ᠱᠠᠰᠲᠢᠷ ᠤᠨ ᠳᠡᠭᠡᠳᠦ ᠬᠣᠷᠢᠨ ᠨᠠᠢ᠌ᠮᠠ
ᠥᠷᠭᠥᠭᠡ ᠪᠠᠷᠢᠬᠤ ᠵᠢᠭᠠᠪᠤᠷᠢ
1 ᠳ᠋ᠠᠸᠢᠳ᠋ ᠢᠰᠷᠧᠯ ᠤᠨ ᠠᠯᠢᠪᠠ ᠠᠬᠠᠯᠠᠭᠴᠢᠳ᠂ ᠲᠤᠬᠠᠢᠯᠠᠪᠠᠯ ᠣᠪᠣᠭ ᠤᠨ ᠠᠬᠠᠯᠠᠭᠴᠢᠳ᠂ ᠬᠠᠭᠠᠨ ᠳᠤ ᠦᠢᠯᠡᠴᠢᠯᠡᠳᠡᠭ᠌ ᠪᠦᠯᠦᠭ ᠤᠳ ᠤᠨ ᠠᠬᠠᠯᠠᠭᠴᠢᠳ᠂ ᠮᠢᠩ᠋ᠭᠠᠲᠤ᠂ ᠵᠠᠭᠤᠲᠤ ᠶᠢᠨ ᠳᠠᠷᠤᠭ᠎ᠠ ᠨᠠᠷ᠂ ᠬᠠᠭᠠᠨ ᠪᠣᠯᠣᠨ ᠬᠠᠭᠠᠨ ᠤ ᠬᠥᠪᠡᠭᠦᠳ ᠦᠨ ᠪᠦᠬᠦ ᠡᠳ᠋ ᠬᠥᠷᠥᠩᠭᠡ ᠬᠢᠭᠡᠳ ᠮᠠᠯ ᠰᠦᠷᠦᠭ ᠢ ᠬᠠᠷᠢᠭᠤᠴᠠᠳᠠᠭ ᠲᠦᠰᠢᠮᠡᠳ᠂ ᠲᠠᠢᠭᠠᠨ ᠨᠤᠭᠤᠳ᠂ ᠬᠦᠴᠦ ᠵᠣᠷᠢᠭᠲᠤ ᠳᠠᠢᠴᠢᠳ ᠢ ᠶᠧᠷᠦ᠋ᠰᠠᠯᠧᠮ ᠳᠤ ᠴᠤᠭᠯᠠᠭᠤᠯᠵᠠᠢ᠃ 2 ᠳ᠋ᠠᠸᠢᠳ᠋ ᠬᠠᠭᠠᠨ ᠬᠥᠯ ᠳᠡᠭᠡᠷ᠎ᠡ ᠪᠡᠨ ᠪᠣᠰᠴᠤ ᠵᠣᠭᠰᠣᠭᠠᠳ᠄ 《ᠠᠬ᠎ᠠ ᠳᠡᠭᠦᠦ ᠨᠠᠷ ᠮᠢᠨᠢ᠂ ᠠᠷᠠᠳ ᠲᠦᠮᠡᠨ ᠮᠢᠨᠢ᠂ ᠮᠢᠨᠦᠬᠢ ᠶᠢ ᠰᠣᠨᠣᠰᠣᠭᠲᠤᠨ᠃ ᠪᠢ ᠶᠣᠬᠣᠸᠠ ᠶᠢᠨ ᠠᠪᠳᠠᠷ᠎ᠠ ᠶᠢᠨ ᠪᠠᠢᠷᠢᠰᠢᠬᠤ ᠥᠷᠭᠥᠭᠡ ᠶᠢ ᠪᠤᠶᠤ ᠮᠠᠨ ᠤ ᠪᠤᠷᠬᠠᠨ ᠤ ᠬᠥᠯ ᠦᠨ ᠲᠠᠯᠪᠢᠭᠤᠷ ᠢ ᠪᠠᠷᠢᠬᠤ ᠰᠠᠨᠠᠭ᠎ᠠ ᠲᠠᠢ ᠪᠠᠢᠯ᠎ᠠ᠃ ᠡᠭᠦᠨ ᠢ ᠪᠠᠷᠢᠶ᠎ᠠ ᠭᠡᠵᠦ ᠪᠢ ᠪᠡᠯᠡᠳᠬᠡᠯ ᠬᠢᠵᠦ ᠪᠠᠢᠭᠰᠠᠨ᠃ 3 ᠭᠡᠪᠡᠴᠦ ᠪᠤᠷᠬᠠᠨ ᠨᠠᠳᠠ ᠳᠤ᠄ 〈ᠴᠢ ᠳᠠᠢᠨᠴᠢ ᠬᠥᠮᠦᠨ᠂ ᠴᠢᠰᠤ ᠤᠷᠤᠰᠬᠠᠭᠰᠠᠨ ᠲᠤᠯᠠ ᠮᠢᠨᠦ ᠠᠯᠳᠠᠷ ᠤᠨ ᠲᠥᠯᠥᠭᠡ ᠥᠷᠭᠥᠭᠡ ᠪᠠᠷᠢᠬᠤ ᠡᠷᠬᠡ ᠦᠭᠡᠢ〉 ᠭᠡᠵᠦ ᠠᠢᠯᠠᠳᠪᠠ᠃ 4 ᠬᠠᠷᠢᠨ ᠢᠰᠷᠧᠯ ᠤᠨ ᠪᠤᠷᠬᠠᠨ ᠶᠣᠬᠣᠸᠠ ᠮᠠᠨ ᠤ ᠪᠦᠬᠦ ᠭᠡᠷ ᠪᠦᠯᠢ ᠶᠢᠨ ᠬᠢᠨ ᠤ ᠳᠤᠮᠳᠠ ᠠᠴᠠ ᠨᠠᠮᠠᠶᠢ ᠰᠢᠯᠢᠵᠦ ᠠᠪᠤᠭᠠᠳ ᠦᠶ᠎ᠡ ᠶᠢᠨ ᠦᠶ᠎ᠡ ᠳᠦ ᠢᠰᠷᠧᠯ ᠢ ᠵᠠᠬᠢᠷᠬᠤ ᠬᠠᠭᠠᠨ ᠪᠣᠯᠭᠠᠪᠠ᠃ ᠶᠣᠬᠣᠸᠠ ᠶᠦᠳᠠ ᠶᠢ ᠤᠳᠤᠷᠢᠳᠤᠭᠴᠢ ᠪᠠᠷ ᠰᠢᠯᠢᠵᠦ᠂ ᠶᠦᠳᠠ ᠶᠢᠨ ᠭᠡᠷ ᠳᠣᠲᠣᠷ᠎ᠠ ᠠᠴᠠ ᠮᠢᠨᠦ ᠡᠴᠢᠭᠡ ᠶᠢᠨ ᠭᠡᠷ ᠢ᠂ ᠮᠢᠨᠦ ᠡᠴᠢᠭᠡ ᠶᠢᠨ ᠬᠥᠪᠡᠭᠦᠳ ᠦᠨ ᠳᠤᠮᠳᠠ ᠠᠴᠠ ᠨᠠᠮᠠᠶᠢ ᠪᠦᠬᠦ ᠢᠰᠷᠧᠯ ᠤᠨ ᠬᠠᠭᠠᠨ ᠪᠣᠯᠭᠠᠬᠤ ᠪᠠᠷ ᠢᠪᠡᠭᠡᠨ ᠲᠠᠭᠠᠯᠠᠭᠰᠠᠨ ᠪᠢᠯᠡ᠃ 5 ᠲᠡᠭᠡᠭᠡᠳ ᠶᠣᠬᠣᠸᠠ ᠨᠠᠳᠠ ᠳᠤ ᠣᠯᠠᠨ ᠦᠷ᠎ᠡ ᠬᠡᠦᠬᠡᠳ ᠰᠣᠶᠣᠷᠬᠠᠵᠤ᠂ ᠬᠠᠮᠤᠭ ᠬᠥᠪᠡᠭᠦᠨ ᠡᠴᠡ ᠮᠢᠨᠢ ᠰᠣᠯᠣᠮᠣᠨ ᠢ ᠰᠢᠯᠢᠭᠰᠡᠨ᠂ ᠰᠣᠯᠣᠮᠣᠨ ᠶᠣᠬᠣᠸᠠ ᠶᠢᠨ ᠬᠠᠭᠠᠨᠴᠢᠯᠠᠯ ᠤᠨ ᠰᠠᠭᠤᠳᠠᠯ ᠳᠤ ᠰᠠᠭᠤᠵᠤ ᠢᠰᠷᠧᠯ ᠢ ᠵᠠᠬᠢᠷᠬᠤ ᠪᠣᠯᠣᠨ᠎ᠠ᠃ 6 ᠲᠡᠷᠡ ᠨᠠᠳᠠ ᠳᠤ᠄ 〈ᠮᠢᠨᠦ ᠥᠷᠭᠥᠭᠡ᠂ ᠮᠢᠨᠦ ᠬᠠᠰᠢᠶ᠎ᠠ ᠶᠢ ᠪᠠᠷᠢᠭᠴᠢ ᠨᠢ ᠰᠣᠯᠣᠮᠣᠨ ᠮᠥᠨ᠃ ᠪᠢ ᠲᠡᠭᠦᠨ ᠢ ᠥᠪᠡᠷ ᠦᠨ ᠢᠶᠠᠨ ᠬᠥᠪᠡᠭᠦᠨ ᠢᠶᠡᠷ ᠰᠢᠯᠢᠭᠰᠡᠨ᠂ ᠪᠢ ᠲᠡᠭᠦᠨ ᠦ ᠡᠴᠢᠭᠡ ᠪᠣᠯᠣᠨ᠎ᠠ᠂ 7 ᠬᠡᠷᠪᠡ ᠲᠡᠷᠡ ᠥᠨᠥᠳᠥᠷ ᠦᠨ ᠠᠳᠠᠯᠢ ᠪᠠᠷ ᠲᠣᠭᠲᠠᠭᠠᠯ ᠲᠤᠰᠢᠶᠠᠯ ᠢ ᠮᠢᠨᠢ ᠲᠤᠤᠱᠲᠠᠢ ᠪᠡᠶᠡᠯᠡᠭᠦᠯᠪᠡᠯ᠂ ᠪᠢ ᠲᠡᠭᠦᠨ ᠦ ᠬᠠᠭᠠᠨᠴᠢᠯᠠᠯ ᠢ ᠡᠭᠦᠷᠢᠳᠡ ᠮᠥᠩᠬᠡᠳᠡ ᠪᠠᠲᠤᠵᠢᠭᠤᠯᠤᠨ᠎ᠠ〉 ᠭᠡᠵᠦ ᠠᠢᠯᠠᠳᠤᠭᠰᠠᠨ ᠶᠤᠮ᠃ 8 ᠲᠡᠢᠮᠦ ᠡᠴᠡ ᠣᠳᠣ ᠪᠦᠬᠦ ᠢᠰᠷᠧᠯ᠂ ᠲᠤᠬᠠᠢᠯᠠᠪᠠᠯ ᠶᠣᠬᠣᠸᠠ ᠶᠢᠨ ᠴᠢᠭᠤᠯᠭᠠᠨ ᠤ ᠨᠢᠳᠦᠨ ᠡᠮᠦᠨ᠎ᠡ ᠮᠠᠨ ᠤ ᠪᠤᠷᠬᠠᠨ ᠰᠣᠨᠣᠷᠳᠠᠵᠤ ᠪᠠᠢᠬᠤ ᠳᠤ ᠲᠠ ᠨᠠᠷ ᠶᠣᠬᠣᠸᠠ ᠪᠤᠷᠬᠠᠨ ᠤ ᠪᠠᠨ ᠪᠦᠬᠦ ᠲᠤᠰᠢᠶᠠᠯ ᠢ ᠰᠠᠬᠢᠨ ᠮᠥᠷᠳᠡᠵᠡᠭᠡ᠃ ᠲᠡᠭᠡᠪᠡᠯ ᠲᠠ ᠨᠠᠷ ᠡᠨᠡ ᠰᠠᠢᠬᠠᠨ ᠭᠠᠵᠠᠷ ᠢ ᠡᠵᠡᠮᠰᠢᠵᠦ᠂ ᠦᠷ᠎ᠡ ᠤᠳᠤᠮ ᠳᠠᠭᠠᠨ ᠦᠶ᠎ᠡ ᠶᠢᠨ ᠦᠶ᠎ᠡ ᠳᠦ ᠥᠪᠯᠡᠭᠦᠯᠬᠦ ᠪᠣᠯᠣᠨ᠎ᠠ᠃
9 ᠮᠢᠨᠦ ᠬᠦᠦ ᠰᠣᠯᠣᠮᠣᠨ ᠡ᠂ ᠡᠴᠢᠭᠡ ᠶᠢᠨ ᠢᠶᠠᠨ ᠪᠤᠷᠬᠠᠨ ᠢ ᠮᠡᠳᠡᠭᠲᠦᠨ᠂ ᠪᠦᠬᠦ ᠵᠢᠷᠦᠬᠡ ᠪᠡᠷ ᠢᠶᠠᠨ ᠳᠤᠷᠠᠲᠠᠶ᠎ᠠ ᠲᠡᠭᠦᠨ ᠳᠦ ᠦᠢᠯᠡᠴᠢᠯᠡ᠃ ᠶᠣᠬᠣᠸᠠ ᠪᠦᠬᠦ ᠵᠢᠷᠦᠬᠡ ᠶᠢ ᠰᠢᠯᠭᠠᠵᠤ᠂ ᠪᠦᠬᠦ ᠪᠣᠳᠣᠯ ᠵᠣᠷᠢᠯᠲᠠ ᠶᠢ ᠣᠢᠯᠠᠭᠠᠳᠠᠭ ᠶᠤᠮ᠃ ᠴᠢ ᠲᠡᠭᠦᠨ ᠢ ᠬᠠᠢᠪᠠᠯ᠂ ᠲᠡᠷᠡ ᠴᠢᠮ᠎ᠠ ᠳᠤ ᠣᠯᠳᠠᠨ᠎ᠠ᠃ ᠴᠢ ᠲᠡᠭᠦᠨ ᠢ ᠣᠷᠬᠢᠪᠠᠯ᠂ ᠲᠡᠷᠡ ᠴᠢᠮᠠᠶᠢ ᠮᠥᠩᠬᠡᠳᠡ ᠬᠠᠶᠠᠨ᠎ᠠ᠃ 10 ᠡᠢᠮᠦ ᠡᠴᠡ ᠴᠢ ᠠᠩ᠋ᠬᠠᠷᠤᠭᠲᠤᠨ᠂ ᠠᠷᠢᠭᠤᠨ ᠭᠠᠵᠠᠷ ᠪᠣᠯᠬᠤ ᠥᠷᠭᠥᠭᠡ ᠶᠢ ᠪᠠᠷᠢᠭᠤᠯᠬᠤ ᠪᠠᠷ ᠶᠣᠬᠣᠸᠠ ᠴᠢᠮᠠᠶᠢ ᠰᠣᠩ᠋ᠭᠣᠭᠰᠠᠨ ᠶᠤᠮ᠃ ᠬᠦᠴᠦᠯᠡᠨ ᠪᠠᠢᠵᠤ᠂ ᠦᠢᠯᠡᠳᠦᠭᠲᠦᠨ》 ᠭᠡᠪᠡ᠃
11 ᠳ᠋ᠠᠸᠢᠳ᠋ ᠬᠦᠦ ᠰᠣᠯᠣᠮᠣᠨ ᠳᠠᠭᠠᠨ ᠥᠷᠭᠥᠭᠡᠨ ᠦ ᠵᠠᠭᠪᠤᠷ ᠵᠢᠷᠤᠭ ᠤᠳ ᠢ ᠥᠭᠪᠡ᠃ ᠲᠡᠳᠡᠭᠡᠷ ᠨᠢ ᠥᠷᠭᠥᠭᠡᠨ ᠦ ᠡᠭᠦᠳᠡᠨ ᠲᠠᠩᠬᠢᠮ᠂ ᠪᠠᠷᠢᠯᠭ᠎ᠠ ᠨᠤᠭᠤᠳ᠂ ᠬᠥᠮᠥᠷᠭᠡ ᠨᠦᠭᠦᠳ᠂ ᠳᠡᠭᠡᠳᠦ ᠪᠣᠯᠣᠨ ᠳᠣᠲᠣᠷ᠎ᠠ ᠥᠷᠥᠭᠡ ᠨᠦᠭᠦᠳ᠂ ᠬᠡᠯᠲᠦᠷᠢᠭᠦᠯᠭᠡ ᠶᠢᠨ ᠬᠠᠪᠬᠠᠭ ᠵᠡᠷᠭᠡ ᠪᠠᠢᠯ᠎ᠠ᠃ 12 ᠡᠭᠦᠨ ᠡᠴᠡ ᠭᠠᠳᠠᠨ᠎ᠠ ᠠᠷᠢᠭᠤᠨ ᠰᠦᠨᠡᠰᠦᠨ ᠦ ᠰᠠᠨᠠᠭᠤᠯᠤᠭᠰᠠᠨ ᠠᠯᠢᠪᠠ ᠵᠦᠢᠯ᠂ ᠲᠤᠬᠠᠢᠯᠠᠪᠠᠯ ᠶᠣᠬᠣᠸᠠ ᠶᠢᠨ ᠥᠷᠭᠥᠭᠡᠨ ᠦ ᠬᠦᠷᠢᠶ᠎ᠡ᠂ ᠡᠷᠭᠢᠨ ᠲᠣᠭᠣᠷᠢᠨ ᠤ ᠪᠦᠬᠦ ᠥᠷᠥᠭᠡ᠂ ᠪᠤᠷᠬᠠᠨ ᠤ ᠥᠷᠭᠥᠭᠡᠨ ᠳᠠᠬᠢ ᠡᠷᠳᠡᠨᠢᠰ ᠤᠨ ᠰᠠᠩ ᠤᠳ ᠪᠣᠯᠣᠨ ᠠᠷᠢᠭᠤᠨ ᠡᠷᠭᠦᠯ ᠦᠨ ᠡᠷᠳᠡᠨᠢᠰ ᠤᠨ ᠰᠠᠩ ᠤᠳ ᠤᠨ ᠵᠠᠭᠪᠤᠷ ᠵᠢᠷᠤᠭ ᠢ ᠥᠭᠪᠡ᠃ 13 ᠮᠥᠨ ᠲᠠᠬᠢᠯᠴᠢᠳ ᠪᠣᠯᠣᠨ ᠯᠧᠸᠢᠴᠦᠳ ᠦᠨ ᠠᠵᠢᠯ ᠤᠨ ᠬᠤᠪᠢᠶᠠᠷᠢ᠂ ᠶᠣᠬᠣᠸᠠ ᠶᠢᠨ ᠥᠷᠭᠥᠭᠡᠨ ᠦ ᠠᠯᠢᠪᠠ ᠠᠵᠢᠯ ᠦᠢᠯᠡ᠂ ᠶᠣᠬᠣᠸᠠ ᠶᠢᠨ ᠥᠷᠭᠥᠭᠡᠨ ᠦ ᠦᠢᠯᠡᠴᠢᠯᠡᠯ ᠳᠦ ᠵᠣᠷᠢᠭᠤᠯᠤᠭᠰᠠᠨ ᠠᠯᠢᠪᠠ ᠡᠳ᠋ ᠬᠡᠷᠡᠭᠰᠡᠯ ᠦᠨ ᠲᠤᠬᠠᠢ ᠵᠢᠭᠠᠪᠤᠷᠢᠯᠠᠵᠠᠢ᠃ 14 ᠮᠥᠨ ᠪᠦᠬᠦ ᠲᠥᠷᠥᠯ ᠦᠨ ᠦᠢᠯᠡᠴᠢᠯᠡᠯ ᠳᠦ ᠬᠡᠷᠡᠭᠯᠡᠬᠦ ᠠᠯᠲᠠᠨ ᠬᠡᠷᠡᠭᠰᠡᠯ ᠬᠢᠬᠦ ᠠᠯᠲᠠᠨ ᠤ ᠵᠢᠩ᠂ ᠪᠦᠬᠦ ᠲᠥᠷᠥᠯ ᠦᠨ ᠦᠢᠯᠡᠴᠢᠯᠡᠯ ᠳᠦ ᠬᠡᠷᠡᠭᠯᠡᠬᠦ ᠮᠥᠩᠭᠥᠨ ᠬᠡᠷᠡᠭᠰᠡᠯ ᠬᠢᠬᠦ ᠮᠥᠩᠭᠥᠨ ᠦ ᠵᠢᠩ᠂ 15 ᠲᠤᠬᠠᠢᠯᠠᠪᠠᠯ ᠠᠯᠲᠠᠨ ᠳ᠋ᠧᠩ ᠬᠢᠭᠡᠳ ᠲᠡᠭᠦᠨ ᠦ ᠰᠠᠭᠤᠷᠢ ᠶᠢ ᠬᠢᠬᠦ ᠳᠦ ᠬᠡᠷᠡᠭᠯᠡᠬᠦ ᠠᠯᠲᠠᠨ ᠤ ᠵᠢᠩ᠂ ᠮᠥᠩᠭᠥᠨ ᠳ᠋ᠧᠩ ᠬᠢᠭᠡᠳ ᠲᠡᠭᠦᠨ ᠦ ᠰᠠᠭᠤᠷᠢ ᠶᠢ ᠬᠢᠬᠦ ᠳᠦ ᠬᠡᠷᠡᠭᠯᠡᠬᠦ ᠮᠥᠩᠭᠥᠨ ᠦ ᠵᠢᠩ ᠢ ᠬᠡᠷᠡᠭᠴᠡᠭᠡᠨ ᠦ ᠬᠢᠨᠢ ᠶᠣᠰᠣᠭᠠᠷ ᠵᠠᠬᠢᠪᠠ᠃ 16 ᠳ᠋ᠠᠸᠢᠳ᠋ ᠲᠠᠪᠢᠭ ᠪᠣᠣᠪᠣ ᠶᠢ ᠲᠠᠯᠪᠢᠬᠤ ᠰᠢᠷᠡᠭᠡ ᠪᠣᠯᠭᠠᠨ ᠢ ᠬᠢᠬᠦ ᠳᠦ ᠬᠡᠷᠡᠭᠯᠡᠬᠦ ᠠᠯᠲᠠᠨ ᠤ ᠵᠢᠩ᠂ ᠮᠥᠩᠭᠥᠨ ᠰᠢᠷᠡᠭᠡ ᠨᠦᠭᠦᠳ ᠢ ᠬᠢᠬᠦ ᠳᠦ ᠬᠡᠷᠡᠭᠯᠡᠬᠦ ᠮᠥᠩᠭᠥᠨ ᠦ ᠵᠢᠩ᠂ 17 ᠰᠡᠷᠡᠭᠡ᠂ ᠲᠠᠪᠠᠭ᠂ ᠭᠦᠴᠡ ᠶᠢ ᠬᠢᠬᠦ ᠳᠦ ᠬᠡᠷᠡᠭᠯᠡᠬᠦ ᠰᠢᠵᠢᠷ ᠠᠯᠲᠠ᠂ ᠮᠥᠨ ᠠᠯᠲᠠᠨ ᠠᠶᠠᠭ᠎ᠠ ᠪᠣᠯᠭᠠᠨ ᠢ ᠬᠢᠬᠦ ᠳᠦ ᠬᠡᠷᠡᠭᠯᠡᠬᠦ ᠠᠯᠲᠠᠨ ᠤ ᠵᠢᠩ᠂ ᠮᠥᠩᠭᠥᠨ ᠠᠶᠠᠭ᠎ᠠ ᠪᠣᠯᠭᠠᠨ ᠢ ᠬᠢᠬᠦ ᠳᠦ ᠬᠡᠷᠡᠭᠯᠡᠬᠦ ᠮᠥᠩᠭᠥᠨ ᠦ ᠵᠢᠩ᠂ 18 ᠮᠥᠨ ᠤᠲᠤᠯᠭᠠᠲᠤ ᠲᠠᠬᠢᠯ ᠤᠨ ᠰᠢᠷᠡᠭᠡ ᠶᠢ ᠬᠢᠬᠦ ᠳᠦ ᠬᠡᠷᠡᠭᠯᠡᠬᠦ ᠪᠣᠯᠪᠠᠰᠤᠷᠠᠭᠤᠯᠤᠭᠰᠠᠨ ᠠᠯᠲᠠᠨ ᠤ ᠵᠢᠩ ᠢ ᠵᠠᠬᠢᠪᠠ᠃ ᠡᠭᠦᠨ ᠡᠴᠡ ᠭᠠᠳᠠᠨ᠎ᠠ ᠳᠠᠯᠠᠪᠴᠢ ᠪᠠᠨ ᠳᠡᠯᠭᠡᠨ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠪᠦᠷᠬᠦᠳᠡᠭ ᠺᠧᠷᠣᠪ ᠤᠳ ᠤᠨ ᠰᠠᠭᠤᠳᠠᠯ ᠢ ᠠᠯᠲᠠ ᠪᠠᠷ ᠬᠢᠬᠦ ᠳᠦ ᠬᠡᠷᠡᠭᠯᠡᠬᠦ ᠵᠠᠭᠪᠤᠷ ᠵᠢᠷᠤᠭ ᠢ ᠥᠭᠴᠡᠢ᠃
19 ᠳ᠋ᠠᠸᠢᠳ᠋᠄ 《ᠶᠣᠬᠣᠸᠠ ᠶᠢᠨ ᠮᠤᠲᠤᠷ ᠨᠠᠳᠠ ᠳᠤ ᠲᠤᠰᠠᠯᠠᠨ ᠪᠢ ᠪᠦᠬᠦᠨ ᠢ ᠪᠢᠴᠢᠯ᠎ᠡ᠃ ᠲᠡᠷᠡ ᠡᠨᠡ ᠪᠦᠬᠦ ᠵᠦᠢᠯ ᠤᠨ ᠨᠠᠷᠢᠨ ᠲᠥᠰᠥᠯ ᠢ ᠨᠠᠳᠠ ᠳᠤ ᠣᠢᠯᠠᠭᠠᠭᠤᠯᠤᠭᠰᠠᠨ ᠪᠢᠯᠡ》 ᠭᠡᠪᠡ᠃
20 ᠳ᠋ᠠᠸᠢᠳ᠋ ᠬᠦᠦ ᠰᠣᠯᠣᠮᠣᠨ ᠳᠠᠭᠠᠨ᠄ 《ᠬᠦᠴᠦᠯᠡᠨ ᠵᠣᠷᠢᠭᠯᠠᠨ ᠦᠢᠯᠡᠳᠦᠭᠲᠦᠨ᠃ ᠶᠣᠬᠣᠸᠠ ᠪᠤᠷᠬᠠᠨ᠂ ᠮᠢᠨᠦ ᠪᠤᠷᠬᠠᠨ ᠴᠢᠮ᠎ᠠ ᠲᠠᠢ ᠬᠠᠮᠲᠤ ᠪᠠᠢᠭ᠎ᠠ ᠲᠤᠯᠠ ᠪᠦᠦ ᠠᠶᠤ᠂ ᠪᠦᠦ ᠰᠢᠨᠲᠠᠷᠠ᠃ ᠶᠣᠬᠣᠸᠠ ᠶᠢᠨ ᠥᠷᠭᠥᠭᠡᠨ ᠦ ᠪᠦᠬᠦ ᠠᠵᠢᠯ ᠳᠠᠭᠤᠰᠬᠤ ᠬᠦᠷᠲᠡᠯ᠎ᠡ ᠲᠡᠷᠡ ᠴᠢᠮᠠᠶᠢ ᠣᠭᠣᠷᠬᠤ ᠦᠭᠡᠢ᠂ ᠣᠷᠬᠢᠬᠤ ᠦᠭᠡᠢ᠃ 21 ᠡᠭᠦᠨ ᠢᠶᠡᠷ ᠦᠯᠦ ᠪᠠᠷᠠᠮ ᠲᠠᠬᠢᠯᠴᠢᠳ ᠪᠠ ᠯᠧᠸᠢᠴᠦᠳ ᠪᠦᠯᠦᠭ ᠪᠦᠯᠦᠭ ᠢᠶᠡᠷ ᠢᠶᠠᠨ ᠪᠤᠷᠬᠠᠨ ᠤ ᠥᠷᠭᠥᠭᠡᠨ ᠦ ᠠᠵᠢᠯ ᠢ ᠬᠢᠬᠦ ᠳᠦ ᠪᠡᠯᠡᠬᠡᠨ ᠪᠠᠢᠨ᠎ᠠ᠃ ᠲᠥᠷᠥᠯ ᠪᠦᠷᠢ ᠶᠢᠨ ᠠᠵᠢᠯ᠂ ᠲᠥᠷᠥᠯ ᠪᠦᠷᠢ ᠶᠢᠨ ᠦᠢᠯᠡᠴᠢᠯᠡᠯ ᠦᠨ ᠤᠷᠠᠴᠤᠳ ᠴᠤ ᠰᠠᠢᠨ ᠳᠤᠷ᠎ᠠ ᠠᠴᠠ ᠪᠠᠨ ᠴᠢᠮᠠᠶᠢ ᠲᠤᠰᠠᠯᠠᠨ᠂ ᠨᠣᠶᠠᠳ ᠪᠠ ᠠᠷᠠᠳ ᠲᠦᠮᠡᠨ ᠴᠤ ᠪᠦᠭᠦᠳᠡᠭᠡᠷ ᠢᠶᠡᠨ ᠴᠢᠨᠦ ᠦᠭᠡ ᠶᠢ ᠳᠠᠭᠠᠬᠤ ᠪᠣᠯᠣᠨ᠎ᠠ》 ᠭᠡᠪᠡ᠃