1 2 3 4 5 6


ᠨᠢᠭᠡᠳᠦᠭᠡᠷ ᠲᠢᠮᠣᠲ ᠬᠣᠶᠠᠷ
 ᠮᠥᠷᠭᠥᠯ ᠦᠨ ᠵᠢᠭᠠᠪᠤᠷᠢ ᠨᠤᠭᠤᠳ

1 ᠶᠠᠭᠤᠨ ᠤ ᠡᠮᠦᠨ᠎ᠡ ᠪᠢ ᠬᠥᠮᠦᠨ ᠪᠦᠬᠦᠨ ᠦ ᠲᠥᠯᠥᠭᠡ ᠭᠤᠶᠤᠯᠲᠠ᠂ ᠳᠠᠭᠠᠳᠬᠠᠯ᠂ ᠬᠦᠰᠡᠯᠲᠡ ᠪᠠ ᠲᠠᠯᠠᠷᠬᠠᠯ ᠢ ᠡᠷᠭᠦ ᠭᠡᠵᠦ ᠰᠠᠨᠠᠭᠤᠯᠤᠶ᠎ᠠ᠃ 2 ᠪᠠᠰᠠ ᠪᠢᠳᠡ ᠪᠦᠷᠢᠨ ᠰᠦᠰᠦᠭ ᠲᠡᠢ᠂ ᠪᠦᠷᠢᠨ ᠬᠦᠨᠳᠦᠳᠬᠡᠯ ᠲᠡᠢ ᠪᠠᠷ ᠠᠮᠤᠷ ᠲᠠᠢᠪᠤᠩ ᠠᠮᠢᠳᠤᠷᠠᠬᠤ ᠶᠢᠨ ᠲᠤᠯᠠᠳᠠ ᠬᠠᠭᠠᠳ ᠪᠠ ᠠᠯᠢᠪᠠ ᠳᠡᠭᠡᠳᠦ ᠲᠤᠰᠢᠶᠠᠯᠲᠠᠨ ᠤ ᠲᠥᠯᠥᠭᠡ ᠲᠡᠭᠡᠵᠦ ᠳᠠᠭᠠᠳᠬᠠᠭᠠᠷᠠᠢ᠃ 3 ᠲᠡᠭᠡᠬᠦ ᠨᠢ ᠪᠢᠳᠡᠨ ᠦ ᠠᠪᠤᠷᠠᠭᠴᠢ ᠪᠤᠷᠬᠠᠨ ᠤ ᠮᠡᠯᠮᠡᠢ ᠳᠦ ᠰᠠᠢᠬᠠᠨ ᠪᠥᠭᠡᠳ ᠲᠠᠭᠠᠯᠠᠮᠵᠢᠲᠠᠢ᠂ 4 ᠬᠥᠮᠦᠨ ᠪᠦᠬᠦᠨ ᠠᠪᠤᠷᠠᠭᠳᠠᠵᠤ᠂ ᠦᠨᠡᠨ ᠦ ᠮᠡᠳᠡᠯᠭᠡ ᠤᠷᠤᠭᠤ ᠢᠷᠡᠬᠦ ᠶᠢ ᠪᠤᠷᠬᠠᠨ ᠬᠦᠰᠡᠳᠡᠭ᠃ 5 ᠪᠤᠷᠬᠠᠨ ᠭᠠᠭᠴᠠᠬᠠᠨ᠂ ᠪᠤᠷᠬᠠᠨ ᠪᠠ ᠬᠥᠮᠦᠨ ᠦ ᠬᠣᠭᠣᠷᠣᠨᠳᠣ ᠶᠢᠨ ᠵᠠᠭᠤᠴᠢ ᠴᠤ ᠭᠠᠭᠴᠠᠬᠠᠨ — ᠲᠡᠷᠡ ᠪᠣᠯ ᠬᠥᠮᠦᠨ ᠪᠣᠯᠣᠭᠰᠠᠨ ᠾᠷᠢᠰᠲ᠋ᠣᠰ ᠢᠰᠦ᠋ᠰ ᠮᠥᠨ᠃ 6 ᠲᠡᠷᠡ ᠬᠠᠮᠤᠭ ᠬᠥᠮᠦᠨ ᠦ ᠲᠥᠯᠥᠭᠡ ᠵᠣᠯᠢᠶᠠᠰᠤ ᠪᠣᠯᠵᠤ ᠥᠪᠡᠷ ᠢ ᠪᠠᠨ ᠵᠣᠷᠢᠭᠤᠯᠤᠭᠰᠠᠨ᠂ ᠡᠢᠨ ᠬᠦ ᠲᠡᠷᠡ ᠲᠣᠪᠯᠠᠭᠰᠠᠨ ᠴᠠᠭ ᠲᠠᠭᠠᠨ ᠭᠡᠷᠡᠴᠢᠯᠡᠯ ᠪᠣᠯᠵᠠᠢ᠃ 7 ᠡᠭᠦᠨ ᠦ ᠲᠥᠯᠥᠭᠡ ᠪᠢ ᠡᠯᠴᠢ᠂ ᠰᠢᠳᠠᠷ ᠱᠠᠪᠢ (ᠪᠢ ᠬᠤᠳᠠᠯ ᠪᠢᠰᠢ᠂ ᠦᠨᠡᠨ ᠢ ᠶᠠᠷᠢᠵᠤ ᠪᠤᠢ) ᠬᠢᠭᠡᠳ ᠬᠠᠷᠢ ᠦᠨᠳᠦᠰᠦᠲᠡᠨ ᠨᠦᠭᠦᠳ ᠦᠨ ᠲᠥᠯᠥᠭᠡ ᠢᠲᠡᠭᠡᠯ ᠪᠠ ᠦᠨᠡᠨ ᠦ ᠪᠠᠭᠰᠢ ᠪᠠᠷ ᠲᠣᠮᠢᠯᠠᠭᠳᠠᠭᠰᠠᠨ ᠪᠢᠯᠡ᠃

8 ᠲᠡᠢᠮᠦ ᠡᠴᠡ ᠪᠢ ᠬᠦᠰᠡᠵᠦ ᠪᠠᠢᠨ᠎ᠠ᠂ ᠡᠷᠡᠴᠦᠳ ᠨᠢ ᠠᠭᠤᠷ ᠦᠭᠡᠢ᠂ ᠮᠠᠷᠭᠤᠭᠠᠨ ᠦᠭᠡᠢ ᠪᠠᠷ ᠠᠷᠢᠭᠤᠨ ᠭᠠᠷ ᠢᠶᠠᠨ ᠡᠷᠭᠦᠨ ᠭᠠᠵᠠᠷ ᠪᠣᠯᠭᠠᠨ ᠳᠤ ᠳᠠᠭᠠᠳᠬᠠᠭᠠᠷᠠᠢ᠃ 9 ᠡᠭᠦᠨᠴᠢᠯᠡᠨ ᠡᠮᠡᠭᠲᠡᠢᠴᠦᠳ ᠨᠢ ᠴᠡᠭᠴᠡ᠂ ᠲᠥᠯᠥᠪ ᠳᠠᠷᠤᠤ᠂ ᠵᠦᠢ ᠵᠣᠬᠢᠰᠲᠠᠢ ᠪᠠᠷ ᠬᠤᠪᠴᠠᠰᠤᠯᠠᠵᠤ᠂ ᠭᠦᠷᠦᠮᠡᠯ ᠭᠡᠵᠢᠭᠡ᠂ ᠠᠯᠲᠠ᠂ ᠰᠤᠪᠤᠳ᠂ ᠦᠨ᠎ᠡ ᠲᠠᠢ ᠡᠮᠦᠰᠬᠡᠯ ᠮᠡᠲᠦ ᠪᠡᠷ ᠪᠤᠰᠤ᠂ 10 ᠬᠠᠷᠢᠨ ᠪᠤᠷᠬᠠᠨ ᠠᠴᠠ ᠡᠮᠢᠶᠡᠳᠡᠭ ᠭᠡᠭᠳᠡᠬᠦ ᠡᠮᠡᠭᠲᠡᠢᠴᠦᠳ ᠲᠦ ᠨᠡᠢᠴᠡᠬᠦ ᠰᠠᠢᠨ ᠦᠢᠯᠡᠰ ᠢᠶᠡᠷ ᠥᠪᠡᠷᠰᠡᠳ ᠢ ᠪᠠᠨ ᠴᠢᠮᠡᠭᠡᠷᠡᠢ᠃ 11 ᠡᠮᠡᠭᠲᠡᠢ ᠬᠥᠮᠦᠨ ᠪᠦᠷᠢᠨ ᠳᠤᠭᠤᠯᠭᠠᠪᠤᠷᠢᠲᠠᠢ ᠪᠠᠷ ᠨᠠᠮᠵᠢᠭᠤᠨ ᠰᠤᠷᠤᠯᠴᠠᠭᠠᠷᠠᠢ᠃ 12 ᠡᠮᠡᠭᠲᠡᠢ ᠬᠥᠮᠦᠨ ᠦ ᠵᠢᠭᠠᠬᠤ᠂ ᠡᠰᠡᠪᠡᠯ ᠡᠷᠡᠭᠲᠡᠢ ᠬᠥᠮᠦᠨ ᠢ ᠵᠠᠬᠢᠷᠬᠤ ᠶᠢ ᠪᠢ ᠵᠥᠪᠰᠢᠶᠡᠷᠡᠬᠦ ᠦᠭᠡᠢ᠃ ᠲᠡᠳᠡ ᠨᠠᠮᠵᠢᠭᠤᠨ ᠪᠠᠢᠬᠤ ᠶᠣᠰᠣᠲᠠᠢ᠃ 13 ᠤᠴᠢᠷ ᠨᠢ᠂ ᠤᠷᠢᠳᠠᠪᠠᠷ ᠠᠳᠠᠮ᠂ ᠳᠠᠷᠠᠭ᠎ᠠ ᠨᠢ ᠬᠠᠸᠠ ᠪᠦᠲᠦᠭᠡᠭᠳᠡᠭᠰᠡᠨ ᠪᠥᠭᠡᠳ 14 ᠠᠳᠠᠮ ᠮᠡᠬᠡᠯᠡᠭᠳᠡᠭᠰᠡᠨ ᠪᠢᠰᠢ᠂ ᠬᠠᠷᠢᠨ ᠡᠮᠡᠭᠲᠡᠢ ᠨᠢ ᠮᠡᠬᠡᠯᠡᠭᠳᠡᠵᠦ ᠵᠥᠷᠢᠴᠡᠭᠴᠢ ᠪᠣᠯᠣᠭᠰᠠᠨ᠃ 15 ᠭᠡᠪᠡᠴᠦ ᠡᠮᠡᠭᠲᠡᠢ ᠬᠥᠮᠦᠨ ᠢᠲᠡᠭᠡᠯ ᠢᠶᠡᠷ᠂ ᠬᠠᠢᠷ᠎ᠠ ᠪᠠᠷ᠂ ᠠᠷᠢᠭᠤᠨ ᠢᠶᠠᠷ᠂ ᠳᠠᠷᠤᠤ ᠬᠢᠴᠢᠶᠡᠩᠭᠦᠢ ᠠᠮᠢᠳᠤᠷᠠᠵᠤ ᠪᠠᠢᠪᠠᠯ ᠬᠡᠦᠬᠡᠳ ᠦᠨ ᠲᠥᠷᠥᠯᠲᠡ ᠪᠡᠷ 1 ᠠᠪᠤᠷᠠᠭᠳᠠᠨ᠎ᠠ᠃