1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠬᠣᠶᠠᠷ
 ᠢᠰᠷᠧᠯ ᠤᠨ ᠬᠥᠪᠡᠭᠦᠳ ᠪᠠ ᠶᠦᠳᠠ ᠶᠢᠨ ᠦᠷ᠎ᠡ ᠤᠳᠤᠮ

1 ᠢᠰᠷᠧᠯ ᠤᠨ ᠬᠥᠪᠡᠭᠦᠳ᠄ ᠷᠧᠣᠪᠧᠨ᠂ ᠰᠢᠮᠧᠶᠣᠨ᠂ ᠯᠧᠸᠢ᠂ ᠶᠦᠳᠠ᠂ ᠢᠰᠠᠺᠠᠷ᠂ ᠽᠧᠪᠦ᠋ᠯᠣᠨ᠂ 2 ᠳ᠋ᠠᠨ᠂ ᠶᠣᠰᠧᠹ᠂ ᠪᠢᠨᠶᠠᠮᠢᠨ᠂ ᠨᠠᠹᠲ᠋ᠠᠯᠢ᠂ ᠭᠠᠳ᠋᠂ ᠠᠱᠧᠷ᠃ 3 ᠶᠦᠳᠠ ᠶᠢᠨ ᠬᠥᠪᠡᠭᠦᠳ᠄ ᠡᠷ᠂ ᠣᠨᠠᠨ᠂ ᠱᠧᠯᠠ᠃ ᠡᠨᠡ ᠭᠤᠷᠪᠠᠭᠤᠯᠠ ᠺᠠᠨᠠᠨ ᠡᠮᠡᠭᠲᠡᠢ ᠪᠠᠲ ᠱᠦᠶ᠎ᠠ ᠠᠴᠠ ᠲᠥᠷᠥᠪᠡ᠃ ᠶᠦᠳᠠ ᠶᠢᠨ ᠤᠤᠭᠠᠨ ᠬᠦᠦ ᠡᠷ ᠶᠣᠬᠣᠸᠠ ᠶᠢᠨ ᠮᠡᠯᠮᠡᠢ ᠳᠦ ᠪᠠᠯᠠᠮᠠᠳ ᠮᠠᠭᠤ ᠪᠣᠯᠬᠣᠷ ᠲᠡᠷᠡ ᠲᠡᠭᠦᠨ ᠢ ᠦᠬᠦᠭᠦᠯᠵᠡᠢ᠃ 4 ᠶᠦᠳᠠ ᠶᠢᠨ ᠪᠡᠷᠢ ᠲᠠᠮᠠᠷ ᠲᠡᠭᠦᠨ ᠳᠦ ᠫᠧᠷᠧᠽ᠂ ᠽᠧᠷᠠ ᠨᠠᠷ ᠢ ᠲᠥᠷᠥᠭᠦᠯᠵᠦ ᠥᠭᠪᠡ᠃ ᠶᠦᠳᠠ ᠶᠢᠨ ᠬᠥᠪᠡᠭᠦᠳ ᠪᠦᠭᠦᠳᠡ ᠲᠠᠪᠤᠭᠤᠯᠠ ᠪᠢᠯᠡ᠃

5 ᠫᠧᠷᠧᠽ ᠤᠨ ᠬᠥᠪᠡᠭᠦᠳ᠄ ᠾᠧᠽᠷᠣᠨ ᠪᠣᠯᠣᠨ ᠬᠠᠮᠦ᠋ᠯ᠃ 6 ᠽᠧᠷᠠ ᠶᠢᠨ ᠬᠥᠪᠡᠭᠦᠳ᠄ ᠽᠢᠮᠷᠢ᠂ ᠡᠲ᠋ᠠᠨ᠂ ᠾᠧᠮᠠᠨ᠂ ᠺᠠᠯᠺᠣᠯ᠂ ᠳ᠋ᠠᠷᠳᠠ᠃ ᠲᠡᠳᠡ ᠪᠦᠭᠦᠳᠡ ᠲᠠᠪᠤᠭᠤᠯᠠ ᠪᠢᠯᠡ᠃ 7 ᠺᠠᠷᠮᠢ ᠶᠢᠨ ᠬᠦᠦ᠄ ᠠᠺᠠᠷ 4 ᠂ ᠲᠡᠷᠡ ᠴᠡᠭᠡᠷᠯᠡᠯ ᠢ ᠵᠥᠷᠢᠴᠡᠭᠰᠡᠨ ᠢᠶᠡᠷ ᠢᠶᠠᠨ ᠢᠰᠷᠧᠯ ᠳᠤ ᠲᠦᠪᠡᠭ ᠠᠪᠴᠢᠷᠠᠭᠰᠠᠨ ᠬᠥᠮᠦᠨ ᠪᠢᠯᠡ᠃ 8 ᠡᠲ᠋ᠠᠨ ᠤ ᠬᠦᠦ᠄ ᠠᠽᠠᠷᠢᠶ᠎ᠠ᠃

9 ᠾᠧᠽᠷᠣᠨ ᠳᠤ ᠲᠥᠷᠥᠭᠰᠡᠨ ᠬᠥᠪᠡᠭᠦᠳ᠄ ᠶᠧᠷᠠᠮᠧᠯ᠂ ᠷᠠᠮ᠂ ᠺᠧᠯᠦ᠋ᠪᠠᠢ᠃ 10 ᠷᠠᠮ ᠤᠨ ᠬᠦᠦ ᠠᠮᠢᠨᠠᠳᠠᠪ᠂ ᠠᠮᠢᠨᠠᠳᠠᠪ ᠤᠨ ᠬᠦᠦ ᠪᠣᠯ ᠢᠰᠷᠧᠯᠴᠦᠳ ᠦᠨ ᠤᠳᠤᠷᠢᠳᠤᠭᠴᠢ ᠨᠠᠾᠱᠣᠨ᠃ 11 ᠨᠠᠾᠱᠣᠨ ᠤ ᠬᠦᠦ ᠰᠠᠯᠮᠣᠨ᠂ ᠰᠠᠯᠮᠣᠨ ᠤ ᠬᠦᠦ ᠪᠣᠶᠠᠽ᠂ 12 ᠪᠣᠶᠠᠽ ᠤᠨ ᠬᠦᠦ ᠣᠪᠧᠳ᠋᠂ ᠣᠪᠧᠳ᠋ ᠤᠨ ᠬᠦᠦ ᠢᠱᠠᠢ᠃ 13 ᠢᠱᠠᠢ ᠶᠢᠨ ᠤᠤᠭᠠᠨ ᠬᠦᠦ ᠡᠯᠢᠶᠠᠪ᠂ ᠤᠳᠠᠭᠠᠬᠢ ᠬᠦᠦ ᠠᠪᠢᠨᠠᠳᠠᠪ᠂ ᠭᠤᠷᠪᠠᠳᠤᠭᠠᠷ ᠬᠦᠦ ᠱᠢᠮᠧᠶ᠎ᠠ᠂ 14 ᠳᠥᠷᠪᠡᠳᠦᠭᠡᠷ ᠬᠦᠦ ᠨᠧᠲ᠋ᠠᠨᠧᠯ᠂ ᠲᠠᠪᠤᠳᠤᠭᠠᠷ ᠬᠦᠦ ᠷᠠᠳᠠᠢ᠂ 15 ᠵᠢᠷᠭᠤᠳᠤᠭᠠᠷ ᠬᠦᠦ ᠣᠽᠧᠮ᠂ ᠳᠣᠯᠣᠳᠤᠭᠠᠷ ᠬᠦᠦ ᠳ᠋ᠠᠸᠢᠳ᠋ ᠶᠤᠮ᠃ 16 ᠲᠡᠳᠡᠨ ᠦ ᠡᠭᠡᠴᠢ ᠳᠡᠭᠦᠦ ᠨᠠᠷ᠄ ᠽᠧᠷᠣᠢᠶ᠎ᠠ ᠪᠣᠯᠣᠨ ᠠᠪᠢᠭᠠᠢᠯ᠃ ᠽᠧᠷᠣᠢᠶ᠎ᠠ ᠶᠢᠨ ᠭᠤᠷᠪᠠᠨ ᠬᠥᠪᠡᠭᠦᠨ᠄ ᠠᠪᠢᠱᠠᠢ᠂ ᠶᠣᠶᠠᠪ᠂ ᠠᠰᠠᠾᠧᠯ᠃ 17 ᠠᠪᠢᠭᠠᠢᠯ ᠠᠮᠠᠰᠠ ᠶᠢ ᠲᠥᠷᠥᠭᠦᠯᠵᠡᠢ᠃ ᠠᠮᠠᠰᠠ ᠶᠢᠨ ᠡᠴᠢᠭᠡ ᠪᠣᠯ ᠢᠱᠮᠠᠶᠧᠯ ᠬᠥᠮᠦᠨ ᠶᠧᠲ᠋ᠧᠷ᠃

18 ᠾᠧᠽᠷᠣᠨ ᠤ ᠬᠦᠦ ᠺᠠᠯᠧᠪ ᠪᠣᠯᠣᠨ ᠲᠡᠭᠦᠨ ᠦ ᠡᠬᠡᠨᠡᠷ ᠠᠽᠦ᠋ᠪᠠ (ᠪᠤᠶᠤ ᠶᠧᠷᠢᠶᠣᠲ) ᠡᠴᠡ ᠲᠥᠷᠥᠭᠰᠡᠨ ᠬᠥᠪᠡᠭᠦᠳ᠄ ᠶᠧᠱᠧᠷ᠂ ᠱᠣᠪᠠᠪ᠂ ᠠᠷᠳᠣᠨ᠃ 19 ᠠᠽᠦ᠋ᠪᠠ ᠦᠬᠦᠬᠦ ᠳᠦ᠂ ᠺᠠᠯᠧᠪ ᠪᠠᠰᠠ ᠡᠹᠷᠠᠲ ᠲᠠᠢ ᠭᠡᠷᠯᠡᠭᠰᠡᠨ ᠳᠦ᠂ ᠾᠦᠷ ᠲᠥᠷᠥᠪᠡ᠃ 20 ᠾᠦᠷ ᠦᠨ ᠬᠦᠦ ᠦᠦᠷᠢ᠂ ᠦᠦᠷᠢ ᠶᠢᠨ ᠬᠦᠦ ᠪᠧᠽᠠᠯᠧᠯ᠃

21 ᠳᠠᠷᠠᠭ᠎ᠠ ᠨᠢ᠂ ᠾᠧᠽᠷᠣᠨ ᠵᠢᠷᠠᠨ ᠨᠠᠰᠤᠨ ᠳᠠᠭᠠᠨ ᠭᠢᠯᠧᠶᠠᠳ᠋ ᠤᠨ ᠡᠴᠢᠭᠡ ᠪᠣᠯᠬᠤ ᠮᠠᠺᠢᠷ ᠤᠨ ᠥᠬᠢᠨ ᠲᠠᠢ ᠭᠡᠷᠯᠡᠵᠦ ᠡᠩᠭᠡᠷ ᠵᠥᠷᠢᠭᠦᠯᠦᠭᠰᠡᠨ ᠳᠦ᠂ ᠰᠧᠭᠦ᠋ᠪ ᠲᠥᠷᠥᠪᠡ᠃ 22 ᠰᠧᠭᠦ᠋ᠪ ᠤᠨ ᠬᠦᠦ ᠶᠠᠢᠷ ᠭᠢᠯᠧᠶᠠᠳ᠋ ᠨᠤᠲᠤᠭ ᠤᠨ ᠬᠣᠷᠢᠨ ᠭᠤᠷᠪᠠᠨ ᠬᠣᠲᠠ ᠶᠢ ᠵᠠᠬᠢᠷᠴᠤ ᠪᠠᠢᠬᠤ ᠳᠤ᠂ 23 ᠭᠧᠱᠦ᠋ᠷ᠂ ᠠᠷᠠᠮ ᠬᠣᠶᠠᠷ ᠺᠧᠨᠠᠲ ᠪᠣᠯᠣᠨ ᠲᠡᠨᠳᠡᠬᠢ ᠶᠢᠨ ᠵᠢᠷᠠᠨ ᠲᠣᠰᠬᠣᠨ ᠪᠠ ᠶᠠᠢᠷ ᠤᠨ ᠬᠠᠷᠢᠶᠠᠲᠤ ᠬᠣᠲᠠ ᠨᠤᠭᠤᠳ ᠢ ᠪᠤᠯᠢᠶᠠᠨ ᠠᠪᠤᠭᠰᠠᠨ ᠶᠤᠮ᠃ ᠡᠳᠡ ᠨᠠᠷ ᠪᠣᠯ ᠭᠢᠯᠧᠶᠠᠳ᠋ ᠤᠨ ᠡᠴᠢᠭᠡ ᠮᠠᠺᠢᠷ ᠤᠨ ᠦᠷ᠎ᠡ ᠤᠳᠤᠮ ᠪᠢᠯᠡ᠃ 24 ᠾᠧᠽᠷᠣᠨ ᠺᠠᠯᠧᠪ — ᠡᠹᠷᠠᠲ᠋ᠠ ᠳᠤ ᠦᠬᠦᠭᠰᠡᠨ ᠦ ᠳᠠᠷᠠᠭ᠎ᠠ᠂ ᠲᠡᠭᠦᠨ ᠦ ᠡᠬᠡᠨᠡᠷ ᠠᠪᠢᠶᠠ ᠠᠴᠠ ᠲᠧᠺᠣᠶ᠎ᠠ ᠶᠢᠨ ᠡᠴᠢᠭᠡ ᠠᠱᠾᠦ᠋ᠷ ᠲᠥᠷᠥᠪᠡ᠃

25 ᠾᠧᠽᠷᠣᠨ ᠤ ᠤᠤᠭᠠᠨ ᠬᠦᠦ ᠶᠧᠷᠠᠮᠧᠯ ᠤᠨ ᠬᠥᠪᠡᠭᠦᠳ᠄ ᠤᠤᠭᠠᠨ ᠨᠢ ᠷᠠᠮ᠂ ᠤᠳᠠᠭᠠᠬᠢ ᠨᠢ ᠪᠦᠨᠠ᠂ ᠣᠷᠧᠨ᠂ ᠣᠽᠧᠮ᠂ ᠠᠾᠢᠶᠠ ᠨᠠᠷ ᠪᠢᠯᠡ᠃ 26 ᠶᠧᠷᠠᠮᠧᠯ ᠳᠤ ᠠᠲ᠋ᠠᠷᠠ ᠬᠡᠮᠡᠬᠦ ᠥᠭᠡᠷ᠎ᠡ ᠨᠢᠭᠡ ᠡᠬᠡᠨᠡᠷ ᠪᠠᠢᠭᠰᠠᠨ ᠪᠥᠭᠡᠳ ᠲᠡᠷᠡ ᠪᠣᠯ ᠣᠨᠠᠮ ᠤᠨ ᠡᠬᠡ ᠶᠤᠮ᠃ 27 ᠶᠧᠷᠠᠮᠧᠯ ᠤᠨ ᠤᠤᠭᠠᠨ ᠬᠦᠦ ᠷᠠᠮ ᠤᠨ ᠬᠥᠪᠡᠭᠦᠳ᠄ ᠮᠠᠽ᠂ ᠶᠠᠮᠢᠨ᠂ ᠡᠺᠧᠷ᠃ 28 ᠣᠨᠠᠮ ᠤᠨ ᠬᠥᠪᠡᠭᠦᠳ᠄ ᠱᠠᠮᠠᠢ ᠪᠣᠯᠣᠨ ᠶᠠᠳᠠ᠂ ᠱᠠᠮᠠᠢ ᠶᠢᠨ ᠬᠥᠪᠡᠭᠦᠳ᠄ ᠨᠠᠳᠠᠪ ᠪᠣᠯᠣᠨ ᠠᠪᠢᠱᠦ᠋ᠷ᠃ 29 ᠠᠪᠢᠱᠦ᠋ᠷ ᠤᠨ ᠡᠬᠡᠨᠡᠷ ᠠᠪᠢᠬᠠᠢᠯ ᠠᠴᠠ ᠠᠪᠠᠨ ᠪᠣᠯᠣᠨ ᠮᠣᠯᠢᠳ᠋ ᠲᠥᠷᠥᠪᠡ᠃ 30 ᠨᠠᠳᠠᠪ ᠤᠨ ᠬᠥᠪᠡᠭᠦᠳ᠄ ᠰᠧᠯᠧᠳ᠋ ᠪᠣᠯᠣᠨ ᠠᠫᠠᠢᠮ᠃ ᠰᠧᠯᠧᠳ᠋ ᠬᠥᠪᠡᠭᠦᠨ ᠦᠭᠡᠢ ᠪᠠᠷ ᠦᠬᠦᠵᠡᠢ᠃ 31 ᠠᠫᠠᠢᠮ ᠤᠨ ᠬᠦᠦ ᠢᠰᠢ᠂ ᠢᠰᠢ ᠶᠢᠨ ᠬᠦᠦ ᠱᠧᠱᠠᠨ᠂ ᠱᠧᠱᠠᠨ ᠤ ᠬᠦᠦ ᠠᠯᠠᠢ᠃ 32 ᠱᠠᠮᠠᠢ ᠶᠢᠨ ᠳᠡᠭᠦᠦ ᠶᠠᠳᠠ ᠶᠢᠨ ᠬᠥᠪᠡᠭᠦᠳ᠄ ᠶᠧᠲ᠋ᠧᠷ ᠪᠣᠯᠣᠨ ᠶᠣᠨᠠᠲ᠋ᠠᠨ᠃ ᠶᠧᠲ᠋ᠧᠷ ᠬᠥᠪᠡᠭᠦᠨ ᠦᠭᠡᠢ ᠪᠠᠷ ᠦᠬᠦᠵᠡᠢ᠃ 33 ᠶᠣᠨᠠᠲ᠋ᠠᠨ ᠤ ᠬᠥᠪᠡᠭᠦᠳ᠄ ᠫᠧᠯᠧᠲ ᠪᠣᠯᠣᠨ ᠽᠠᠽᠠ᠃ ᠡᠳᠡ ᠪᠦᠭᠦᠳᠡ ᠶᠧᠷᠠᠮᠧᠯ ᠤᠨ ᠦᠷ᠎ᠡ ᠤᠳᠤᠮ ᠪᠢᠯᠡ᠃ 34 ᠱᠧᠱᠠᠨ ᠬᠥᠪᠡᠭᠦᠨ ᠦᠭᠡᠢ᠂ ᠵᠥᠪᠬᠡᠨ ᠥᠬᠢᠳ ᠲᠠᠢ ᠪᠠᠢᠪᠠ᠃ ᠱᠧᠱᠠᠨ ᠶᠠᠷᠬ᠎ᠠ ᠭᠡᠳᠡᠭ ᠶᠧᠵᠢᠫᠲ ᠪᠣᠭᠣᠯ ᠲᠠᠢ ᠪᠠᠢᠭᠰᠠᠨ ᠪᠢᠯᠡ᠃ 35 ᠱᠧᠱᠠᠨ ᠥᠬᠢᠨ ᠢᠶᠠᠨ ᠥᠪᠡᠷ ᠦᠨ ᠢᠶᠠᠨ ᠪᠣᠭᠣᠯ ᠶᠠᠷᠬ᠎ᠠ ᠳᠤ ᠥᠭᠭᠥᠭᠰᠡᠨ ᠳᠦ᠂ ᠲᠡᠭᠦᠨ ᠡᠴᠡ ᠠᠲ᠋ᠠᠢ ᠲᠥᠷᠥᠪᠡ᠃ 36 ᠠᠲ᠋ᠠᠢ ᠶᠢᠨ ᠬᠦᠦ ᠨᠠᠲ᠋ᠠᠨ᠂ ᠨᠠᠲ᠋ᠠᠨ ᠤ ᠬᠦᠦ ᠽᠠᠪᠠᠳ᠋᠂ 37 ᠽᠠᠪᠠᠳ᠋ ᠤᠨ ᠬᠦᠦ ᠡᠹᠯᠠᠯ᠂ ᠡᠹᠯᠠᠯ ᠤᠨ ᠬᠦᠦ ᠣᠪᠧᠳ᠋᠃ 38 ᠣᠪᠧᠳ᠋ ᠤᠨ ᠬᠦᠦ ᠶᠧᠾᠦ᠋᠂ ᠶᠧᠾᠦ᠋ ᠶᠢᠨ ᠬᠦᠦ ᠠᠽᠠᠷᠢᠶ᠎ᠠ᠂ 39 ᠠᠽᠠᠷᠢᠶ᠎ᠠ ᠶᠢᠨ ᠬᠦᠦ ᠾᠧᠯᠧᠽ᠂ ᠾᠧᠯᠧᠽ ᠤᠨ ᠬᠦᠦ ᠡᠯᠧᠶᠠᠰᠠ᠃ 40 ᠡᠯᠧᠶᠠᠰᠠ ᠶᠢᠨ ᠬᠦᠦ ᠰᠢᠰᠮᠠᠢ᠂ ᠰᠢᠰᠮᠠᠢ ᠶᠢᠨ ᠬᠦᠦ ᠱᠠᠯᠦ᠋ᠮ᠂ 41 ᠱᠠᠯᠦ᠋ᠮ ᠤᠨ ᠬᠦᠦ ᠶᠧᠺᠠᠮᠢᠶ᠎ᠠ᠂ ᠶᠧᠺᠠᠮᠢᠶ᠎ᠠ ᠶᠢᠨ ᠬᠦᠦ ᠡᠯᠢᠱᠠᠮᠠ᠃

42 ᠶᠧᠷᠠᠮᠧᠯ ᠤᠨ ᠳᠡᠭᠦᠦ ᠺᠠᠯᠧᠪ ᠤᠨ ᠬᠥᠪᠡᠭᠦᠳ᠄ ᠤᠤᠭᠠᠨ ᠨᠢ ᠮᠧᠱᠠ (ᠽᠢᠹ ᠤᠨ ᠡᠴᠢᠭᠡ)᠂ ᠤᠳᠠᠭᠠᠬᠢ ᠨᠢ ᠮᠠᠷᠧᠱᠠ (ᠾᠧᠪᠷᠣᠨ ᠤ ᠡᠴᠢᠭᠡ)᠃ 43 ᠾᠧᠪᠷᠣᠨ ᠤ ᠬᠥᠪᠡᠭᠦᠳ᠄ ᠺᠣᠷᠠ᠂ ᠲᠠᠫᠦ᠋ᠶ᠎ᠠ᠂ ᠷᠧᠺᠧᠮ᠂ ᠱᠧᠮᠠ᠃ 44 ᠱᠧᠮᠠ ᠨᠢ ᠶᠣᠷᠺᠧᠶᠠᠮ ᠤᠨ ᠡᠴᠢᠭᠡ ᠷᠠᠬᠠᠮ ᠢ ᠲᠥᠷᠥᠭᠦᠯᠵᠦ᠂ ᠷᠧᠺᠧᠮ ᠱᠠᠮᠠᠢ ᠶᠢ ᠲᠥᠷᠥᠭᠦᠯᠵᠡᠢ᠃ 45 ᠱᠠᠮᠠᠢ ᠶᠢᠨ ᠬᠦᠦ ᠮᠠᠶᠣᠨ᠂ ᠮᠠᠶᠣᠨ ᠪᠣᠯ ᠪᠧᠲ ᠽᠦᠷ ᠦᠨ ᠡᠴᠢᠭᠡ ᠪᠢᠯᠡ᠃ 46 ᠺᠠᠯᠧᠪ ᠤᠨ ᠲᠠᠲᠠᠪᠤᠷᠢ ᠡᠮ᠎ᠡ ᠡᠹᠠ ᠨᠢ ᠾᠠᠷᠠᠨ᠂ ᠮᠣᠽᠠ᠂ ᠭᠠᠽᠧᠽ ᠢ ᠲᠥᠷᠥᠭᠦᠯᠵᠡᠢ᠃ ᠾᠠᠷᠠᠨ ᠳᠤ ᠭᠠᠽᠧᠽ ᠭᠡᠰᠡᠨ ᠬᠦᠦ ᠲᠠᠢ᠃ 47 ᠶᠠᠳᠠᠢ ᠶᠢᠨ ᠬᠥᠪᠡᠭᠦᠳ᠄ ᠷᠧᠺᠧᠮ᠂ ᠶᠣᠲ᠋ᠠᠮ᠂ ᠭᠧᠱᠠᠨ᠂ ᠫᠧᠯᠧᠲ᠂ ᠡᠹᠠ᠂ ᠱᠠᠹ᠃ 48 ᠺᠠᠯᠧᠪ ᠤᠨ ᠲᠠᠲᠠᠪᠤᠷᠢ ᠡᠮ᠎ᠡ ᠮᠠᠺᠠ ᠱᠧᠪᠧᠷ ᠪᠣᠯᠣᠨ ᠲᠢᠷᠬᠠᠨᠠ ᠶᠢ ᠲᠥᠷᠥᠭᠦᠯᠵᠡᠢ᠃ 49 ᠲᠡᠷᠡ ᠮᠥᠨ ᠮᠠᠳ᠋ᠮᠠᠨᠠ ᠶᠢᠨ ᠡᠴᠢᠭᠡ ᠱᠠᠹ᠂ ᠪᠠᠰᠠ ᠮᠠᠺᠪᠧᠨᠠ᠂ ᠭᠢᠪᠧᠶ᠎ᠠ ᠨᠠᠷ ᠤᠨ ᠡᠴᠢᠭᠡ ᠱᠧᠸᠠ ᠶᠢ ᠲᠥᠷᠥᠭᠦᠯᠵᠡᠢ᠃ ᠺᠠᠯᠧᠪ ᠤᠨ ᠥᠬᠢᠨ ᠢ ᠠᠺᠰᠠ ᠭᠡᠳᠡᠭ᠃ 50 ᠡᠳᠡ ᠨᠠᠷ ᠪᠣᠯ ᠺᠠᠯᠧᠪ ᠤᠨ ᠦᠷ᠎ᠡ ᠤᠳᠤᠮ ᠶᠤᠮ᠃

51 ᠪᠧᠲ᠋ᠯᠧᠾᠧᠮ ᠤᠨ ᠡᠴᠢᠭᠡ ᠰᠠᠯᠮᠠ᠂ ᠪᠧᠲ ᠭᠠᠳᠧᠷ ᠤᠨ ᠡᠴᠢᠭᠡ ᠬᠠᠷᠧᠹ ᠨᠠᠷ ᠪᠢᠯᠡ᠃ 52 ᠺᠢᠷᠢᠶᠠᠲ ᠶᠧᠶᠠᠷᠢᠮ ᠤᠨ ᠡᠴᠢᠭᠡ ᠱᠣᠪᠠᠯ ᠤᠨ ᠦᠷ᠎ᠡ ᠤᠳᠤᠮ᠄ ᠬᠠᠷᠣᠶᠧ᠂ ᠮᠧᠨᠦ᠋ᠬᠠᠴᠤᠳ ᠤᠨ ᠬᠠᠭᠠᠰ ᠬᠢᠭᠡᠳ 53 ᠺᠢᠷᠢᠶᠠᠲ ᠶᠧᠶᠠᠷᠢᠮ ᠤᠨ ᠠᠢᠮᠠᠭ ᠤᠳ ᠪᠣᠯᠬᠤ ᠢᠲ᠋ᠷᠢᠴᠤᠳ᠂ ᠫᠦᠲ᠋ᠴᠤᠳ᠂ ᠱᠦᠮᠠᠲ᠋ᠴᠤᠳ᠂ ᠮᠢᠱᠷᠠᠢᠴᠤᠳ ᠪᠢᠯᠡ᠃ ᠡᠳᠡᠨ ᠡᠴᠡ ᠽᠣᠷᠠᠴᠤᠳ᠂ ᠡᠱᠲ᠋ᠠᠶᠣᠯᠴᠤᠳ ᠡᠭᠦᠰᠦᠭᠰᠡᠨ ᠶᠤᠮ᠃ 54 ᠰᠠᠯᠮᠠ ᠶᠢᠨ ᠦᠷ᠎ᠡ ᠤᠳᠤᠮ᠄ ᠪᠧᠲ᠋ᠯᠧᠾᠧᠮ᠂ ᠨᠧᠲ᠋ᠣᠹᠠᠲ᠋ᠴᠤᠳ᠂ ᠠᠲ᠋ᠷᠣᠲ ᠪᠧᠲ ᠶᠣᠶᠠᠪ᠂ ᠮᠧᠨᠦ᠋ᠬᠠᠴᠤᠳ ᠤᠨ ᠬᠠᠭᠠᠰ᠂ ᠽᠣᠷᠴᠤᠳ ᠪᠢᠯᠡ᠃ 55 ᠶᠠᠪᠧᠽ ᠲᠤ ᠠᠮᠢᠳᠤᠷᠠᠵᠤ ᠪᠠᠢᠭᠰᠠᠨ ᠪᠢᠴᠢᠭᠡᠴᠢᠳ ᠤᠨ ᠠᠢᠮᠠᠭ ᠤᠳ᠄ ᠲᠢᠷᠠᠴᠤᠳ᠂ ᠱᠧᠮᠧᠶᠠᠲ᠋ᠴᠤᠳ᠂ ᠰᠦᠺᠴᠦᠳ᠃ ᠡᠳᠡ ᠨᠠᠷ ᠪᠣᠯ ᠷᠧᠺᠠᠪ ᠤᠨ ᠬᠢᠨ ᠤ ᠳᠡᠭᠡᠳᠦᠰ ᠬᠠᠮᠠᠲ ᠠᠴᠠ ᠡᠭᠦᠰᠦᠭᠰᠡᠨ ᠺᠧᠨᠴᠦᠳ ᠪᠢᠯᠡ᠃