲᠠᠬᠢᠯ᠂ ᠡᠪ ᠦᠨ ᠲᠠᠬᠢᠯ᠂ ᠬᠣᠨᠢ ᠦᠬᠡᠷ ᠡᠷᠭᠦᠭᠡᠷᠡᠢ᠃ ᠪᠢ ᠨᠡᠷ᠎ᠡ ᠪᠡᠨ ᠳᠤᠷᠠᠰᠤᠭᠤᠯᠬᠤ ᠭᠠᠵᠠᠷ ᠪᠣᠯᠭᠠᠨ ᠳᠤ ᠴᠢᠮ᠎ᠠ ᠳᠡᠭᠡᠷ᠎ᠡ ᠢᠷᠡᠵᠦ᠂ ᠴᠢᠮᠠᠶᠢ ᠢᠷᠥᠭᠡᠨ᠎ᠡ᠃ 25 ᠬᠡᠷᠪᠡ ᠴᠢ ᠨᠠᠳᠠ ᠳᠤ ᠵᠣᠷᠢᠭᠤᠯᠤᠨ ᠴᠢᠯᠠᠭᠤ ᠪᠠᠷ ᠲᠠᠬᠢᠯ ᠤᠨ ᠰᠢᠷᠡᠭᠡ ᠬᠢᠬᠦ ᠭᠡᠪᠡᠯ ᠴᠠᠪᠴᠢᠨ ᠵᠠᠰᠠᠭᠰᠠᠨ ᠴᠢᠯᠠᠭᠤ ᠪᠠᠷ ᠪᠦᠦ ᠪᠠᠷᠢ᠃ ᠬᠡᠷᠪᠡ ᠴᠢ ᠲᠡᠭᠦᠨ ᠳᠡᠭᠡᠷ᠎ᠡ ᠪᠠᠭᠠᠵᠢ ᠬᠡᠷᠡᠭᠯᠡᠪᠡᠯ ᠲᠡᠭᠦᠨ ᠢ ᠪᠤᠵᠠᠷᠯᠠᠨ᠎ᠠ᠃ 26 ᠴᠢ ᠮᠢᠨᠦ ᠲᠠᠬᠢᠯ ᠤᠨ ᠰᠢᠷᠡᠭᠡ ᠥᠭᠡᠳᠡ ᠱᠠᠲᠤ ᠪᠠᠷ ᠭᠠᠷᠴᠤ ᠪᠣᠯᠬᠤ ᠦᠭᠡᠢ᠃ ᠨᠢᠴᠦᠭᠦᠨ ᠪᠡᠶ᠎ᠡ ᠴᠢᠨᠢ ᠲᠡᠭᠦᠨ ᠳᠡᠭᠡᠷ᠎ᠡ ᠦᠵᠡᠭᠳᠡᠬᠦ ᠪᠤᠢ᠃〉