1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠬᠣᠷᠢᠨ ᠳᠣᠯᠣᠭ᠎ᠠ
 ᠦᠢᠯᠡᠴᠢᠯᠡᠬᠦ ᠴᠡᠷᠢᠭ ᠤᠨ ᠠᠬᠠᠯᠠᠭᠴᠢ ᠶᠢᠨ ᠬᠤᠪᠢᠶᠠᠷᠢ

1 ᠢᠰᠷᠧᠯᠴᠦᠳ ᠦᠨ ᠳᠤᠮᠳᠠᠬᠢ ᠡᠷᠦᠬᠡ ᠶᠢᠨ ᠠᠬᠠᠯᠠᠭᠴᠢᠳ᠂ ᠮᠢᠩ᠋ᠭᠠᠲᠤ ᠶᠢᠨ ᠳᠠᠷᠤᠭ᠎ᠠ᠂ ᠵᠠᠭᠤᠲᠤ ᠶᠢᠨ ᠳᠠᠷᠤᠭ᠎ᠠ ᠪᠣᠯᠣᠨ ᠪᠢᠴᠢᠭᠲᠡᠳ ᠦᠨ ᠨᠡᠷᠡᠰ ᠦᠨ ᠵᠢᠭᠰᠠᠭᠠᠯᠲᠠ᠄ ᠲᠡᠳᠡ ᠲᠥᠷᠥᠯ ᠪᠦᠷᠢ ᠶᠢᠨ ᠠᠵᠢᠯ ᠢᠶᠠᠷ ᠢᠶᠠᠨ ᠬᠠᠭᠠᠨ ᠳᠤ ᠦᠢᠯᠡᠴᠢᠯᠡᠵᠦ ᠪᠠᠢᠪᠠ᠂ ᠲᠡᠳᠡ ᠠᠷᠪᠠᠨ ᠬᠣᠶᠠᠷ ᠪᠦᠯᠦᠭ ᠬᠤᠪᠢᠶᠠᠭᠳᠠᠭᠠᠳ ᠪᠦᠯᠦᠭ ᠪᠦᠷᠢ ᠶᠢᠨ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠢᠶᠡᠷ ᠵᠢᠯ ᠳᠤ ᠨᠢᠭᠡ ᠰᠠᠷ᠎ᠠ ᠦᠢᠯᠡᠴᠢᠯᠡᠳᠡᠭ᠌ ᠪᠠᠢᠯ᠎ᠠ᠃

2 ᠨᠢᠭᠡᠳᠦᠭᠡᠷ ᠰᠠᠷ᠎ᠠ ᠳᠤ ᠠᠯᠪᠠ ᠬᠠᠭᠠᠬᠤ ᠨᠢᠭᠡᠳᠦᠭᠡᠷ ᠪᠦᠯᠦᠭ ᠦᠨ ᠠᠬᠠᠯᠠᠭᠴᠢ ᠨᠢ ᠽᠠᠪᠳᠢᠶᠧᠯ ᠤᠨ ᠬᠦᠦ ᠶᠠᠱᠣᠪᠧᠶᠠᠮ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 3 ᠲᠡᠷᠡ ᠫᠧᠷᠧᠽ ᠤᠨ ᠦᠷ᠎ᠡ ᠤᠳᠤᠮ ᠪᠥᠭᠡᠳ ᠨᠢᠭᠡᠳᠦᠭᠡᠷ ᠰᠠᠷ᠎ᠠ ᠳᠤ ᠠᠯᠪᠠ ᠬᠠᠭᠠᠬᠤ ᠴᠡᠷᠢᠭ ᠤᠨ ᠪᠦᠬᠦ ᠳᠠᠷᠤᠭ᠎ᠠ ᠶᠢᠨ ᠠᠬᠠᠯᠠᠭᠴᠢ ᠶᠤᠮ᠃ 4 ᠬᠣᠶᠠᠳᠤᠭᠠᠷ ᠰᠠᠷ᠎ᠠ ᠳᠤ ᠠᠯᠪᠠ ᠬᠠᠭᠠᠬᠤ ᠪᠦᠯᠦᠭ ᠦᠨ ᠠᠬᠠᠯᠠᠭᠴᠢ ᠨᠢ ᠠᠬᠣᠾᠢ ᠬᠥᠮᠦᠨ ᠳ᠋ᠣᠳᠠᠢ ᠪᠥᠭᠡᠳ ᠳᠡᠳ᠋ ᠠᠬᠠᠯᠠᠭᠴᠢ ᠨᠢ ᠮᠢᠺᠯᠣᠲ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 5 ᠭᠤᠷᠪᠠᠳᠤᠭᠠᠷ ᠰᠠᠷ᠎ᠠ ᠳᠤ ᠠᠯᠪᠠ ᠬᠠᠭᠠᠬᠤ ᠭᠤᠷᠪᠠᠳᠠᠬᠢ ᠪᠦᠯᠦᠭ ᠦᠨ ᠠᠬᠠᠯᠠᠭᠴᠢ ᠨᠢ ᠲᠠᠬᠢᠯᠴᠢ ᠶᠧᠬᠣᠷᠠᠢᠳᠠ ᠶᠢᠨ ᠬᠦᠦ ᠪᠧᠨᠠᠢᠶ᠎ᠠ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 6 ᠡᠨᠡ ᠪᠧᠨᠠᠢᠶ᠎ᠠ ᠪᠣᠯ ᠭᠤᠴᠢᠨ ᠬᠦᠴᠦᠲᠦ ᠡᠷ᠎ᠡ ᠶᠢᠨ ᠨᠢᠭᠡ ᠪᠥᠭᠡᠳ ᠲᠡᠳᠡᠭᠡᠷ ᠭᠤᠴᠢ ᠶᠢ ᠵᠠᠬᠢᠷᠳᠠᠭ ᠪᠠᠢᠪᠠ᠃ ᠲᠡᠭᠦᠨ ᠦ ᠪᠦᠯᠦᠭ ᠦᠨ ᠳᠡᠳ᠋ ᠠᠬᠠᠯᠠᠭᠴᠢ ᠪᠣᠯ ᠲᠡᠭᠦᠨ ᠦ ᠬᠦᠦ ᠠᠮᠢᠽᠠᠪᠠᠳ᠋ ᠶᠤᠮ᠃ 7 ᠳᠥᠷᠪᠡᠳᠦᠭᠡᠷ ᠰᠠᠷ᠎ᠠ ᠳᠤ ᠠᠯᠪᠠ ᠬᠠᠭᠠᠬᠤ ᠳᠥᠷᠪᠡᠳᠡᠬᠢ ᠪᠦᠯᠦᠭ ᠦᠨ ᠠᠬᠠᠯᠠᠭᠴᠢ ᠨᠢ ᠶᠣᠶᠠᠪ ᠤᠨ ᠳᠡᠭᠦᠦ ᠠᠰᠠᠾᠧᠯ᠂ ᠳᠡᠳ᠋ ᠠᠬᠠᠯᠠᠭᠴᠢ ᠨᠢ ᠲᠡᠭᠦᠨ ᠦ ᠬᠦᠦ ᠽᠧᠪᠠᠳᠢᠶ᠎ᠠ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 8 ᠲᠠᠪᠤᠳᠤᠭᠠᠷ ᠰᠠᠷ᠎ᠠ ᠳᠤ ᠠᠯᠪᠠ ᠬᠠᠭᠠᠬᠤ ᠲᠠᠪᠤᠳᠠᠬᠢ ᠪᠦᠯᠦᠭ ᠦᠨ ᠠᠬᠠᠯᠠᠭᠴᠢ ᠨᠢ ᠢᠽᠷᠠ ᠬᠥᠮᠦᠨ ᠱᠠᠮᠾᠦ᠋ᠲ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 9 ᠵᠢᠷᠭᠤᠳᠤᠭᠠᠷ ᠰᠠᠷ᠎ᠠ ᠳᠤ ᠠᠯᠪᠠ ᠬᠠᠭᠠᠬᠤ ᠵᠢᠷᠭᠤᠳᠠᠬᠢ ᠪᠦᠯᠦᠭ ᠦᠨ ᠠᠬᠠᠯᠠᠭᠴᠢ ᠨᠢ ᠲᠧᠺᠣᠶ᠎ᠠ ᠬᠥᠮᠦᠨ ᠢᠺᠧᠱ ᠤᠨ ᠬᠦᠦ ᠢᠷᠠ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 10 ᠳᠣᠯᠣᠳᠤᠭᠠᠷ ᠰᠠᠷ᠎ᠠ ᠳᠤ ᠠᠯᠪᠠ ᠬᠠᠭᠠᠬᠤ ᠳᠣᠯᠣᠳᠠᠬᠢ ᠪᠦᠯᠦᠭ ᠦᠨ ᠠᠬᠠᠯᠠᠭᠴᠢ ᠨᠢ ᠡᠹᠷᠠᠢᠮ ᠤᠨ ᠦᠷ᠎ᠡ ᠤᠳᠤᠮ ᠫᠧᠯᠣᠨ ᠬᠥᠮᠦᠨ ᠾᠧᠯᠧᠽ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 11 ᠨᠠᠢ᠌ᠮᠠᠳᠤᠭᠠᠷ ᠰᠠᠷ᠎ᠠ ᠳᠤ ᠠᠯᠪᠠ ᠬᠠᠭᠠᠬᠤ ᠨᠠᠢ᠌ᠮᠠᠳᠠᠬᠢ ᠪᠦᠯᠦᠭ ᠦᠨ ᠠᠬᠠᠯᠠᠭᠴᠢ ᠨᠢ ᠽᠧᠷᠠᠴᠤᠳ ᠠᠴᠠ ᠭᠠᠷᠤᠯ ᠲᠠᠢ ᠾᠦᠱᠠᠲ ᠬᠥᠮᠦᠨ ᠰᠢᠪᠧᠺᠠᠢ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 12 ᠶᠢᠰᠦᠳᠦᠭᠡᠷ ᠰᠠᠷ᠎ᠠ ᠳᠤ ᠠᠯᠪᠠ ᠬᠠᠭᠠᠬᠤ ᠶᠢᠰᠦᠳᠡᠬᠢ ᠪᠦᠯᠦᠭ ᠦᠨ ᠠᠬᠠᠯᠠᠭᠴᠢ ᠨᠢ ᠪᠢᠨᠶᠠᠮᠢᠨᠴᠤᠳ ᠠᠴᠠ ᠭᠠᠷᠤᠯ ᠲᠠᠢ ᠠᠨᠠᠲ᠋ᠣᠲ ᠬᠥᠮᠦᠨ ᠠᠪᠢᠶᠧᠽᠧᠷ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 13 ᠠᠷᠪᠠᠳᠤᠭᠠᠷ ᠰᠠᠷ᠎ᠠ ᠳᠤ ᠠᠯᠪᠠ ᠬᠠᠭᠠᠬᠤ ᠠᠷᠪᠠᠳᠠᠬᠢ ᠪᠦᠯᠦᠭ ᠦᠨ ᠠᠬᠠᠯᠠᠭᠴᠢ ᠨᠢ ᠽᠧᠷᠠᠴᠤᠳ ᠠᠴᠠ ᠭᠠᠷᠤᠯ ᠲᠠᠢ ᠨᠧᠲ᠋ᠣᠹᠠ ᠬᠥᠮᠦᠨ ᠮᠠᠬᠠᠷᠠᠢ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 14 ᠠᠷᠪᠠᠨ ᠨᠢᠭᠡᠳᠦᠭᠡᠷ ᠰᠠᠷ᠎ᠠ ᠳᠤ ᠠᠯᠪᠠ ᠬᠠᠭᠠᠬᠤ ᠠᠷᠪᠠᠨ ᠨᠢᠭᠡᠳᠡᠬᠢ ᠪᠦᠯᠦᠭ ᠦᠨ ᠠᠬᠠᠯᠠᠭᠴᠢ ᠨᠢ ᠡᠹᠷᠠᠢᠮ ᠤᠨ ᠦᠷ᠎ᠡ ᠤᠳᠤᠮ ᠤᠨ ᠫᠢᠷᠠᠲ᠋ᠣᠨ ᠬᠥᠮᠦᠨ ᠪᠧᠨᠠᠢᠶ᠎ᠠ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃ 15 ᠠᠷᠪᠠᠨ ᠬᠣᠶᠠᠳᠤᠭᠠᠷ ᠰᠠᠷ᠎ᠠ ᠳᠤ ᠠᠯᠪᠠ ᠬᠠᠭᠠᠬᠤ ᠠᠷᠪᠠᠨ ᠬᠣᠶᠠᠳᠠᠬᠢ ᠪᠦᠯᠦᠭ ᠦᠨ ᠠᠬᠠᠯᠠᠭᠴᠢ ᠨᠢ ᠣᠲ᠋ᠨᠢᠶᠧᠯ ᠤᠨ ᠦᠷ᠎ᠡ ᠤᠳᠤᠮ ᠨᠧᠲ᠋ᠣᠹᠠ ᠬᠥᠮᠦᠨ ᠾᠧᠯᠳᠠᠢ ᠪᠣᠯᠣᠨ᠎ᠠ᠃ ᠲᠡᠭᠦᠨ ᠦ ᠪᠦᠯᠦᠭ ᠲᠦ ᠬᠣᠶᠠᠷ ᠲᠦᠮᠡ ᠳᠥᠷᠪᠡᠨ ᠮᠢᠩ᠋ᠭᠠᠨ ᠬᠥᠮᠦᠨ ᠲᠡᠢ᠃
 ᠣᠪᠣᠭ ᠤᠨ ᠤᠳᠤᠷᠢᠳᠤᠭᠴᠢᠳ

16 ᠢᠰᠷᠧᠯ ᠤᠨ ᠣᠪᠣᠭ ᠪᠦᠷᠢ ᠶᠢᠨ ᠤᠳᠤᠷᠢᠳᠤᠭᠴᠢᠳ᠄ ᠷᠧᠣᠪᠧᠨᠴᠤᠳ ᠲᠤ ᠽᠢᠬᠷᠢ ᠶᠢᠨ ᠬᠦᠦ ᠡᠯᠢᠶᠧᠽᠧᠷ᠂ ᠰᠢᠮᠧᠶᠣᠨᠴᠤᠳ ᠲᠤ ᠮᠠᠺᠠ ᠶᠢᠨ ᠬᠦᠦ ᠱᠧᠹᠠᠲ᠋ᠢᠶ᠎ᠠ᠂ 17 ᠯᠧᠸᠢ ᠳᠤ ᠺᠧᠮᠦ᠋ᠶᠧᠯ ᠤᠨ ᠬᠦᠦ ᠬᠠᠱᠠᠪᠢᠶ᠎ᠠ᠂ ᠠᠷᠣᠨ ᠳᠤ ᠽᠠᠳᠣᠺ᠂ 18 ᠶᠦᠳᠠ ᠳᠤ ᠳ᠋ᠠᠸᠢᠳ᠋ ᠤᠨ ᠠᠬ᠎ᠠ ᠡᠯᠢᠾᠦ᠋᠂ ᠢᠰᠠᠺᠠᠷ ᠲᠤ ᠮᠢᠺᠠᠶᠧᠯ ᠤᠨ ᠬᠦᠦ ᠣᠮᠷᠢ᠂ 19 ᠽᠧᠪᠦ᠋ᠯᠣᠨ ᠳᠤ ᠣᠪᠠᠳᠢᠶ᠎ᠠ ᠶᠢᠨ ᠬᠦᠦ ᠢᠱᠮᠠᠢᠶ᠎ᠠ᠂ ᠨᠠᠹᠲ᠋ᠠᠯᠢ ᠳᠤ ᠠᠽᠷᠢᠶᠧᠯ ᠤᠨ ᠬᠦᠦ ᠶᠧᠷᠧᠮᠣᠲ᠂ 20 ᠡᠹᠷᠠᠢᠮᠴᠤᠳ ᠲᠤ ᠠᠽᠠᠽᠢᠶ᠎ᠠ ᠶᠢᠨ ᠬᠦᠦ ᠬᠣᠱᠧᠶ᠎ᠠ᠂ ᠮᠠᠨᠠᠰᠧ ᠶᠢᠨ ᠬᠠᠭᠠᠰ ᠣᠪᠣᠭ ᠲᠤ ᠫᠧᠳᠠᠶᠠ ᠶᠢᠨ ᠬᠦᠦ ᠶᠣᠶᠧᠯ᠂ 21 ᠭᠢᠯᠧᠶᠠᠳ᠋ ᠳᠠᠬᠢ ᠮᠠᠨᠠᠰᠧ ᠶᠢᠨ ᠬᠠᠭᠠᠰ ᠣᠪᠣᠭ ᠲᠤ ᠽᠧᠺᠠᠷᠢᠶ᠎ᠠ ᠶᠢᠨ ᠬᠦᠦ ᠢᠳᠣ᠋᠂ ᠪᠢᠨᠶᠠᠮᠢᠨ ᠳᠤ ᠠᠪᠨᠧᠷ ᠤᠨ ᠬᠦᠦ ᠶᠠᠰᠢᠶᠧᠯ᠂ 22 ᠳ᠋ᠠᠨ ᠳᠤ ᠶᠧᠷᠣᠬᠠᠮ ᠤᠨ ᠬᠦᠦ ᠠᠽᠠᠷᠧᠯ ᠨᠠᠷ ᠪᠠᠢᠪᠠ᠃ ᠡᠳᠡ ᠢᠰᠷᠧᠯ ᠤᠨ ᠣᠪᠣᠭ ᠤᠳ ᠤᠨ ᠠᠬᠠᠯᠠᠭᠴᠢ ᠪᠠᠢᠯ᠎ᠠ᠃ 23 ᠶᠣᠬᠣᠸᠠ ᠢᠰᠷᠧᠯ ᠢ ᠲᠩᠷᠢ ᠶᠢᠨ ᠣᠳᠣ ᠮᠡᠲᠦ ᠣᠯᠠᠰᠢᠷᠠᠭᠤᠯᠤᠨ᠎ᠠ ᠭᠡᠵᠦ ᠠᠢᠯᠠᠳᠤᠭᠰᠠᠨ ᠤᠴᠢᠷ ᠠᠴᠠ ᠳ᠋ᠠᠸᠢᠳ᠋ ᠬᠣᠷᠢ ᠪᠣᠯᠣᠨ ᠬᠣᠷᠢ ᠡᠴᠡ ᠳᠣᠭᠣᠭᠰᠢᠬᠢ ᠨᠠᠰᠤᠨ ᠤ ᠬᠥᠮᠦᠨ ᠢ ᠲᠣᠭᠠᠯᠠᠭᠰᠠᠨ ᠦᠭᠡᠢ᠃ 24 ᠽᠧᠷᠣᠢᠶ᠎ᠠ ᠶᠢᠨ ᠬᠦᠦ ᠶᠣᠶᠠᠪ ᠲᠣᠭᠠᠯᠠᠵᠤ ᠡᠬᠢᠯᠡᠭᠰᠡᠨ ᠪᠣᠯᠪᠠᠴᠤ ᠡᠭᠦᠨ ᠡᠴᠡ ᠪᠣᠯᠵᠤ ᠪᠤᠷᠬᠠᠨ ᠤ ᠠᠭᠤᠷ ᠬᠢᠯᠢᠩ ᠢᠰᠷᠧᠯ ᠳᠡᠭᠡᠷ᠎ᠡ ᠪᠠᠭᠤᠭᠰᠠᠨ ᠳᠤ᠂ ᠲᠡᠷᠡ ᠲᠣᠭᠠᠯᠠᠵᠤ ᠳᠠᠭᠤᠰᠬᠠᠭᠰᠠᠨ ᠦᠭᠡᠢ᠃ ᠲᠡᠢᠮᠦ ᠡᠴᠡ ᠦᠷ᠎ᠡ ᠳ᠋ᠦᠩ ᠨᠢ ᠳ᠋ᠠᠸᠢᠳ᠋ ᠬᠠᠭᠠᠨ ᠤ ᠱᠠᠰᠲᠢᠷ ᠤᠨ ᠲᠡᠦᠬᠡᠨ ᠳᠦ ᠣᠷᠣᠭᠰᠠᠨ ᠦᠭᠡᠢ ᠶᠤᠮ᠃
 ᠬᠠᠭᠠᠨ ᠤ ᠨᠢᠷᠪᠠ ᠨᠤᠭᠤᠳ ᠪᠠ ᠵᠥᠪᠯᠡᠭᠴᠢᠳ

25 ᠬᠠᠭᠠᠨ ᠤ ᠬᠥᠮᠥᠷᠭᠡ ᠶᠢ ᠬᠠᠮᠢᠶᠠᠷᠤᠭᠴᠢ ᠨᠢ ᠠᠳᠢᠶᠧᠯ ᠤᠨ ᠬᠦᠦ ᠠᠽᠮᠠᠸᠧᠲ; ᠬᠥᠳᠡᠭᠡ᠂ ᠬᠣᠲᠠ᠂ ᠲᠣᠰᠬᠣᠨ᠂ ᠴᠠᠢᠵᠠ ᠳᠠᠬᠢ ᠬᠥᠮᠥᠷᠭᠡ ᠶᠢ ᠬᠠᠮᠢᠶᠠᠷᠤᠭᠴᠢ ᠨᠢ ᠦᠽᠢᠶ᠎ᠠ ᠶᠢᠨ ᠬᠦᠦ ᠶᠣᠨᠠᠲ᠋ᠠᠨ; 26 ᠭᠠᠵᠠᠷ ᠲᠠᠷᠢᠶᠠᠯᠠᠩ ᠳᠤ ᠠᠵᠢᠯᠯᠠᠳᠠᠭ ᠲᠠᠷᠢᠶᠠᠴᠢᠳ ᠢ ᠬᠠᠮᠢᠶᠠᠷᠤᠭᠴᠢ ᠨᠢ ᠭᠧᠯᠣᠪ ᠤᠨ ᠬᠦᠦ ᠡᠽᠷᠢ; 27 ᠦᠵᠦᠮ ᠦᠨ ᠲᠠᠯᠠᠪᠠᠢ ᠶᠢ ᠬᠠᠮᠢᠶᠠᠷᠤᠭᠴᠢ ᠨᠢ ᠷᠠᠮᠠ ᠬᠥᠮᠦᠨ ᠱᠢᠮᠧᠶᠢ; ᠦᠵᠦᠮ ᠦᠨ ᠲᠠᠯᠠᠪᠠᠢ ᠠᠴᠠ ᠭᠠᠷᠳᠠᠭ ᠳᠠᠷᠠᠰᠤᠨ ᠤ ᠵᠣᠭᠣᠷᠢ ᠶᠢ ᠬᠠᠮᠢᠶᠠᠷᠤᠭᠴᠢ ᠨᠢ ᠱᠧᠹᠠᠮ ᠬᠥᠮᠦᠨ ᠽᠠᠪᠳᠢ; 28 ᠨᠠᠮ ᠳᠣᠣᠷ᠎ᠠ ᠭᠠᠵᠠᠷ ᠳᠠᠬᠢ ᠴᠢᠳᠦᠨ ᠮᠣᠳᠣ᠂ ᠢᠯᠠᠮ᠎ᠠ ᠮᠣᠳᠣ ᠶᠢ ᠬᠠᠮᠢᠶᠠᠷᠤᠭᠴᠢ ᠨᠢ ᠭᠧᠳᠧᠷ ᠬᠥᠮᠦᠨ ᠪᠠᠯ ᠾᠠᠨᠠᠨ; ᠲᠣᠰᠣᠨ ᠤ ᠬᠥᠮᠥᠷᠭᠡ ᠶᠢ ᠬᠠᠮᠢᠶᠠᠷᠤᠭᠴᠢ ᠨᠢ ᠶᠣᠶᠠᠱ; 29 ᠱᠠᠷᠣᠨ ᠳᠤ ᠪᠡᠯᠴᠢᠳᠡᠭ ᠦᠬᠡᠷ ᠦᠨ ᠰᠦᠷᠦᠭ ᠢ ᠬᠠᠮᠢᠶᠠᠷᠤᠭᠴᠢ ᠨᠢ ᠱᠠᠷᠣᠨ ᠬᠥᠮᠦᠨ ᠰᠢᠲ᠋ᠷᠠᠢ; ᠬᠥᠨᠳᠡᠢ ᠲᠠᠯ᠎ᠠ ᠶᠢᠨ ᠦᠬᠡᠷ ᠦᠨ ᠰᠦᠷᠦᠭ ᠢ ᠬᠠᠮᠢᠶᠠᠷᠤᠭᠴᠢ ᠨᠢ ᠠᠳ᠋ᠯᠠᠢ ᠶᠢᠨ ᠬᠦᠦ ᠱᠠᠹᠠᠲ; 30 ᠲᠡᠮᠡᠭᠡᠳ ᠢ ᠬᠠᠮᠢᠶᠠᠷᠤᠭᠴᠢ ᠨᠢ ᠢᠱᠮᠠᠶᠧᠯ ᠬᠥᠮᠦᠨ ᠣᠪᠢᠯ; ᠡᠯᠵᠢᠭᠡ ᠨᠦᠭᠦᠳ ᠢ ᠬᠠᠮᠢᠶᠠᠷᠤᠭᠴᠢ ᠨᠢ ᠮᠧᠷᠣᠨᠣᠲ ᠬᠥᠮᠦᠨ ᠶᠧᠳ᠋ᠧᠶ᠎ᠠ; 31 ᠬᠣᠨᠢᠨ ᠰᠦᠷᠦᠭ ᠢ ᠬᠠᠮᠢᠶᠠᠷᠤᠭᠴᠢ ᠨᠢ ᠬᠠᠭᠷᠢ ᠬᠥᠮᠦᠨ ᠶᠠᠽᠢᠽ᠂ ᠡᠳᠡ ᠪᠦᠭᠦᠳᠡᠭᠡᠷ ᠢᠶᠡᠨ ᠳ᠋ᠠᠸᠢᠳ᠋ ᠬᠠᠭᠠᠨ ᠤ ᠥᠮᠴᠢ ᠬᠥᠷᠥᠩᠭᠡ ᠶᠢ ᠬᠠᠷᠢᠭᠤᠴᠠᠳᠠᠭ ᠲᠦᠰᠢᠮᠡᠳ ᠪᠠᠢᠪᠠ᠃

32 ᠳ᠋ᠠᠸᠢᠳ᠋ ᠤᠨ ᠠᠪᠠᠭ᠎ᠠ ᠶᠣᠨᠠᠲ᠋ᠠᠨ ᠪᠣᠯ ᠰᠠᠷᠠᠭᠤᠯ ᠤᠬᠠᠭᠠᠨ ᠲᠠᠢ ᠬᠥᠮᠦᠨ ᠶᠤᠮ᠂ ᠲᠡᠷᠡ ᠵᠥᠪᠯᠡᠭᠴᠢ ᠪᠥᠭᠡᠳ ᠪᠢᠴᠢᠭᠡᠴᠢ ᠪᠠᠢᠪᠠ᠃ ᠬᠠᠭᠠᠨ ᠤ ᠬᠥᠪᠡᠭᠦᠳ ᠢ ᠬᠥᠮᠦᠵᠢᠭᠦᠯᠦᠭᠴᠢ ᠨᠢ ᠬᠠᠺᠠᠮᠣᠨᠢ ᠶᠢᠨ ᠬᠦᠦ ᠶᠧᠾᠢᠶᠧᠯ ᠶᠤᠮ᠃ 33 ᠬᠠᠭᠠᠨ ᠤ ᠵᠥᠪᠯᠡᠭᠴᠢ ᠨᠢ ᠠᠾᠢᠲ᠋ᠣᠹᠧᠯ᠂ ᠠᠷᠺ ᠬᠥᠮᠦᠨ ᠾᠦᠱᠠᠢ ᠨᠢ ᠬᠠᠭᠠᠨ ᠤ ᠠᠨᠳᠠ ᠪᠠᠢᠪᠠ᠃ 34 ᠠᠾᠢᠲ᠋ᠣᠹᠧᠯ ᠤᠨ ᠵᠠᠯᠭᠠᠮᠵᠢᠯᠠᠭᠴᠢ ᠨᠢ ᠪᠧᠨᠠᠢᠶ᠎ᠠ ᠶᠢᠨ ᠬᠦᠦ ᠶᠧᠬᠣᠷᠠᠢᠳᠠ᠂ ᠠᠪᠢᠶᠠᠲ᠋ᠠᠷ ᠨᠠᠷ ᠪᠠᠢᠵᠠᠢ᠃ ᠬᠠᠭᠠᠨ ᠤ ᠴᠡᠷᠢᠭ ᠤᠨ ᠵᠠᠩᠵᠤᠨ ᠨᠢ ᠶᠣᠶᠠᠪ ᠪᠠᠢᠯ᠎ᠠ᠃