ᠱᠠᠰᠲᠢᠷ ᠤᠨ ᠳᠡᠭᠡᠳᠦ ᠬᠣᠷᠢᠨ ᠭᠤᠷᠪᠠ
ᠯᠧᠸᠢᠴᠦᠳ ᠪᠠ ᠲᠡᠳᠡᠨ ᠦ ᠡᠭᠦᠷᠭᠡ
1 ᠳ᠋ᠠᠸᠢᠳ᠋ ᠥᠲᠡᠯᠵᠦ ᠡᠳᠦᠷ ᠬᠣᠨᠣᠭ ᠢᠶᠠᠨ ᠭᠦᠢᠴᠡᠭᠡᠭᠡᠳ ᠬᠦᠦ ᠰᠣᠯᠣᠮᠣᠨ ᠢᠶᠠᠨ ᠢᠰᠷᠧᠯ ᠤᠨ ᠬᠠᠭᠠᠨ ᠢᠶᠠᠷ ᠲᠣᠮᠢᠯᠠᠵᠤ᠂ 2 ᠢᠰᠷᠧᠯ ᠤᠨ ᠬᠠᠮᠤᠭ ᠨᠣᠶᠠᠨ ᠢ ᠲᠠᠬᠢᠯᠴᠢᠳ ᠪᠠ ᠯᠧᠸᠢᠴᠦᠳ ᠲᠡᠢ ᠬᠠᠮᠲᠤ ᠴᠤᠭᠯᠠᠭᠤᠯᠪᠠ᠃ 3 ᠭᠤᠴᠢ ᠪᠣᠯᠣᠨ ᠭᠤᠴᠢ ᠡᠴᠡ ᠳᠡᠭᠡᠭᠰᠢᠬᠢ ᠨᠠᠰᠤᠨ ᠤ ᠯᠧᠸᠢᠴᠦᠳ ᠢ ᠲᠣᠭᠠᠯᠠᠭᠰᠠᠨ ᠳᠤ᠂ ᠨᠡᠢᠲᠡ ᠭᠤᠷᠪᠠᠨ ᠲᠦᠮᠡ ᠨᠠᠢ᠌ᠮᠠᠨ ᠮᠢᠩ᠋ᠭᠠᠨ ᠡᠷ᠎ᠡ ᠪᠠᠢᠪᠠ᠃ 4 ᠲᠡᠳᠡᠨ ᠦ ᠬᠣᠶᠠᠷ ᠲᠦᠮᠡ ᠳᠥᠷᠪᠡᠨ ᠮᠢᠩ᠋ᠭ᠎ᠠ ᠨᠢ ᠶᠣᠬᠣᠸᠠ ᠶᠢᠨ ᠥᠷᠭᠥᠭᠡᠨ ᠦ ᠠᠵᠢᠯ ᠳᠤ ᠲᠤᠰᠢᠶᠠᠯ ᠲᠠᠢ ᠪᠥᠭᠡᠳ ᠵᠢᠷᠭᠤᠭᠠᠨ ᠮᠢᠩ᠋ᠭ᠎ᠠ ᠨᠢ ᠲᠦᠰᠢᠮᠡᠯ ᠪᠠ ᠰᠢᠭᠦᠭᠴᠢ᠂ 5 ᠳᠥᠷᠪᠡᠨ ᠮᠢᠩ᠋ᠭ᠎ᠠ ᠨᠢ ᠬᠠᠭᠠᠯᠭᠠᠴᠢ᠂ ᠳᠥᠷᠪᠡᠨ ᠮᠢᠩ᠋ᠭ᠎ᠠ ᠨᠢ ᠮᠠᠭᠲᠠᠭᠠᠯ ᠡᠷᠭᠦᠬᠦ ᠶᠢᠨ ᠲᠤᠯᠠᠳᠠ ᠳ᠋ᠠᠸᠢᠳ᠋ ᠤᠨ 22 ᠬᠢᠭᠰᠡᠨ ᠬᠥᠭᠵᠢᠮ ᠢᠶᠠᠷ ᠶᠣᠬᠣᠸᠠ ᠶᠢ ᠮᠠᠭᠲᠠᠳᠠᠭ ᠬᠥᠮᠦᠰ ᠪᠢᠯᠡ᠃ 6 ᠳ᠋ᠠᠸᠢᠳ᠋ ᠯᠧᠸᠢᠴᠦᠳ ᠢ ᠯᠧᠸᠢ ᠶᠢᠨ ᠬᠥᠪᠡᠭᠦᠳ ᠭᠧᠷᠱᠣᠨ᠂ ᠺᠣᠬᠠᠲ᠂ ᠮᠧᠷᠠᠷᠢ ᠶᠢᠨ ᠭᠤᠷᠪᠠᠨ ᠪᠦᠯᠦᠭ ᠲᠦ ᠬᠤᠪᠢᠶᠠᠵᠠᠢ᠃
7 ᠭᠧᠷᠱᠣᠮ ᠤᠨ ᠬᠥᠪᠡᠭᠦᠳ᠄ ᠯᠠᠳᠠᠨ ᠪᠣᠯᠣᠨ ᠱᠢᠮᠧᠶᠢ᠃ 8 ᠯᠠᠳᠠᠨ ᠤ ᠬᠥᠪᠡᠭᠦᠳ᠄ ᠤᠤᠭᠠᠨ ᠨᠢ ᠶᠧᠾᠢᠶᠧᠯ᠂ ᠤᠳᠠᠭᠠᠬᠢ ᠨᠢ ᠽᠧᠲ᠋ᠠᠮ᠂ ᠶᠣᠶᠧᠯ᠂ ᠲᠡᠳᠡ ᠪᠦᠭᠦᠳᠡ ᠭᠤᠷᠪᠠᠭᠤᠯᠠ᠃ 9 ᠱᠢᠮᠧᠶᠢ ᠶᠢᠨ ᠬᠥᠪᠡᠭᠦᠳ᠄ ᠱᠧᠯᠣᠮᠣᠲ᠂ ᠬᠠᠽᠢᠶᠧᠯ᠂ ᠾᠠᠷᠠᠨ᠂ ᠲᠡᠳᠡ ᠪᠦᠭᠦᠳᠡ ᠭᠤᠷᠪᠠᠭᠤᠯᠠ᠃ ᠡᠳᠡ ᠨᠠᠷ ᠯᠠᠳᠠᠨ ᠤ ᠤᠳᠤᠮ ᠤᠨ ᠠᠬᠠᠯᠠᠭᠴᠢᠳ ᠶᠤᠮ᠃ 10 ᠱᠢᠮᠧᠶᠢ ᠶᠢᠨ ᠬᠥᠪᠡᠭᠦᠳ᠄ ᠶᠠᠬᠠᠲ᠂ ᠽᠢᠽᠠ᠂ ᠶᠧᠶᠦ᠋ᠱ᠂ ᠪᠧᠷᠢᠶ᠎ᠠ᠂ ᠡᠳᠡ ᠨᠠᠷ ᠱᠢᠮᠧᠶᠢ ᠶᠢᠨ ᠬᠥᠪᠡᠭᠦᠳ᠂ ᠲᠡᠳᠡ ᠪᠦᠭᠦᠳᠡ ᠳᠥᠷᠪᠡᠭᠦᠯᠡ᠃ 11 ᠤᠤᠭᠠᠨ ᠨᠢ ᠶᠠᠬᠠᠲ᠂ ᠤᠳᠠᠭᠠᠬᠢ ᠨᠢ ᠽᠢᠽᠠ᠃ ᠬᠠᠷᠢᠨ ᠶᠧᠶᠦ᠋ᠱ ᠴᠤ᠂ ᠪᠧᠷᠢᠶ᠎ᠠ ᠴᠤ ᠣᠯᠠᠨ ᠬᠥᠪᠡᠭᠦᠨ ᠦᠭᠡᠢ ᠪᠣᠯᠬᠣᠷ ᠨᠢᠭᠡ ᠪᠦᠯᠢ ᠳᠤ ᠲᠣᠭᠠᠴᠠᠭᠳᠠᠪᠠ᠃
12 ᠺᠣᠬᠠᠲ ᠤᠨ ᠬᠥᠪᠡᠭᠦᠳ᠄ ᠠᠮᠷᠠᠮ᠂ ᠢᠽᠬᠠᠷ᠂ ᠾᠧᠪᠷᠣᠨ᠂ ᠦᠽᠢᠶᠧᠯ᠂ ᠲᠡᠳᠡ ᠪᠦᠭᠦᠳᠡ ᠳᠥᠷᠪᠡᠭᠦᠯᠡ᠃ 13 ᠠᠮᠷᠠᠮ ᠤᠨ ᠬᠥᠪᠡᠭᠦᠳ᠄ ᠠᠷᠣᠨ ᠪᠣᠯᠣᠨ ᠮᠣᠰᠧ᠃ ᠠᠷᠣᠨ ᠪᠣᠯᠣᠨ ᠲᠡᠭᠦᠨ ᠦ ᠦᠷ᠎ᠡ ᠤᠳᠤᠮ ᠠᠷᠢᠭᠤᠨ ᠠᠴᠠ ᠠᠷᠢᠭᠤᠨ ᠵᠦᠢᠯᠡᠰ ᠢ ᠠᠷᠢᠭᠤᠰᠬᠠᠬᠤ᠂ ᠶᠣᠬᠣᠸᠠ ᠶᠢᠨ ᠡᠮᠦᠨ᠎ᠡ ᠤᠲᠤᠯᠭ᠎ᠠ ᠤᠭᠤᠭᠢᠭᠤᠯᠬᠤ᠂ ᠶᠣᠬᠣᠸᠠ ᠳᠤ ᠦᠢᠯᠡᠴᠢᠯᠡᠬᠦ ᠲᠡᠭᠦᠨ ᠦ ᠨᠡᠷ᠎ᠡ ᠪᠡᠷ ᠢᠷᠥᠭᠡᠬᠦ ᠲᠤᠰᠢᠶᠠᠯ ᠢ ᠮᠥᠩᠬᠡᠳᠡ ᠬᠢᠬᠦ ᠶᠢᠨ ᠲᠤᠯᠠᠳᠠ ᠲᠤᠰᠠᠭᠠᠷᠯᠠᠭᠳᠠᠵᠠᠢ᠃ 14 ᠬᠠᠷᠢᠨ ᠪᠤᠷᠬᠠᠨ ᠤ ᠬᠥᠮᠦᠨ ᠮᠣᠰᠧ ᠶᠢᠨ ᠦᠷ᠎ᠡ ᠤᠳᠤᠮ ᠨᠢ ᠯᠧᠸᠢ ᠣᠪᠣᠭ ᠤᠨ ᠵᠢᠷ ᠤᠨ ᠭᠡᠰᠢᠭᠦᠨ ᠢᠶᠡᠷ ᠲᠣᠭᠠᠯᠠᠭᠳᠠᠪᠠ᠃ 15 ᠮᠣᠰᠧ ᠶᠢᠨ ᠬᠥᠪᠡᠭᠦᠳ᠄ ᠭᠧᠷᠱᠣᠮ ᠪᠣᠯᠣᠨ ᠡᠯᠢᠶᠧᠽᠧᠷ᠃ 16 ᠭᠧᠷᠱᠣᠮ ᠤᠨ ᠦᠷ᠎ᠡ ᠤᠳᠤᠮ᠄ ᠤᠤᠭᠠᠨ ᠨᠢ ᠱᠦᠪᠠᠶᠧᠯ᠃ 17 ᠡᠯᠢᠶᠧᠽᠧᠷ ᠤᠨ ᠦᠷ᠎ᠡ ᠤᠳᠤᠮ᠄ ᠤᠤᠭᠠᠨ ᠨᠢ ᠷᠧᠬᠠᠪᠢᠶᠠ᠂ ᠡᠯᠢᠶᠧᠽᠧᠷ ᠲᠤ ᠥᠭᠡᠷ᠎ᠡ ᠬᠥᠪᠡᠭᠦᠨ ᠦᠭᠡᠢ ᠪᠠᠢᠬᠤ ᠳᠤ᠂ ᠷᠧᠬᠠᠪᠢᠶᠠ ᠳᠤ ᠣᠯᠠᠨ ᠬᠥᠪᠡᠭᠦᠨ ᠪᠠᠢᠪᠠ᠃ 18 ᠢᠽᠬᠠᠷ ᠤᠨ ᠬᠥᠪᠡᠭᠦᠳ᠄ ᠤᠤᠭᠠᠨ ᠨᠢ ᠱᠧᠯᠣᠮᠢᠲ᠂ 19 ᠾᠧᠪᠷᠣᠨ ᠤ ᠬᠥᠪᠡᠭᠦᠳ᠄ ᠤᠤᠭᠠᠨ ᠨᠢ ᠶᠧᠷᠢᠶᠠ᠂ ᠤᠳᠠᠭᠠᠬᠢ ᠨᠢ ᠠᠮᠠᠷᠢᠶ᠎ᠠ᠂ ᠭᠤᠷᠪᠠᠳᠠᠬᠢ ᠨᠢ ᠶᠠᠬᠠᠽᠢᠶᠧᠯ᠂ ᠳᠥᠷᠪᠡᠳᠡᠬᠢ ᠨᠢ ᠶᠧᠺᠠᠮᠧᠶᠠᠮ᠃ 20 ᠦᠽᠢᠶᠧᠯ ᠤᠨ ᠬᠥᠪᠡᠭᠦᠳ᠄ ᠤᠤᠭᠠᠨ ᠨᠢ ᠮᠢᠺᠠ᠂ ᠤᠳᠠᠭᠠᠬᠢ ᠨᠢ ᠢᠱᠢᠶ᠎ᠠ᠃
21 ᠮᠧᠷᠠᠷᠢ ᠶᠢᠨ ᠬᠥᠪᠡᠭᠦᠳ᠄ ᠮᠠᠯᠢ ᠪᠣᠯᠣᠨ ᠮᠦᠱᠢ᠃ ᠮᠠᠯᠢ ᠶᠢᠨ ᠬᠥᠪᠡᠭᠦᠳ᠄ ᠡᠯᠧᠶᠠᠽᠠᠷ ᠪᠣᠯᠣᠨ ᠺᠢᠱ᠃ 22 ᠡᠯᠧᠶᠠᠽᠠᠷ ᠦᠬᠦᠬᠦ ᠳᠡᠭᠡᠨ ᠬᠥᠪᠡᠭᠦᠨ ᠦᠭᠡᠢ᠂ ᠵᠥᠪᠬᠡᠨ ᠥᠬᠢᠳ ᠲᠠᠢ ᠪᠠᠢᠪᠠ᠃ ᠲᠡᠢᠮᠦ ᠡᠴᠡ ᠦᠶᠡᠯᠢᠳ ᠠᠬ᠎ᠠ ᠳᠡᠭᠦᠦᠰ ᠺᠢᠱ ᠤᠨ ᠬᠥᠪᠡᠭᠦᠳ ᠨᠢ ᠲᠡᠳᠡᠨ ᠢ ᠡᠬᠡᠨᠡᠷ ᠤᠳ ᠢᠶᠠᠨ ᠪᠣᠯᠭᠠᠨ ᠠᠪᠤᠪᠠ᠃ 23 ᠮᠦᠱᠢ ᠶᠢᠨ ᠬᠥᠪᠡᠭᠦᠳ᠄ ᠮᠠᠯᠢ᠂ ᠡᠳᠧᠷ᠂ ᠶᠧᠷᠧᠮᠣᠲ᠂ ᠲᠡᠳᠡ ᠪᠦᠭᠦᠳᠡ ᠭᠤᠷᠪᠠᠭᠤᠯᠠ᠃
24 ᠡᠳᠡ ᠪᠣᠯ ᠤᠳᠤᠮ ᠢᠶᠠᠷ ᠢᠶᠠᠨ ᠬᠤᠪᠢᠶᠠᠭᠳᠠᠭᠰᠠᠨ ᠯᠧᠸᠢ ᠶᠢᠨ ᠦᠷ᠎ᠡ ᠤᠳᠤᠮ ᠶᠤᠮ᠂ ᠶᠣᠬᠣᠸᠠ ᠶᠢᠨ ᠥᠷᠭᠥᠭᠡᠨ ᠳᠦ ᠦᠢᠯᠡᠴᠢᠯᠡᠳᠡᠭ᠌ ᠬᠣᠷᠢ ᠪᠣᠯᠣᠨ ᠬᠣᠷᠢ ᠡᠴᠡ ᠳᠡᠭᠡᠭᠰᠢᠬᠢ ᠨᠠᠰᠤᠨ ᠤ ᠯᠧᠸᠢᠴᠦᠳ ᠢ ᠲᠣᠭᠠᠯᠠᠵᠤ ᠪᠦᠷᠢᠳᠬᠡᠭᠦᠯᠬᠦ ᠳᠦ᠂ ᠤᠳᠤᠮ ᠪᠦᠷᠢ ᠶᠢᠨ ᠠᠬᠠᠯᠠᠭᠴᠢᠳ ᠨᠢ ᠲᠡᠳᠡ ᠪᠠᠢᠯ᠎ᠠ᠃ 25 ᠳ᠋ᠠᠸᠢᠳ᠋᠄ 《ᠢᠰᠷᠧᠯ ᠤᠨ ᠪᠤᠷᠬᠠᠨ ᠶᠣᠬᠣᠸᠠ ᠥᠪᠡᠷ ᠦᠨ ᠠᠷᠠᠳ ᠲᠦᠮᠡᠨ ᠳᠡᠭᠡᠨ ᠡᠩᠬᠡ ᠠᠮᠤᠭᠤᠯᠠᠩ ᠢ ᠰᠣᠶᠣᠷᠬᠠᠵᠤ᠂ ᠶᠧᠷᠦ᠋ᠰᠠᠯᠧᠮ ᠳᠤ ᠮᠥᠩᠬᠡᠳᠡ ᠣᠷᠣᠰᠢᠭᠰᠠᠨ ᠪᠣᠯᠬᠣᠷ 26 ᠯᠧᠸᠢᠴᠦᠳ ᠴᠠᠴᠠᠷ ᠪᠣᠯᠣᠨ ᠲᠡᠭᠦᠨ ᠳᠦ ᠦᠢᠯᠡᠴᠢᠯᠡᠬᠦ ᠳᠦ ᠬᠡᠷᠡᠭ ᠲᠡᠢ ᠶᠠᠩᠵᠤ ᠪᠦᠷᠢ ᠶᠢᠨ ᠡᠳ᠋ᠯᠡᠯ ᠢ ᠳᠠᠬᠢᠨ ᠵᠥᠭᠡᠭᠡᠵᠦ ᠶᠠᠪᠤᠬᠤ ᠱᠠᠭᠠᠷᠳᠠᠯᠭ᠎ᠠ ᠦᠭᠡᠢ ᠪᠣᠯᠣᠭᠰᠠᠨ》 ᠭᠡᠵᠦ ᠬᠡᠯᠡᠬᠦ ᠳᠦ᠂ 27 ᠡᠨᠡ ᠭᠡᠷᠢᠶᠡᠰ ᠶᠣᠰᠣᠭᠠᠷ ᠨᠢ ᠬᠣᠷᠢ ᠪᠣᠯᠣᠨ ᠬᠣᠷᠢ ᠡᠴᠡ ᠳᠡᠭᠡᠭᠰᠢᠬᠢ ᠨᠠᠰᠤᠨ ᠤ ᠯᠧᠸᠢᠴᠦᠳ ᠢ ᠲᠣᠭᠠᠯᠠᠬᠤ ᠪᠣᠯᠵᠠᠢ᠃ 28 ᠯᠧᠸᠢᠴᠦᠳ ᠦᠨ ᠡᠭᠦᠷᠭᠡ ᠪᠣᠯ ᠠᠷᠣᠨ ᠤ ᠦᠷ᠎ᠡ ᠤᠳᠤᠮ ᠲᠠᠢ ᠭᠠᠷ ᠨᠡᠢᠯᠡᠨ ᠶᠣᠬᠣᠸᠠ ᠶᠢᠨ ᠥᠷᠭᠥᠭᠡᠨ ᠳᠦ ᠦᠢᠯᠡᠴᠢᠯᠡᠵᠦ᠂ ᠬᠠᠰᠢᠶ᠎ᠠ᠂ ᠥᠷᠥᠭᠡ ᠨᠦᠭᠦᠳ ᠢ ᠬᠠᠷᠢᠭᠤᠴᠠᠨ᠂ ᠠᠯᠢᠪᠠ ᠠᠷᠢᠭᠤᠨ ᠵᠦᠢᠯ ᠢ ᠴᠡᠪᠡᠷᠯᠡᠬᠦ ᠡᠴᠡ ᠭᠠᠳᠠᠨ᠎ᠠ ᠪᠤᠷᠬᠠᠨ ᠤ ᠥᠷᠭᠥᠭᠡᠨ ᠳᠦ ᠶᠠᠩᠵᠤ ᠪᠦᠷᠢ ᠶᠢᠨ ᠠᠵᠢᠯ ᠢᠶᠠᠷ ᠦᠢᠯᠡᠴᠢᠯᠡᠳᠡᠭ᠌᠃ 29 ᠰᠢᠷᠡᠭᠡᠨ ᠳᠦ ᠲᠠᠯᠪᠢᠬᠤ ᠪᠣᠣᠪᠣ᠂ ᠢᠳᠡᠭᠡᠨ ᠲᠠᠬᠢᠯ ᠤᠨ ᠰᠠᠢᠨ ᠭᠤᠯᠢᠷ᠂ ᠢᠰᠭᠡᠭᠡ ᠦᠭᠡᠢ ᠪᠣᠣᠪᠣ ᠶᠢ ᠲᠣᠭᠣᠭᠠᠨ ᠳᠤ ᠬᠠᠭᠰᠠᠭᠠᠬᠤ᠂ ᠵᠢᠭᠤᠷᠠᠬᠤ᠂ ᠵᠢᠩᠯᠡᠬᠦ᠂ ᠬᠡᠮᠵᠢᠬᠦ ᠠᠯᠢᠪᠠ ᠠᠵᠢᠯ ᠴᠤ ᠲᠡᠳᠡᠨ ᠦ ᠬᠢ ᠪᠠᠢᠯ᠎ᠠ᠃ 30 ᠲᠡᠳᠡ ᠥᠷᠯᠥᠭᠡ ᠣᠷᠣᠢ ᠪᠦᠷᠢ ᠶᠣᠬᠣᠸᠠ ᠶᠢᠨ ᠡᠮᠦᠨ᠎ᠡ ᠵᠣᠭᠰᠣᠭᠠᠳ ᠲᠠᠯᠠᠷᠬᠠᠨ ᠮᠠᠭᠲᠠᠳᠠᠭ ᠪᠥᠭᠡᠳ 31 ᠠᠮᠠᠷᠠᠯ ᠤᠨ ᠡᠳᠦᠷ᠂ ᠰᠢᠨ᠎ᠡ ᠰᠠᠷ᠎ᠠ ᠶᠢᠨ ᠪᠠᠶᠠᠷ ᠪᠣᠯᠣᠨ ᠲᠣᠭᠲᠠᠭᠠᠭᠳᠠᠭᠰᠠᠨ ᠠᠯᠢᠪᠠ ᠪᠠᠶᠠᠷ ᠢᠶᠠᠷ ᠴᠤ ᠶᠣᠬᠣᠸᠠ ᠳᠤ ᠰᠢᠲᠠᠭᠠᠯᠭᠠᠲᠤ ᠲᠠᠬᠢᠯ ᠡᠷᠭᠦᠬᠦ ᠪᠣᠯᠭᠠᠨ ᠳᠤ ᠵᠠᠩᠰᠢᠯ ᠶᠣᠰᠣᠭᠠᠷ ᠲᠣᠭᠲᠠᠭᠰᠠᠨ ᠲᠣᠭᠠᠨ ᠤ ᠬᠥᠮᠦᠰ ᠢᠮᠠᠭᠲᠠ ᠶᠣᠬᠣᠸᠠ ᠶᠢᠨ ᠡᠮᠦᠨ᠎ᠡ ᠢᠷᠡᠵᠦ ᠲᠠᠯᠠᠷᠬᠠᠨ ᠮᠠᠭᠲᠠᠳᠠᠭ᠃ 32 ᠡᠢᠨ ᠬᠦ ᠯᠧᠸᠢᠴᠦᠳ ᠠᠭᠤᠯᠵᠠᠯᠲᠠ ᠶᠢᠨ ᠴᠠᠴᠠᠷ᠂ ᠠᠷᠢᠭᠤᠨ ᠭᠠᠵᠠᠷ ᠢ ᠬᠠᠷᠢᠭᠤᠴᠠᠵᠤ᠂ ᠲᠡᠳᠡᠨ ᠦ ᠬᠠᠮᠢᠶᠠᠲᠠᠨ ᠠᠷᠣᠨ ᠤ ᠦᠷ᠎ᠡ ᠤᠳᠤᠮ ᠳᠤ ᠲᠤᠰᠠᠯᠠᠨ ᠶᠣᠬᠣᠸᠠ ᠶᠢᠨ ᠥᠷᠭᠥᠭᠡᠨ ᠳᠦ ᠦᠢᠯᠡᠴᠢᠯᠡᠬᠦ ᠡᠭᠦᠷᠭᠡ ᠲᠠᠢ᠃