1 2 3 4 5 6


ᠨᠢᠭᠡᠳᠦᠭᠡᠷ ᠲᠢᠮᠣᠲ ᠵᠢᠷᠭᠤᠭ᠎ᠠ
 ᠦᠢᠯᠡᠴᠢᠯᠡᠭᠴᠢ ᠳᠤ ᠥᠭᠬᠦ ᠵᠢᠭᠠᠪᠤᠷᠢ ᠰᠦᠰᠦᠭ ᠪᠠ ᠬᠠᠩ᠋ᠭᠠᠯᠤᠭᠤᠨ ᠠᠮᠢᠳᠤᠷᠠᠯ

1 ᠪᠤᠭᠤᠯᠠᠭ᠎ᠠ ᠶᠢᠨ ᠳᠣᠣᠷᠠᠬᠢ ᠪᠣᠭᠣᠯ ᠪᠦᠷᠢ ᠡᠵᠡᠨ ᠢᠶᠡᠨ ᠪᠦᠷᠢᠨ ᠬᠦᠨᠳᠦᠳᠬᠡᠯ ᠲᠡᠢ ᠭᠡᠵᠦ ᠦᠵᠡ᠃ ᠡᠢᠨ ᠬᠦ ᠪᠤᠷᠬᠠᠨ ᠤ ᠨᠡᠷ᠎ᠡ ᠪᠠ ᠰᠤᠷᠭᠠᠯ ᠪᠦᠦ ᠳᠣᠷᠣᠮᠵᠢᠯᠠᠭᠳᠠᠭ᠃ 2 ᠪᠣᠭᠣᠯ ᠨᠢ ᠢᠲᠡᠭᠡᠭᠴᠢ ᠡᠵᠡᠨ ᠲᠡᠢ ᠪᠡᠨ ᠠᠬ᠎ᠠ ᠳᠡᠭᠦᠦ ᠪᠣᠯᠣᠭᠰᠠᠨ ᠭᠡᠳ ᠲᠡᠭᠦᠨ ᠢ ᠬᠥᠩᠭᠡᠪᠴᠢᠯᠡᠵᠦ ᠪᠣᠯᠬᠤ ᠦᠭᠡᠢ᠂ ᠠᠰᠢᠭ ᠢ ᠬᠦᠷᠲᠡᠭᠴᠢ ᠨᠢ ᠢᠲᠡᠭᠡᠭᠴᠢ ᠪᠥᠭᠡᠳ ᠬᠠᠢᠷᠠᠯᠠᠭᠳᠠᠭᠴᠢ ᠪᠣᠯᠣᠭᠰᠠᠨ ᠭᠡᠳ ᠨᠡᠩ ᠢᠯᠡᠭᠦᠦ ᠦᠢᠯᠡᠴᠢᠯᠡᠬᠦ ᠶᠣᠰᠣᠲᠠᠢ᠂ ᠴᠢ ᠡᠳᠡᠭᠡᠷ ᠢ ᠵᠢᠭᠠᠵᠤ ᠰᠠᠨᠠᠭᠤᠯ᠃ 3 ᠬᠡᠨ ᠨᠢᠭᠡᠨ ᠬᠥᠮᠦᠨ ᠪᠢᠳᠡᠨ ᠦ ᠡᠵᠡᠨ ᠢᠰᠦ᠋ᠰ ᠾᠷᠢᠰᠲ᠋ᠣᠰ ᠤᠨ ᠡᠷᠡᠭᠦᠯ ᠦᠭᠡᠰ ᠬᠢᠭᠡᠳ ᠰᠦᠰᠦᠭᠲᠦ ᠰᠤᠷᠭᠠᠯ ᠢ ᠳᠠᠭᠠᠯ ᠦᠭᠡᠢ᠂ ᠥᠭᠡᠷ᠎ᠡ ᠵᠦᠢᠯ ᠢ ᠵᠢᠭᠠᠪᠠᠯ᠂ 4 ᠲᠡᠷᠡ ᠨᠢ ᠪᠠᠷᠳᠠᠮᠨᠠᠭᠴᠢ ᠶᠤᠮ᠂ ᠲᠡᠷᠡ ᠪᠡᠷ ᠶᠠᠭᠤ ᠴᠤ ᠣᠢᠯᠠᠭᠠᠬᠤ ᠦᠭᠡᠢ ᠪᠠᠷ ᠬᠡᠷᠡᠭᠦᠯ ᠮᠠᠷᠭᠤᠭᠠᠨ ᠳᠤ ᠤᠯᠠᠢᠷᠠᠳᠠᠭ᠃ ᠡᠭᠦᠨ ᠡᠴᠡ ᠠᠲᠠᠭᠠᠷᠬᠠᠯ᠂ ᠵᠥᠷᠢᠴᠡᠯ᠂ ᠭᠦᠳᠬᠡᠯ᠂ ᠬᠣᠣᠷᠲᠠᠢ ᠲᠠᠭᠠᠮᠠᠭ ᠪᠠ 5 ᠪᠠᠢᠩ᠋ᠭᠤ ᠶᠢᠨ ᠵᠥᠷᠢᠴᠡᠯᠳᠦᠭᠡᠨ ᠡᠭᠦᠰᠳᠡᠭ᠃ ᠡᠳᠡᠭᠡᠷ ᠨᠢ ᠰᠠᠨᠠᠭ᠎ᠠ ᠪᠠᠨ ᠮᠠᠭᠤᠳᠠᠭᠤᠯᠵᠤ ᠦᠨᠡᠨ ᠢᠶᠡᠨ ᠠᠯᠳᠠᠭᠰᠠᠨ᠂ ᠰᠦᠰᠦᠭ ᠢ ᠠᠰᠢᠭ ᠤᠨ ᠠᠷᠭ᠎ᠠ ᠬᠡᠮᠡᠨ ᠦᠵᠡᠳᠡᠭ ᠬᠥᠮᠦᠰ ᠦᠨ ᠬᠢ ᠪᠣᠯᠠᠢ᠃ 6 ᠬᠠᠷᠢᠨ ᠬᠠᠩ᠋ᠭᠠᠯᠤᠭᠤᠨ ᠰᠡᠳᠬᠢᠯ ᠪᠦᠬᠦᠢ ᠰᠦᠰᠦᠭ ᠪᠣᠯ ᠦᠯᠡᠮᠵᠢ ᠠᠰᠢᠭ ᠮᠥᠨ᠃ 7 ᠪᠢᠳᠡ ᠶᠢᠷᠲᠢᠨᠴᠦ ᠳᠦ ᠶᠠᠭᠤ ᠴᠤ ᠠᠪᠴᠢᠷᠠᠭᠰᠠᠨ ᠦᠭᠡᠢ᠂ ᠡ᠊ᠨᠳᠡ ᠡᠴᠡ ᠶᠠᠭᠤ ᠴᠤ ᠠᠪᠠᠴᠢᠵᠤ ᠴᠢᠳᠠᠬᠤ ᠦᠭᠡᠢ᠂ 8 ᠬᠣᠭᠣᠯᠠ᠂ ᠬᠤᠪᠴᠠᠰᠤ ᠲᠠᠢ ᠪᠣᠯ ᠡᠳᠡᠭᠡᠷ ᠢᠶᠡᠷ ᠬᠠᠩ᠋ᠭᠠᠯᠲᠠᠲᠠᠢ ᠪᠣᠯᠣᠨ᠎ᠠ᠃ 9 ᠬᠠᠷᠢᠨ ᠪᠠᠶᠠᠨ ᠪᠣᠯᠣᠶ᠎ᠠ ᠭᠡᠭᠴᠢᠳ ᠨᠢ ᠲᠡᠩᠰᠡᠯᠲᠡ᠂ ᠤᠷᠠᠬ᠎ᠠ ᠬᠢᠭᠡᠳ ᠤᠬᠠᠭᠠᠨ ᠦᠭᠡᠢ ᠬᠣᠬᠢᠷᠠᠯ ᠲᠠᠢ ᠡᠯᠳᠡᠪ ᠰᠢᠨᠤᠯ ᠳᠤ ᠠᠪᠲᠠᠳᠠᠭ ᠶᠤᠮ᠃ ᠬᠥᠮᠦᠨ ᠡᠳᠡᠭᠡᠷ ᠡᠴᠡ ᠪᠣᠯᠵᠤ ᠮᠥᠬᠥᠯ ᠰᠦᠢᠷᠡᠯ ᠳᠦ ᠤᠨᠠᠳᠠᠭ᠃ 10 ᠦᠨᠡᠨ ᠳᠡᠭᠡᠨ ᠵᠣᠭᠣᠰᠣᠨ ᠳᠤ ᠬᠠᠢᠷ᠎ᠠ ᠲᠠᠢ ᠪᠠᠢᠬᠤ ᠨᠢ ᠠᠯᠢᠪᠠ ᠮᠠᠭᠤ ᠶᠢᠨ ᠦᠨᠳᠦᠰᠦ ᠮᠥᠨ᠂ ᠰᠢᠨᠤᠯ ᠲᠠᠢ ᠵᠠᠷᠢᠮ ᠨᠢ ᠢᠲᠡᠭᠡᠯ ᠡᠴᠡ ᠪᠡᠨ ᠭᠠᠵᠢᠵᠤ ᠡᠯᠳᠡᠪ ᠵᠣᠪᠠᠯᠠᠩ ᠢᠶᠠᠷ ᠲᠠᠷᠴᠢᠯᠠᠪᠠ᠃
 ᠢᠲᠡᠭᠡᠯ ᠦᠨ ᠲᠡᠮᠡᠴᠡᠯ

11 ᠬᠠᠷᠢᠨ ᠪᠤᠷᠬᠠᠨ ᠤ ᠬᠥᠮᠦᠨ ᠴᠢ︕ ᠡᠳᠡᠭᠡᠷ ᠡᠴᠡ ᠵᠠᠢᠯᠠᠵᠤ᠂ ᠵᠥᠪ᠂ ᠰᠦᠰᠦᠭ᠂ ᠢᠲᠡᠭᠡᠯ᠂ ᠬᠠᠢᠷ᠎ᠠ᠂ ᠲᠡᠰᠪᠦᠷᠢ᠂ ᠤᠶᠠᠬᠠᠨ ᠢ ᠮᠥᠷᠳᠡᠨ᠂ 12 ᠢᠲᠡᠭᠡᠯ ᠦᠨ ᠰᠠᠢᠨ ᠲᠡᠮᠡᠴᠡᠯ ᠢᠶᠡᠷ ᠲᠡᠮᠡᠴᠡ᠂ ᠮᠥᠩᠬᠡ ᠠᠮᠢ ᠡᠴᠡ ᠵᠢᠭᠤᠷᠠ᠂ ᠴᠢ ᠡᠭᠦᠨ ᠦ ᠲᠥᠯᠥᠭᠡ ᠳᠠᠭᠤᠳᠠᠭᠳᠠᠭᠰᠠᠨ ᠪᠥᠭᠡᠳ ᠣᠯᠠᠨ ᠭᠡᠷᠡᠴᠢ ᠶᠢᠨ ᠡᠮᠦᠨ᠎ᠡ ᠰᠠᠢᠨ ᠭᠡᠷᠡᠴᠢᠯᠡᠭᠰᠡᠨ᠃ 13 ᠪᠦᠬᠦᠨ ᠳᠦ ᠠᠮᠢ ᠥᠭᠭᠥᠭᠴᠢ ᠪᠤᠷᠬᠠᠨ ᠤ ᠡᠮᠦᠨ᠎ᠡ᠂ ᠪᠠᠰᠠ ᠫᠣᠨᠲ᠋ᠢ ᠫᠢᠯᠠᠲ ᠲᠤ ᠰᠠᠢᠨ ᠭᠡᠷᠡᠴᠢᠯᠡᠭᠰᠡᠨ ᠾᠷᠢᠰᠲ᠋ᠣᠰ ᠢᠰᠦ᠋ᠰ ᠤᠨ ᠡᠮᠦᠨ᠎ᠡ ᠪᠢ ᠴᠢᠮ᠎ᠠ ᠳᠤ ᠰᠠᠨᠠᠭᠤᠯᠤᠶ᠎ᠠ᠃ 14 ᠪᠢᠳᠡᠨ ᠦ ᠡᠵᠡᠨ ᠢᠰᠦ᠋ᠰ ᠾᠷᠢᠰᠲ᠋ᠣᠰ ᠢᠯᠡᠷᠡᠲᠡᠯ᠎ᠡ ᠴᠢ ᠲᠤᠰᠢᠶᠠᠯ ᠢ ᠥ ᠰᠡᠪ ᠦᠭᠡᠢ ᠰᠠᠬᠢᠭᠠᠷᠠᠢ᠃ 15 ᠾᠷᠢᠰᠲ᠋ᠣᠰ ᠢ ᠲᠣᠪᠯᠠᠭᠰᠠᠨ ᠴᠠᠭ ᠲᠠᠭᠠᠨ ᠢᠯᠡᠷᠡᠭᠦᠯᠦᠭᠴᠢ ᠨᠢ ᠪᠤᠶᠠᠨ ᠲᠠᠢ᠂ ᠲᠡᠷᠡ ᠪᠣᠯ ᠭᠠᠭᠴᠠ ᠬᠦᠴᠦᠲᠡᠨ ᠪᠥᠭᠡᠳ ᠬᠠᠭᠠᠳ ᠤᠨ ᠬᠠᠭᠠᠨ᠂ ᠡᠵᠡᠳ ᠦᠨ ᠡᠵᠡᠨ ᠪᠢᠯᠡ᠂ 16 ᠦᠬᠦᠰᠢ ᠦᠭᠡᠢ ᠪᠠᠢᠳᠠᠯ ᠲᠡᠭᠦᠨ ᠳᠦ ᠯᠠ ᠪᠠᠢᠳᠠᠭ᠂ ᠣᠢᠷᠠᠲᠤᠰᠢ ᠦᠭᠡᠢ ᠭᠡᠷᠡᠯ ᠦᠨ ᠳᠣᠲᠣᠷ᠎ᠠ ᠲᠡᠷᠡ ᠪᠡᠷ ᠣᠷᠣᠰᠢᠳᠠᠭ ᠪᠥᠭᠡᠳ ᠲᠡᠭᠦᠨ ᠢ ᠦᠵᠡᠭᠰᠡᠨ ᠬᠥᠮᠦᠨ ᠭᠡᠵᠦ ᠦᠭᠡᠢ᠂ ᠦᠵᠡᠵᠦ ᠳᠡᠢᠯᠬᠦ ᠬᠥᠮᠦᠨ ᠴᠤ ᠦᠭᠡᠢ᠃ ᠬᠦᠨᠳᠦᠳᠬᠡᠯ ᠪᠠ ᠮᠥᠩᠬᠡ ᠶᠢᠨ ᠬᠦᠴᠦ ᠲᠡᠭᠦᠨ ᠦ ᠬᠢ᠃ ᠠᠮᠧᠨ᠃
 ᠪᠠᠶᠠᠴᠤᠳ ᠲᠤ ᠥᠭᠬᠦ ᠵᠢᠭᠠᠪᠤᠷᠢ

17 ᠴᠢ ᠣᠳᠣ ᠦᠶ᠎ᠡ ᠶᠢᠨ ᠪᠠᠶᠠᠴᠤᠳ ᠲᠤ ᠳᠡᠭᠡᠷᠡᠯᠬᠡᠬᠦ ᠦᠭᠡᠢ ᠪᠠᠢᠬᠤ ᠶᠢ᠂ ᠲᠣᠭᠲᠠᠪᠤᠷᠢ ᠦᠭᠡᠢ ᠠᠷᠪᠢᠨ ᠪᠠᠶᠠᠯᠢᠭ ᠲᠤ ᠪᠤᠰᠤ᠂ ᠬᠠᠷᠢᠨ ᠪᠢᠳᠡᠨ ᠦ ᠵᠢᠷᠭᠠᠯ ᠤᠨ ᠲᠥᠯᠥᠭᠡ ᠪᠦᠭᠦᠳᠡ ᠶᠢ ᠠᠷᠪᠢᠨ ᠢᠶᠠᠷ ᠰᠣᠶᠣᠷᠬᠠᠭᠴᠢ ᠪᠤᠷᠬᠠᠨ ᠳᠤ ᠨᠠᠢᠳᠠᠬᠤ ᠶᠢ᠂ 18 ᠮᠥᠨ ᠰᠠᠢᠨ ᠢ ᠦᠢᠯᠡᠳᠦᠨ᠂ ᠪᠤᠶᠠᠨᠲᠤ ᠦᠢᠯᠡᠰ ᠢᠶᠡᠷ ᠪᠠᠶᠠᠨ᠂ ᠥᠭᠭᠢᠶᠡᠮᠦᠷ᠂ ᠬᠤᠪᠢᠶᠠᠯᠴᠠᠬᠤ ᠳᠤᠷᠠᠲᠠᠢ ᠪᠠᠢᠬᠤ ᠶᠢ ᠰᠠᠨᠠᠭᠤᠯᠤᠭᠠᠷᠠᠢ᠃ 19 ᠡᠢᠨ ᠬᠦ ᠲᠡᠳᠡ ᠢᠷᠡᠭᠡᠳᠦᠢ ᠶᠢᠨ ᠢᠶᠠᠨ ᠰᠠᠢᠬᠠᠨ ᠰᠠᠭᠤᠷᠢ ᠪᠣᠯᠬᠤ ᠡᠷᠳᠡᠨᠢᠰ ᠢ ᠬᠤᠷᠠᠮᠳᠤᠭᠤᠯᠵᠤ᠂ ᠵᠢᠩᠬᠢᠨᠢ ᠠᠮᠢ ᠶᠢ ᠬᠦᠷᠲᠡᠬᠦ ᠪᠣᠯᠣᠨ᠎ᠠ᠃

20 ᠲᠢᠮᠣᠲ ᠡ᠂ ᠪᠤᠷᠬᠠᠨ ᠤ ᠴᠢᠮ᠎ᠠ ᠳᠤ ᠳᠠᠭᠠᠭᠠᠯᠭᠠᠭᠰᠠᠨ ᠢ ᠰᠠᠬᠢᠭᠠᠷᠠᠢ᠃ ᠠᠷᠢᠭᠤᠨ ᠪᠤᠰᠤ ᠬᠣᠭᠣᠰᠣᠨ ᠶᠠᠷᠢᠶ᠎ᠠ᠂ ᠪᠠᠰᠠ ᠮᠡᠳᠡᠯᠭᠡ ᠭᠡᠰᠡᠨ ᠬᠠᠭᠤᠷᠮᠠᠭ ᠨᠡᠷ᠎ᠡ ᠲᠠᠢ ᠡᠰᠡᠷᠭᠦᠦ ᠣᠨᠣᠯ ᠠᠴᠠ ᠵᠠᠢᠯᠠ᠃ 21 ᠵᠠᠷᠢᠮ ᠨᠢ ᠲᠡᠢᠮᠦ ᠮᠡᠳᠡᠯᠭᠡ ᠶᠢ ᠵᠥᠪᠰᠢᠶᠡᠷᠡᠵᠦ ᠢᠲᠡᠭᠡᠯ ᠡᠴᠡ ᠪᠡᠨ ᠭᠠᠵᠢᠭᠰᠠᠨ᠃ ᠢᠪᠡᠭᠡᠯ ᠨᠢ ᠲᠠ ᠨᠠᠷ ᠲᠠᠢ ᠬᠠᠮᠲᠤ ᠪᠠᠢᠬᠤ ᠪᠣᠯᠲᠤᠭᠠᠢ᠃