ᠨᠢᠭᠡᠳᠦᠭᠡᠷ ᠲᠢᠮᠣᠲ ᠳᠥᠷᠪᠡ
ᠢᠲᠡᠭᠡᠯ ᠢᠶᠡᠨ ᠣᠭᠣᠷᠬᠤ ᠲᠤᠬᠠᠢ ᠡᠰᠢ ᠦᠵᠡᠭᠦᠯᠦᠯᠭᠡ
1 ᠠᠷᠢᠭᠤᠨ ᠰᠦᠨᠡᠰᠦ ᠲᠣᠳᠣᠷᠬᠠᠢ ᠶᠠᠷᠢᠵᠤ ᠪᠠᠢᠨ᠎ᠠ᠂ ᠬᠣᠵᠢᠮ ᠤᠨ ᠡᠳᠦᠷ ᠤᠳ ᠲᠤ ᠵᠠᠷᠢᠮ ᠨᠢ ᠢᠲᠡᠭᠡᠯ ᠢᠶᠡᠨ ᠣᠷᠬᠢᠵᠤ᠂ ᠪᠠᠴᠢᠯᠠᠭᠴᠢ ᠰᠦᠨᠡᠰᠦ ᠨᠦᠭᠦᠳ ᠬᠢᠭᠡᠳ ᠴᠢᠳᠬᠥᠷ ᠤᠳ ᠤᠨ ᠰᠤᠷᠭᠠᠯ ᠤᠳ ᠢ ᠳᠠᠭᠠᠬᠤ ᠪᠣᠯᠣᠨ᠎ᠠ᠃ 2 ᠲᠡᠳᠡᠭᠡᠷ ᠰᠤᠷᠭᠠᠯ ᠪᠣᠯ ᠮᠥᠰᠥ ᠴᠢᠨᠠᠷ ᠨᠢ ᠬᠠᠯᠠᠭᠤᠨ ᠲᠡᠮᠦᠷ ᠢᠶᠡᠷ ᠬᠠᠭᠠᠷᠢᠭᠳᠠᠭᠰᠠᠨ ᠬᠣᠶᠠᠷ ᠨᠢᠭᠤᠷᠲᠠᠨ᠂ ᠬᠤᠳᠠᠯ ᠬᠡᠯᠡᠭᠴᠢᠳ ᠤᠨ ᠬᠢ᠃ 3 ᠲᠡᠳᠡ ᠭᠡᠷᠯᠡᠬᠦ ᠶᠢ ᠬᠣᠷᠢᠭᠯᠠᠨ ᠵᠠᠷᠢᠮ ᠢᠳᠡᠭᠡᠨ ᠢ ᠴᠡᠭᠡᠷᠯᠡᠨ᠎ᠡ᠃ ᠬᠠᠷᠢᠨ ᠪᠤᠷᠬᠠᠨ ᠲᠡᠷᠡ ᠢᠳᠡᠭᠡᠨ ᠢ ᠪᠦᠲᠦᠭᠡᠭᠰᠡᠨ᠂ ᠢᠲᠡᠭᠡᠭᠡᠳ᠂ ᠦᠨᠡᠨ ᠢ ᠮᠡᠳᠡᠭᠰᠡᠨ ᠬᠥᠮᠦᠰ ᠨᠢ ᠲᠡᠳᠡᠭᠡᠷ ᠢ ᠲᠠᠯᠠᠷᠬᠠᠯ ᠲᠠᠢ ᠪᠠᠷ ᠬᠦᠯᠢᠶᠡᠨ ᠠᠪᠴᠤ ᠪᠣᠯᠣᠨ᠎ᠠ᠃ 4 ᠤᠴᠢᠷ ᠨᠢ᠂ ᠪᠤᠷᠬᠠᠨ ᠤ ᠪᠦᠲᠦᠭᠡᠭᠰᠡᠨ ᠪᠣᠯᠭᠠᠨ ᠰᠠᠢᠨ᠂ ᠲᠠᠯᠠᠷᠬᠠᠯ ᠲᠠᠢ ᠪᠠᠷ ᠠᠪᠤᠪᠠᠯ ᠬᠠᠶᠠᠬᠤ ᠵᠦᠢᠯ ᠭᠡᠵᠦ ᠦᠭᠡᠢ᠃ 5 ᠪᠦᠭᠦᠳᠡᠭᠡᠷ ᠢᠶᠡᠨ ᠪᠤᠷᠬᠠᠨ ᠤ ᠦᠭᠡ ᠬᠢᠭᠡᠳ ᠬᠥᠮᠦᠨ ᠦ ᠳᠠᠭᠠᠳᠬᠠᠯ ᠢᠶᠠᠷ ᠠᠷᠢᠭᠤᠰᠬᠠᠭᠳᠠᠳᠠᠭ᠃
ᠾᠷᠢᠰᠲ᠋ᠣᠰ ᠤᠨ ᠰᠠᠢᠨ ᠦᠢᠯᠡᠴᠢᠯᠡᠭᠴᠢ
6 ᠴᠢ ᠡᠳᠡᠭᠡᠷ ᠢ ᠠᠬ᠎ᠠ ᠳᠡᠭᠦᠦ ᠨᠠᠷ ᠲᠤ ᠰᠤᠷᠭᠠᠮᠵᠢᠯᠠᠭᠰᠠᠭᠠᠷ ᠪᠠᠢᠪᠠᠯ᠂ ᠥᠪᠡᠷ ᠦᠨ ᠢᠶᠠᠨ ᠳᠠᠭᠠᠵᠤ ᠪᠠᠢᠭᠰᠠᠨ ᠢᠲᠡᠭᠡᠯ ᠦᠨ ᠦᠭᠡ ᠬᠢᠭᠡᠳ ᠰᠠᠢᠬᠠᠨ ᠰᠤᠷᠭᠠᠯ ᠢᠶᠠᠷ ᠬᠥᠮᠦᠵᠢᠵᠦ ᠾᠷᠢᠰᠲ᠋ᠣᠰ ᠢᠰᠦ᠋ᠰ ᠤᠨ ᠰᠠᠢᠬᠠᠨ ᠦᠢᠯᠡᠴᠢᠯᠡᠭᠴᠢ ᠪᠣᠯᠣᠨ᠎ᠠ᠃ 7 ᠠᠷᠢᠭᠤᠨ ᠪᠤᠰᠤ ᠵᠣᠬᠢᠶᠠᠮᠠᠯ ᠶᠠᠷᠢᠶ᠎ᠠ ᠪᠠ ᠡᠮᠡᠭᠡᠳ ᠦᠨ ᠦᠯᠢᠭᠡᠷ ᠢ ᠲᠡᠪᠴᠢ᠂ ᠰᠦᠰᠦᠭ ᠤᠷᠤᠭᠤ ᠥᠪᠡᠷ ᠢ ᠪᠠᠨ ᠳᠠᠰᠬᠠᠯᠵᠢᠭᠤᠯ᠃ 8 ᠪᠡᠶ᠎ᠡ ᠶᠢᠨ ᠳᠠᠰᠬᠠᠯ ᠵᠢᠭᠠᠬᠠᠨ ᠲᠤᠰᠠ ᠲᠠᠢ ᠪᠣᠯ᠂ ᠰᠦᠰᠦᠭ ᠨᠢ ᠶᠠᠭᠤᠮ᠎ᠠ ᠪᠣᠯᠭᠠᠨ ᠳᠤ ᠲᠤᠰᠠ ᠲᠠᠢ ᠪᠥᠭᠡᠳ ᠲᠡᠭᠦᠨ ᠳᠦ ᠣᠳᠣ ᠶᠢᠨ ᠠᠮᠢ ᠪᠠ ᠢᠷᠡᠭᠡᠳᠦᠢ ᠶᠢᠨ ᠠᠮᠢ ᠶᠢᠨ ᠠᠮᠠᠯᠠᠯᠲᠠ ᠪᠤᠢ᠃ 9 ᠢᠲᠡᠭᠡᠮᠵᠢᠲᠠᠢ᠂ ᠪᠦᠷᠢᠮᠦᠰᠦᠨ ᠬᠦᠯᠢᠶᠡᠨ ᠠᠪᠤᠭᠤᠰᠢᠲᠠᠢ ᠦᠭᠡ ᠪᠣᠯ ᠡᠨᠡ᠂ 10 ᠪᠢᠳᠡ ᠡᠭᠦᠨ ᠦ ᠲᠥᠯᠥᠭᠡ ᠵᠦᠳᠡᠷᠡᠵᠦ ᠲᠡᠮᠡᠴᠡᠳᠡᠭ᠂ ᠪᠢᠳᠡ ᠠᠮᠢᠳᠤ ᠪᠤᠷᠬᠠᠨ ᠳᠤ ᠨᠠᠢᠳᠠᠯᠭ᠎ᠠ ᠲᠠᠯᠪᠢᠭᠰᠠᠨ᠂ ᠲᠡᠷᠡ ᠪᠣᠯ ᠬᠥᠮᠦᠨ ᠪᠦᠬᠦᠨ ᠦ᠂ ᠢᠯᠠᠩ᠋ᠭᠤᠶ᠎ᠠ ᠢᠲᠡᠭᠡᠭᠴᠢᠳ ᠤᠨ ᠠᠪᠤᠷᠠᠭᠴᠢ ᠪᠢᠯᠡ᠃
11 ᠴᠢ ᠡᠳᠡᠭᠡᠷ ᠢ ᠵᠠᠬᠢᠵᠤ ᠵᠢᠭᠠᠭᠠᠷᠠᠢ᠃ 12 ᠬᠡᠨ ᠴᠤ ᠴᠢᠮᠠᠶᠢ ᠵᠠᠯᠠᠭᠤ ᠭᠡᠵᠦ ᠪᠦᠦ ᠪᠠᠰᠤᠭ᠂ ᠴᠢ ᠦᠭᠡ ᠶᠠᠷᠢᠶ᠎ᠠ᠂ ᠦᠢᠯᠡᠰ᠂ ᠬᠠᠢᠷ᠎ᠠ᠂ ᠢᠲᠡᠭᠡᠯ᠂ ᠴᠡᠪᠡᠷ ᠪᠠᠢᠳᠠᠯ ᠢᠶᠠᠷ ᠢᠶᠠᠨ ᠢᠲᠡᠭᠡᠭᠴᠢᠳ ᠤᠨ ᠵᠢᠱᠢᠶ᠎ᠡ ᠪᠣᠯᠵᠤ᠂ 13 ᠨᠠᠮᠠᠶᠢ ᠣᠴᠢᠲᠠᠯ᠎ᠠ ᠤᠩ᠋ᠰᠢᠬᠤ᠂ ᠤᠷᠮᠠᠰᠢᠭᠤᠯᠬᠤ ᠪᠠ ᠰᠤᠷᠭᠠᠬᠤ ᠳᠤ ᠰᠠᠨᠠᠭ᠎ᠠ ᠲᠠᠯᠪᠢᠵᠤ ᠪᠠᠢ᠃ 14 ᠴᠢᠨᠦ ᠳᠣᠲᠣᠷᠠᠬᠢ ᠰᠣᠶᠣᠷᠬᠠᠯ᠂ ᠠᠬᠠᠯᠠᠭᠴᠢᠳ ᠤᠨ ᠵᠥᠪᠯᠡᠯ ᠳᠦ ᠴᠢᠨᠦ ᠳᠡᠭᠡᠷ᠎ᠡ ᠭᠠᠷ ᠲᠠᠯᠪᠢᠵᠤ ᠡᠰᠢ ᠦᠵᠡᠭᠦᠯᠦᠯᠭᠡ ᠶᠢᠨ ᠦᠭᠡ ᠶᠠᠷᠢᠬᠤ ᠦᠶ᠎ᠡ ᠳᠦ ᠬᠦᠷᠲᠡᠭᠰᠡᠨ ᠰᠣᠶᠣᠷᠬᠠᠯ ᠢᠶᠠᠨ ᠪᠦᠦ ᠬᠥᠩᠭᠡᠪᠴᠢᠯᠡ᠃ 15 ᠡᠳᠡᠭᠡᠷ ᠢ ᠬᠡᠷᠡᠭᠵᠢᠭᠦᠯ᠂ ᠡᠳᠡᠭᠡᠷ ᠲᠦ ᠥᠪᠡᠷ ᠢ ᠪᠠᠨ ᠵᠣᠷᠢᠭᠤᠯ᠂ ᠴᠢᠨᠦ ᠳᠠᠪᠰᠢᠯᠲᠠ ᠬᠥᠮᠦᠨ ᠪᠦᠬᠦᠨ ᠳᠦ ᠢᠯᠡᠷᠡᠭ᠃ 16 ᠥᠪᠡᠷ ᠦᠨ ᠪᠠᠢᠳᠠᠯ ᠪᠣᠯᠣᠨ ᠰᠤᠷᠭᠠᠯ ᠳᠤ ᠠᠩ᠋ᠬᠠᠷᠤᠯ ᠲᠠᠯᠪᠢ᠃ ᠡᠳᠡᠭᠡᠷ ᠢ ᠦᠢᠯᠡᠳᠦᠭᠰᠡᠭᠡᠷ ᠪᠠᠢ᠂ ᠡᠢᠨ ᠬᠦ ᠴᠢ ᠥᠪᠡᠷ ᠦᠨ ᠪᠡᠶ᠎ᠡ ᠪᠣᠯᠣᠨ ᠴᠢᠨᠦᠬᠢ ᠶᠢ ᠰᠣᠨᠣᠰᠣᠭᠴᠢᠳ ᠢ ᠠᠪᠤᠷᠠᠨ᠎ᠠ᠃