ᠨᠢᠭᠡᠳᠦᠭᠡᠷ ᠲᠢᠮᠣᠲ ᠲᠠᠪᠤ
ᠴᠢᠭᠤᠯᠭᠠᠨ ᠤ ᠬᠢᠨ ᠲᠠᠢ ᠬᠠᠷᠢᠯᠴᠠᠬᠤ ᠵᠠᠷᠴᠢᠮ
1 ᠡᠪᠦᠭᠡᠳ ᠢ ᠪᠦᠦ ᠵᠢᠮᠡᠯᠡ᠂ ᠬᠠᠷᠢᠨ ᠲᠡᠳᠡᠨ ᠢ ᠡᠴᠢᠭᠡ ᠪᠡᠨ ᠮᠡᠲᠦ᠂ ᠵᠠᠯᠠᠭᠤᠰ ᠢ ᠠᠬ᠎ᠠ ᠳᠡᠭᠦᠦ ᠪᠡᠨ ᠮᠡᠲᠦ᠂ 2 ᠡᠮᠡᠭᠡᠳ ᠢ ᠡᠵᠢ ᠪᠠᠨ ᠮᠡᠲᠦ᠂ ᠵᠠᠯᠠᠭᠤ ᠡᠮᠡᠭᠲᠡᠢᠴᠦᠳ ᠢ ᠡᠭᠡᠴᠢ ᠳᠡᠭᠦᠦ ᠪᠡᠨ ᠮᠡᠲᠦ ᠪᠦᠷᠢᠨ ᠴᠠᠭᠠᠬᠠᠨ ᠰᠡᠳᠬᠢᠯ ᠢᠶᠠᠷ ᠤᠷᠮᠠᠰᠢᠭᠤᠯ᠃
3 ᠵᠢᠩᠬᠢᠨᠢ ᠪᠡᠯᠪᠡᠰᠦᠨ ᠪᠠᠢᠭ᠎ᠠ ᠡᠮᠡᠭᠲᠡᠢᠴᠦᠳ ᠢ ᠬᠦᠨᠳᠦᠯᠡᠭᠲᠦᠨ᠃ 4 ᠬᠡᠷᠪᠡ ᠪᠡᠯᠪᠡᠰᠦᠨ ᠡᠮᠡᠭᠲᠡᠢ ᠳᠦ ᠬᠡᠦᠬᠡᠳ ᠰᠢᠤᠬᠠᠳ᠂ ᠡᠰᠡᠪᠡᠯ ᠣᠮᠪᠣᠯᠣ ᠪᠠᠢᠪᠠᠯ ᠲᠡᠳᠡᠨ ᠳᠦ ᠶᠠᠭᠤᠨ ᠤ ᠡᠮᠦᠨ᠎ᠡ ᠥᠪᠡᠷᠰᠡᠳ ᠦᠨ ᠢᠶᠠᠨ ᠭᠡᠷ ᠲᠦ ᠰᠦᠰᠦᠭᠲᠡᠨ ᠦ ᠡᠭᠦᠷᠭᠡ ᠶᠢ ᠪᠡᠶᠡᠯᠡᠭᠦᠯᠬᠦ ᠪᠠ ᠮᠥᠨ ᠡᠴᠢᠭᠡ ᠡᠬᠡ ᠶᠢᠨ ᠢᠶᠠᠨ ᠠᠴᠢ ᠶᠢ ᠬᠠᠷᠢᠭᠤᠯᠬᠤ ᠶᠢ ᠰᠤᠷᠭ᠎ᠠ᠃ ᠲᠡᠭᠡᠬᠦ ᠨᠢ ᠪᠤᠷᠬᠠᠨ ᠤ ᠮᠡᠯᠮᠡᠢ ᠳᠦ ᠲᠠᠭᠠᠯᠠᠮᠵᠢᠲᠠᠢ᠃ 5 ᠵᠢᠩᠬᠢᠨᠢ ᠪᠡᠯᠪᠡᠰᠦᠷᠡᠭᠰᠡᠨ᠂ ᠭᠠᠭᠴᠠᠭᠠᠷᠳᠠᠭᠰᠠᠨ ᠡᠮᠡᠭᠲᠡᠢ ᠨᠢ ᠪᠤᠷᠬᠠᠨ ᠳᠤ ᠨᠠᠢᠳᠠᠯᠭ᠎ᠠ ᠪᠠᠨ ᠲᠠᠯᠪᠢᠨ ᠡᠳᠦᠷ ᠰᠥᠨᠢ ᠦᠭᠡᠢ ᠭᠤᠶᠤᠭᠰᠠᠭᠠᠷ᠂ ᠳᠠᠭᠠᠳᠬᠠᠭᠰᠠᠭᠠᠷ ᠪᠠᠢᠬᠤ ᠳᠤ᠂ 6 ᠵᠤᠭ᠎ᠠ ᠴᠡᠩᠭᠡᠯ ᠳᠡᠭᠡᠨ ᠠᠪᠲᠠᠭᠳᠠᠭᠰᠠᠨ ᠨᠢ ᠠᠮᠢᠳᠤ ᠪᠠᠢᠪᠠᠴᠤ ᠦᠬᠦᠭᠰᠡᠨ ᠪᠠᠢᠳᠠᠭ᠃ 7 ᠡᠳᠡᠭᠡᠷ ᠢ ᠵᠠᠬᠢᠭᠠᠷᠠᠢ᠂ ᠲᠡᠳᠡ ᠬᠡᠯᠡᠭᠳᠡᠬᠦ ᠶᠠᠭᠤᠮ᠎ᠠ ᠦᠭᠡᠢ ᠪᠠᠶᠢᠭ᠂ 8 ᠬᠡᠨ ᠴᠤ ᠭᠡᠰᠡᠨ᠂ ᠥᠪᠡᠷ ᠦᠨ ᠲᠥᠷᠥᠯ ᠰᠠᠳᠤᠨ᠂ ᠢᠯᠠᠩ᠋ᠭᠤᠶ᠎ᠠ ᠭᠡᠷ ᠦᠨ ᠬᠢᠨ ᠢᠶᠠᠨ ᠲᠡᠳᠬᠦᠳᠡᠭ ᠦᠭᠡᠢ ᠪᠣᠯ᠂ ᠢᠲᠡᠭᠡᠯ ᠢᠶᠡᠨ ᠣᠭᠣᠷᠣᠭᠰᠠᠨ ᠬᠡᠷᠡᠭ ᠪᠥᠭᠡᠳ ᠦᠯᠦ ᠢᠲᠡᠭᠡᠭᠴᠢ ᠡᠴᠡ ᠳᠣᠣᠷ᠎ᠠ᠃
9 ᠪᠡᠯᠪᠡᠰᠦᠨ ᠡᠮᠡᠭᠲᠡᠢ ᠶᠢᠨ ᠵᠢᠭᠰᠠᠭᠠᠯᠲᠠ ᠳᠤ᠂ ᠵᠢᠷᠠ ᠠᠴᠠ ᠳᠡᠭᠡᠭᠰᠢ ᠨᠠᠰᠤᠲᠠᠢ ᠪᠥᠭᠡᠳ ᠭᠠᠭᠴᠠ ᠡᠷ᠎ᠡ ᠶᠢᠨ ᠡᠬᠡᠨᠡᠷ ᠪᠠᠢᠭᠰᠠᠨ᠂ 10 ᠬᠡᠦᠬᠡᠳ ᠢᠶᠡᠨ ᠬᠥᠮᠦᠵᠢᠭᠦᠯᠬᠦ᠂ ᠵᠣᠴᠢᠯᠠᠬᠤ᠂ ᠠᠷᠢᠭᠤᠨ ᠬᠥᠮᠦᠰ ᠦᠨ ᠬᠥᠯ ᠢ ᠤᠬᠢᠶᠠᠬᠤ᠂ ᠵᠣᠪᠠᠭᠰᠠᠳ ᠲᠤ ᠲᠤᠰᠠᠯᠠᠬᠤ᠂ ᠠᠯᠢᠪᠠ ᠰᠠᠢᠨ ᠦᠢᠯᠡᠰ ᠢ ᠳᠠᠭᠠᠬᠤ ᠵᠡᠷᠭᠡ ᠳᠦ ᠰᠠᠢᠨ ᠦᠢᠯᠡᠰ ᠢᠶᠡᠷ ᠢᠶᠠᠨ ᠰᠠᠢᠰᠢᠶᠠᠭᠳᠠᠭᠰᠠᠨ ᠬᠥᠮᠦᠰ ᠢ ᠣᠷᠣᠭᠤᠯ᠃ 11 ᠬᠠᠷᠢᠨ ᠵᠠᠯᠠᠭᠤ ᠪᠡᠯᠪᠡᠰᠦᠨ ᠡᠮᠡᠭᠲᠡᠢᠴᠦᠳ ᠢ ᠵᠢᠭᠰᠠᠭᠠᠯᠲᠠ ᠳᠤ ᠪᠦᠦ ᠣᠷᠣᠭᠤᠯ᠃ ᠤᠴᠢᠷ ᠨᠢ᠂ ᠲᠡᠳᠡ ᠾᠷᠢᠰᠲ᠋ᠣᠰ ᠲᠤ ᠪᠢᠰᠢ᠂ ᠲᠠᠴᠢᠶᠠᠯ ᠳᠤ ᠳᠡᠢᠯᠦᠭᠳᠡᠬᠦ ᠪᠣᠯᠭᠠᠨ ᠳᠠᠭᠠᠨ ᠭᠡᠷᠯᠡᠬᠦ ᠭᠡᠬᠦ ᠪᠣᠯᠣᠨ᠎ᠠ᠃ 12 ᠢᠩᠭᠢᠭᠡᠳ ᠲᠡᠳᠡ ᠠᠩ᠋ᠬᠠᠨ ᠤ ᠢᠲᠡᠭᠡᠯ ᠢᠶᠡᠨ ᠬᠠᠶᠠᠭᠰᠠᠨ ᠢᠶᠠᠷ ᠢᠶᠠᠨ ᠰᠢᠭᠦᠮᠵᠢᠯᠡᠭᠳᠡᠬᠦ ᠪᠤᠢ᠂ 13 ᠡᠭᠦᠨ ᠡᠴᠡ ᠭᠠᠳᠠᠨ᠎ᠠ ᠲᠡᠳᠡ ᠠᠢᠯ ᠬᠡᠰᠦᠵᠦ ᠵᠠᠯᠬᠠᠭᠤ ᠵᠠᠩᠰᠢᠯ ᠲᠠᠢ ᠪᠣᠯᠣᠨ᠎ᠠ᠂ ᠵᠠᠯᠬᠠᠭᠤᠷᠠᠬᠤ ᠪᠠᠷ ᠦᠯᠦ ᠪᠠᠷᠠᠮ ᠳᠡᠮᠡᠢᠷᠡᠬᠦ᠂ ᠴᠠᠯᠴᠢᠬᠤ᠂ ᠬᠡᠯᠡᠵᠦ ᠪᠣᠯᠬᠤ ᠦᠭᠡᠢ ᠶᠢ ᠬᠡᠯᠡᠬᠦ ᠪᠣᠯᠣᠨ᠎ᠠ᠃ 14 ᠡᠢᠮᠦ ᠡᠴᠡ ᠵᠠᠯᠠᠭᠤ ᠪᠡᠯᠪᠡᠰᠦᠨ ᠡᠮᠡᠭᠲᠡᠢ ᠶᠢᠨ ᠬᠤᠪᠢ ᠳᠤ᠂ ᠳᠠᠬᠢᠨ ᠭᠡᠷᠯᠡᠵᠦ ᠬᠡᠦᠬᠡᠳ ᠲᠥᠷᠥᠵᠦ᠂ ᠡᠷᠦᠬᠡ ᠪᠡᠨ ᠳᠣᠳᠣᠮᠳᠠᠨ᠂ ᠡᠰᠡᠷᠭᠦᠴᠡᠭᠴᠢᠳ ᠲᠤ ᠭᠦᠳᠬᠡᠬᠦ ᠰᠢᠯᠲᠠᠭ ᠢ ᠥᠭᠬᠦ ᠦᠭᠡᠢ ᠪᠠᠢᠬᠤ ᠶᠢ ᠬᠦᠰᠡᠶ᠎ᠡ᠃ 15 ᠶᠠᠭᠠᠬᠢᠭᠠᠳ ᠭᠡᠪᠡᠯ᠂ ᠵᠠᠷᠢᠮ ᠨᠢ ᠬᠡᠳᠦᠢᠨᠡᠢ ᠭᠠᠵᠢᠵᠤ ᠰᠠᠲ᠋ᠠᠨ ᠢ ᠳᠠᠭᠠᠭᠰᠠᠨ ᠪᠠᠢᠨ᠎ᠠ᠃ 16 ᠬᠡᠷᠪᠡ ᠢᠲᠡᠭᠡᠭᠴᠢ ᠡᠮᠡᠭᠲᠡᠢ ᠶᠢᠨ ᠲᠥᠷᠥᠯ ᠰᠠᠳᠤᠨ ᠳᠤ ᠪᠡᠯᠪᠡᠰᠦᠨ ᠡᠮᠡᠭᠲᠡᠢ ᠪᠠᠢᠪᠠᠯ ᠲᠡᠷᠡ ᠥᠪᠡᠷ ᠢᠶᠡᠨ ᠲᠤᠰᠠᠯᠠᠭ᠂ ᠴᠢᠭᠤᠯᠭᠠᠨ ᠤ ᠡᠭᠦᠷᠭᠡᠯᠡᠯ ᠢ ᠪᠦᠦ ᠬᠦᠨᠳᠦᠷᠡᠭᠦᠯᠦᠭ᠃ ᠲᠡᠭᠡᠪᠡᠯ ᠴᠢᠭᠤᠯᠭᠠᠨ ᠵᠢᠩᠬᠢᠨᠢ ᠪᠡᠯᠪᠡᠰᠦᠨ ᠡᠮᠡᠭᠲᠡᠢᠴᠦᠳ ᠢ ᠲᠡᠳᠬᠦᠬᠦ ᠪᠣᠯᠣᠨ᠎ᠠ᠃
17 ᠰᠠᠢᠨ ᠤᠳᠤᠷᠢᠳᠤᠳᠠᠭ ᠠᠬᠠᠯᠠᠭᠴᠢᠳ᠂ ᠢᠯᠠᠩ᠋ᠭᠤᠶ᠎ᠠ ᠦᠭᠡ ᠪᠠ ᠰᠤᠷᠭᠠᠯ ᠤᠨ ᠲᠥᠯᠥᠭᠡ ᠵᠦᠳᠡᠷᠡᠭᠰᠡᠳ ᠨᠢ ᠬᠤᠪᠢ ᠳᠠᠬᠢᠨ ᠬᠦᠨᠳᠦᠳᠬᠡᠭᠳᠡᠭ᠃ 18 ᠤᠴᠢᠷ ᠨᠢ᠂ ᠠᠷᠢᠭᠤᠨ ᠨᠣᠮ ᠳᠤ 《ᠲᠠᠷᠢᠶ᠎ᠠ ᠦᠲᠦᠷᠮᠡᠳᠡᠵᠦ ᠪᠤᠢ ᠦᠬᠡᠷ ᠦᠨ ᠠᠮᠠᠨ ᠳᠤ ᠲᠣᠷᠣᠮᠳᠣᠭ ᠪᠦᠦ ᠵᠡᠭᠦᠯᠭᠡ》 ᠭᠡᠰᠡᠨ ᠪᠠ 《ᠠᠵᠢᠯᠴᠢᠨ ᠬᠥᠯᠥᠰᠥ ᠪᠡᠨ ᠠᠪᠬᠤ ᠨᠢ ᠵᠦᠢᠲᠡᠢ》 ᠭᠡᠵᠦ ᠪᠢᠴᠢᠭᠳᠡᠭᠰᠡᠨ ᠪᠠᠢᠳᠠᠭ᠃ 19 ᠠᠬᠠᠯᠠᠭᠴᠢ ᠶᠢ ᠵᠠᠭᠠᠯᠳᠤᠭᠰᠠᠨ ᠬᠡᠷᠡᠭ ᠢ ᠬᠣᠶᠠᠷ ᠭᠤᠷᠪᠠᠨ ᠭᠡᠷᠡᠴᠢ ᠦᠭᠡᠢ ᠪᠠᠷ ᠪᠦᠦ ᠬᠦᠯᠢᠶᠡᠨ ᠠᠪ᠃ 20 ᠭᠡᠪᠡᠴᠦ ᠨᠢᠭᠦᠯ ᠦᠢᠯᠡᠳᠴᠦ ᠪᠠᠢᠭ᠎ᠠ ᠶᠢ ᠨᠢ ᠪᠦᠬᠦᠨ ᠦ ᠡᠮᠦᠨ᠎ᠡ ᠵᠢᠮᠡᠯᠡ᠂ ᠲᠡᠭᠡᠪᠡᠯ ᠪᠤᠰᠤᠳ ᠨᠢ ᠴᠤ ᠡᠮᠢᠶᠡᠬᠦ ᠪᠣᠯᠣᠨ᠎ᠠ᠃ 21 ᠪᠤᠷᠬᠠᠨ᠂ ᠾᠷᠢᠰᠲ᠋ᠣᠰ ᠢᠰᠦ᠋ᠰ ᠪᠠ ᠲᠩᠷᠢ ᠶᠢᠨ ᠰᠣᠩ᠋ᠭᠣᠭᠳᠠᠭᠰᠠᠨ ᠡᠯᠴᠢᠳ ᠤᠨ ᠡᠮᠦᠨ᠎ᠡ ᠪᠢ ᠴᠢᠮ᠎ᠠ ᠳᠤ ᠠᠩ᠋ᠬᠠᠷᠤᠭᠤᠯᠤᠶᠠ᠄ ᠴᠢ ᠡᠳᠡᠭᠡᠷ ᠢ ᠬᠡᠪᠰᠢᠭᠰᠡᠨ ᠦᠵᠡᠯ ᠦᠭᠡᠢ ᠪᠠᠷ ᠰᠠᠬᠢ᠂ ᠶᠠᠭᠤ ᠶᠢ ᠴᠤ ᠠᠯᠠᠭᠴᠢᠯᠠᠯ ᠲᠠᠢ ᠪᠠᠷ ᠪᠦᠦ ᠬᠢ᠃ 22 ᠶᠠᠭᠠᠷᠠᠯᠲᠠᠢ ᠪᠠᠷ ᠬᠥᠮᠦᠨ ᠦ ᠳᠡᠭᠡᠷ᠎ᠡ ᠭᠠᠷ ᠢᠶᠠᠨ ᠪᠦᠦ ᠲᠠᠯᠪᠢ᠂ ᠪᠤᠰᠤᠳ ᠤᠨ ᠭᠡᠮ ᠨᠢᠭᠦᠯ ᠳᠦ ᠪᠦᠦ ᠤᠷᠢᠶᠠᠴᠠᠯᠳᠤ᠂ ᠥᠪᠡᠷ ᠢ ᠪᠠᠨ ᠴᠡᠪᠡᠷ ᠠᠷᠢᠭᠤᠨ ᠪᠠᠢᠯᠭ᠎ᠠ᠃
23 ᠴᠢ ᠪᠢᠲᠡᠭᠡᠢ ᠵᠥᠪᠬᠡᠨ ᠤᠰᠤ ᠯᠠ ᠤᠤᠭᠤᠭᠠᠳ ᠪᠠᠢ᠂ ᠬᠣᠳᠣᠭᠣᠳᠣ ᠶᠢᠨ ᠢᠶᠠᠨ ᠲᠥᠯᠥᠭᠡ᠂ ᠪᠠᠰᠠ ᠠᠷᠬᠠᠭ ᠬᠠᠭᠤᠴᠢᠨ ᠤ ᠪᠠᠨ ᠲᠥᠯᠥᠭᠡ ᠦᠵᠦᠮ ᠦᠨ ᠠᠷᠢᠬᠢ ᠶᠢ ᠵᠢᠭᠠᠬᠠᠨ ᠠᠰᠢᠭᠯᠠᠭᠠᠷᠠᠢ᠃
24 ᠵᠠᠷᠢᠮ ᠬᠥᠮᠦᠰ ᠦᠨ ᠨᠢᠭᠦᠯ ᠨᠢ ᠢᠯᠡᠷᠬᠡᠢ ᠪᠣᠯᠬᠣᠷ ᠰᠢᠳᠬᠡᠯ ᠡᠴᠡ ᠤᠷᠢᠳ ᠢᠯᠡᠷᠡᠳᠡᠭ ᠪᠣᠯ᠂ ᠵᠠᠷᠢᠮ ᠤᠨ ᠬᠢᠨᠢ ᠬᠣᠵᠢᠮᠳᠠᠵᠤ ᠢᠯᠡᠷᠡᠳᠡᠭ᠃ 25 ᠡᠭᠦᠨᠴᠢᠯᠡᠨ ᠰᠠᠢᠨ ᠦᠢᠯᠡᠰ ᠴᠤ ᠢᠯᠡᠷᠬᠡᠢ ᠪᠠᠢᠳᠠᠭ᠂ ᠢᠯᠡᠷᠬᠡᠢ ᠪᠤᠰᠤ ᠨᠢ ᠴᠤ ᠨᠢᠭᠤᠭᠳᠠᠵᠤ ᠴᠢᠳᠠᠬᠤ ᠦᠭᠡᠢ᠃