1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠬᠣᠷᠢ ᠶᠢᠰᠦ
 ᠥᠷᠭᠥᠭᠡ ᠪᠠᠷᠢᠬᠤ ᠳᠤ ᠥᠭᠭᠥᠭᠰᠡᠨ ᠬᠠᠨᠳᠢᠪ ᠤᠳ

1 ᠳ᠋ᠠᠸᠢᠳ᠋ ᠬᠠᠭᠠᠨ ᠪᠦᠬᠦ ᠴᠢᠭᠤᠯᠭᠠᠨ ᠳᠤ᠄ 《ᠪᠤᠷᠬᠠᠨ ᠤ ᠣᠨᠴᠠᠭᠠᠢᠯᠠᠨ ᠰᠣᠩ᠋ᠭᠣᠭᠰᠠᠨ ᠮᠢᠨᠦ ᠬᠦᠦ ᠰᠣᠯᠣᠮᠣᠨ ᠨᠠᠰᠤ ᠵᠠᠯᠠᠭᠤ ᠴᠢᠰᠤ ᠰᠢᠩᠭᠡᠨ ᠪᠠᠢᠨ᠎ᠠ᠂ ᠬᠠᠷᠢᠨ ᠡᠨᠡ ᠪᠣᠯ ᠬᠥᠮᠦᠨ ᠦ ᠥᠷᠭᠥᠭᠡ ᠪᠤᠰᠤ᠂ ᠶᠣᠬᠣᠸᠠ ᠪᠤᠷᠬᠠᠨ ᠤ ᠥᠷᠭᠥᠭᠡ ᠶᠢ ᠪᠠᠷᠢᠬᠤ ᠠᠭᠤᠤ ᠠᠵᠢᠯ ᠶᠤᠮ᠃ 2 ᠪᠢ ᠬᠠᠮᠤᠭ ᠴᠢᠳᠠᠯ ᠢᠶᠠᠷ ᠢᠶᠠᠨ ᠪᠤᠷᠬᠠᠨ ᠤ ᠥᠷᠭᠥᠭᠡᠨ ᠦ ᠬᠡᠷᠡᠭᠴᠡᠭᠡ ᠶᠢ ᠪᠡᠯᠡᠳᠬᠡᠨ ᠠᠯᠲᠠ ᠪᠠᠷ ᠬᠢᠬᠦ ᠬᠡᠷᠡᠭᠰᠡᠯ ᠦᠨ ᠲᠥᠯᠥᠭᠡ ᠠᠯᠲᠠ ᠶᠢ᠂ ᠮᠥᠩᠭᠥ ᠪᠡᠷ ᠬᠢᠬᠦ ᠬᠡᠷᠡᠭᠰᠡᠯ ᠦᠨ ᠲᠥᠯᠥᠭᠡ ᠮᠥᠩᠭᠥ ᠶᠢ᠂ ᠬᠦᠷᠡᠯ ᠢᠶᠡᠷ ᠬᠢᠬᠦ ᠬᠡᠷᠡᠭᠰᠡᠯ ᠦᠨ ᠲᠥᠯᠥᠭᠡ ᠬᠦᠷᠡᠯ ᠢ᠂ ᠲᠡᠮᠦᠷ ᠢᠶᠡᠷ ᠬᠢᠬᠦ ᠬᠡᠷᠡᠭᠰᠡᠯ ᠦᠨ ᠲᠥᠯᠥᠭᠡ ᠲᠡᠮᠦᠷ ᠢ᠂ ᠮᠣᠳᠣ ᠪᠠᠷ ᠬᠢᠬᠦ ᠬᠡᠷᠡᠭᠰᠡᠯ ᠦᠨ ᠲᠥᠯᠥᠭᠡ ᠮᠣᠳᠣ ᠶᠢ ᠪᠡᠯᠡᠳᠬᠡᠭᠰᠡᠨ ᠪᠥᠭᠡᠳ ᠰᠤᠳᠠᠯᠲᠤ ᠮᠠᠨᠤᠬᠤ᠂ ᠰᠢᠭᠢᠳᠬᠡᠭᠡᠷᠢ ᠴᠢᠯᠠᠭᠤ᠂ ᠥᠩᠭᠡᠲᠦ ᠴᠢᠯᠠᠭᠤ᠂ ᠲᠥᠷᠥᠯ ᠪᠦᠷᠢ ᠶᠢᠨ ᠡᠷᠳᠡᠨᠢ ᠶᠢᠨ ᠴᠢᠯᠠᠭᠤ ᠪᠣᠯᠣᠨ ᠴᠣᠬᠣᠢ ᠶᠢᠨ ᠴᠢᠯᠠᠭᠤ ᠶᠢ ᠴᠤ ᠡᠯᠪᠡᠭ ᠪᠡᠯᠡᠳᠦᠭᠰᠡᠨ᠃ 3 ᠡᠭᠦᠨ ᠡᠴᠡ ᠭᠠᠳᠠᠨ᠎ᠠ᠂ ᠪᠢ ᠪᠤᠷᠬᠠᠨ ᠤ ᠪᠠᠨ ᠥᠷᠭᠥᠭᠡᠨ ᠳᠦ ᠬᠠᠢᠷᠠᠲᠠᠢ ᠪᠣᠯᠬᠣᠷ ᠬᠤᠪᠢ ᠶᠢᠨ ᠡᠵᠡᠮᠰᠢᠯ ᠤᠨ ᠠᠯᠲᠠ᠂ ᠮᠥᠩᠭᠥ ᠪᠡᠨ ᠴᠤ ᠪᠤᠷᠬᠠᠨ ᠤ ᠪᠠᠨ ᠥᠷᠭᠥᠭᠡᠨ ᠳᠦ ᠡᠷᠭᠦᠶ᠎ᠡ᠃ 4 ᠣᠹᠢᠷ ᠠᠴᠠ ᠠᠪᠴᠢᠷᠠᠭᠰᠠᠨ ᠭᠤᠷᠪᠠᠨ ᠮᠢᠩ᠋ᠭᠠᠨ ᠲᠠᠯᠠᠨᠲ 26 ᠠᠯᠲᠠ᠂ ᠳᠣᠯᠣᠭᠠᠨ ᠮᠢᠩ᠋ᠭᠠᠨ ᠲᠠᠯᠠᠨᠲ 27 ᠪᠣᠯᠪᠠᠰᠤᠷᠠᠭᠤᠯᠤᠭᠰᠠᠨ ᠮᠥᠩᠭᠥ ᠶᠢ ᠡᠷᠭᠦᠵᠦ ᠪᠠᠢᠨ᠎ᠠ᠃ ᠡᠳᠡᠭᠡᠷ ᠢᠶᠡᠷ ᠥᠷᠭᠥᠭᠡᠨ ᠦ ᠬᠠᠨ᠎ᠠ ᠶᠢ ᠪᠦᠷᠬᠦᠬᠦ᠂ 5 ᠠᠯᠲᠠ ᠪᠠᠷ ᠬᠢᠬᠦ ᠶᠠᠭᠤᠮᠠᠰ᠂ ᠮᠥᠩᠭᠥ ᠪᠡᠷ ᠬᠢᠬᠦ ᠶᠠᠭᠤᠮᠠᠰ ᠢ ᠪᠦᠲᠦᠭᠡᠬᠦ ᠪᠥᠭᠡᠳ ᠤᠷᠠᠴᠤᠳ ᠡᠳᠡᠭᠡᠷ ᠢ ᠠᠯᠢᠪᠠ ᠠᠵᠢᠯ ᠳᠠᠭᠠᠨ ᠬᠡᠷᠡᠭᠯᠡᠬᠦ ᠪᠣᠯᠣᠨ᠎ᠠ᠃ ᠥᠨᠥᠳᠥᠷ ᠬᠡᠨ ᠥᠪᠡᠷ ᠦᠨ ᠢᠶᠠᠨ ᠭᠠᠷ ᠢᠶᠠᠷ ᠶᠣᠬᠣᠸᠠ ᠳᠤ ᠰᠠᠢᠨ ᠳᠤᠷ᠎ᠠ ᠶᠢᠨ ᠡᠷᠭᠦᠯ ᠡᠷᠭᠦᠬᠦ ᠪᠤᠢ︖》 ᠭᠡᠪᠡ᠃

6 ᠲᠡᠭᠡᠬᠦ ᠳᠦ ᠤᠳᠤᠮ ᠤᠨ ᠠᠬᠠᠯᠠᠭᠴᠢᠳ᠂ ᠢᠰᠷᠧᠯ ᠤᠨ ᠣᠪᠣᠭ ᠤᠨ ᠠᠬᠠᠯᠠᠭᠴᠢᠳ᠂ ᠮᠢᠩ᠋ᠭᠠᠲᠤ᠂ ᠵᠠᠭᠤᠲᠤ ᠶᠢᠨ ᠳᠠᠷᠤᠭ᠎ᠠ ᠨᠠᠷ ᠪᠣᠯᠣᠨ ᠬᠠᠭᠠᠨ ᠤ ᠵᠠᠰᠠᠭ ᠤᠨ ᠲᠦᠰᠢᠮᠡᠳ ᠰᠠᠢᠨ ᠳᠤᠷ᠎ᠠ ᠶᠢᠨ ᠡᠷᠭᠦᠯ ᠡᠷᠭᠦᠪᠡ᠃ 7 ᠲᠤᠬᠠᠢᠯᠠᠪᠠᠯ ᠲᠡᠳᠡ ᠪᠤᠷᠬᠠᠨ ᠤ ᠥᠷᠭᠥᠭᠡ ᠪᠠᠷᠢᠬᠤ ᠳᠤ᠂ ᠲᠠᠪᠤᠨ ᠮᠢᠩ᠋ᠭᠠᠨ ᠲᠠᠯᠠᠨᠲ ᠠᠯᠲᠠ ᠪᠠ ᠲᠦᠮᠡᠨ ᠠᠯᠲᠠᠨ ᠵᠣᠭᠣᠰ᠂ ᠲᠦᠮᠡᠨ ᠲᠠᠯᠠᠨᠲ ᠮᠥᠩᠭᠥ᠂ ᠲᠦᠮᠡ ᠨᠠᠢ᠌ᠮᠠᠨ ᠮᠢᠩ᠋ᠭᠠᠨ ᠲᠠᠯᠠᠨᠲ ᠵᠡᠰ᠂ ᠠᠷᠪᠠᠨ ᠲᠦᠮᠡᠨ ᠲᠠᠯᠠᠨᠲ ᠲᠡᠮᠦᠷ ᠢ ᠡᠷᠭᠦᠵᠡᠢ᠃ 8 ᠦᠨᠡᠲᠦ ᠴᠢᠯᠠᠭᠤ ᠲᠠᠢ ᠨᠢ ᠲᠡᠭᠦᠨ ᠢ ᠪᠠᠨ ᠶᠣᠬᠣᠸᠠ ᠶᠢᠨ ᠥᠷᠭᠥᠭᠡᠨ ᠦ ᠡᠷᠳᠡᠨᠢᠰ ᠤᠨ ᠰᠠᠩ ᠳᠤ ᠠᠪᠴᠢᠷᠠᠵᠤ᠂ ᠭᠧᠷᠱᠣᠨ ᠬᠥᠮᠦᠨ ᠶᠧᠾᠢᠶᠧᠯ ᠤᠨ ᠭᠠᠷ ᠲᠤ ᠳᠠᠭᠠᠭᠠᠯᠭᠠᠪᠠ᠃ 9 ᠲᠡᠳᠡ ᠰᠠᠢᠨ ᠳᠤᠷ᠎ᠠ ᠠᠴᠠ ᠪᠠᠨ ᠡᠷᠭᠦᠭᠰᠡᠨ ᠳᠦ ᠠᠷᠠᠳ ᠲᠦᠮᠡᠨ ᠪᠠᠶᠠᠷᠯᠠᠵᠠᠭᠠᠪᠠ᠃ ᠦᠨᠡᠨ ᠳᠡᠭᠡᠨ ᠲᠡᠳᠡ ᠪᠦᠬᠦ ᠵᠢᠷᠦᠬᠡ ᠪᠡᠷ ᠢᠶᠠᠨ ᠶᠣᠬᠣᠸᠠ ᠳᠤ ᠰᠠᠢᠨ ᠳᠤᠷ᠎ᠠ ᠶᠢᠨ ᠡᠷᠭᠦᠯ ᠡᠷᠭᠦᠭᠰᠡᠨ ᠶᠤᠮ᠃ ᠳ᠋ᠠᠸᠢᠳ᠋ ᠬᠠᠭᠠᠨ ᠴᠤ ᠲᠤᠩ ᠶᠡᠬᠡ ᠪᠠᠶᠠᠷᠯᠠᠪᠠ᠃
 ᠳ᠋ᠠᠸᠢᠳ᠋ ᠤᠨ ᠮᠠᠭᠲᠠᠭᠠᠯ

10 ᠳ᠋ᠠᠸᠢᠳ᠋ ᠪᠦᠬᠦ ᠴᠢᠭᠤᠯᠭᠠᠨ ᠤ ᠨᠢᠳᠦᠨ ᠡᠮᠦᠨ᠎ᠡ ᠶᠣᠬᠣᠸᠠ ᠶᠢ ᠮᠠᠭᠲᠠᠨ᠄ 《ᠮᠠᠨ ᠤ ᠡᠪᠦᠭᠡ ᠢᠰᠷᠧᠯ ᠤᠨ ᠪᠤᠷᠬᠠᠨ ᠶᠣᠬᠣᠸᠠ ᠲᠠ ᠮᠥᠩᠬᠡ ᠶᠢᠨ ᠮᠥᠩᠬᠡᠳᠡ ᠮᠠᠭᠲᠠᠭᠳᠠᠬᠤ ᠪᠣᠯᠲᠤᠭᠠᠢ᠃
11 ᠠᠭᠤᠤ ᠶᠡᠬᠡ ᠬᠦᠴᠦ ᠴᠢᠳᠠᠯ ᠠᠯᠳᠠᠷ ᠰᠤᠤ ᠪᠣᠯᠣᠨ ᠢᠯᠠᠯᠲᠠ ᠴᠣᠭ ᠵᠢᠪᠬᠤᠯᠠᠩ ᠴᠥᠮ ᠲᠠᠨ ᠤ ᠬᠢ᠂ ᠥ ᠶᠣᠬᠣᠸᠠ ᠲᠩᠷᠢ ᠭᠠᠵᠠᠷ ᠳᠠᠬᠢ ᠬᠠᠮᠤᠭ ᠶᠠᠭᠤᠮ᠎ᠠ ᠲᠠᠨ ᠤ ᠬᠢ ᠬᠠᠭᠠᠨᠴᠢᠯᠠᠯ ᠴᠤ ᠲᠠᠨ ᠤ ᠬᠢ᠂ ᠥ ᠶᠣᠬᠣᠸᠠ ᠲᠡᠷᠢᠭᠦᠨ ᠲᠠ ᠪᠦᠭᠦᠳᠡ ᠶᠢᠨ ᠳᠡᠭᠡᠷ᠎ᠡ ᠳᠡᠭᠡᠳᠦᠯᠡᠭᠳᠡᠬᠦ ᠪᠣᠯᠲᠤᠭᠠᠢ︕
12 ᠪᠠᠶᠠᠨ ᠡᠷᠬᠢᠮ ᠨᠢ ᠲᠠᠨ ᠠᠴᠠ ᠪᠦᠬᠦᠨ ᠦ ᠵᠠᠬᠢᠷᠤᠭᠴᠢ ᠨᠢ ᠲᠠ ᠬᠦᠴᠦ ᠴᠢᠳᠠᠯ᠂ ᠡᠷᠬᠡ ᠮᠡᠳᠡᠯ ᠨᠢ ᠲᠠᠨ ᠤ ᠮᠤᠲᠤᠷ ᠠᠴᠠ ᠬᠥᠮᠦᠨ ᠦ ᠠᠭᠤᠤ ᠬᠦᠴᠦᠷᠬᠡᠭ ᠪᠣᠯᠬᠤ ᠨᠢ ᠴᠤ ᠲᠠᠨ ᠤ ᠮᠤᠲᠤᠷ ᠠᠴᠠ᠃
13 ᠣᠳᠣ ᠪᠢᠳᠡ ᠮᠠᠨ ᠤ ᠪᠤᠷᠬᠠᠨ ᠲᠠᠨ ᠳᠤ ᠲᠠᠯᠠᠷᠬᠠᠯ ᠡᠷᠭᠦᠶ᠎ᠡ ᠲᠠᠨ ᠤ ᠢᠷᠠᠭᠤ ᠠᠯᠳᠠᠷᠲᠤ ᠨᠡᠷ᠎ᠡ ᠶᠢ ᠮᠠᠭᠲᠠᠶ᠎ᠠ᠃

14 ᠪᠢ ᠬᠡᠨ ᠪᠤᠢ︖ ᠮᠢᠨᠦ ᠠᠷᠠᠳ ᠲᠦᠮᠡᠨ ᠬᠡᠨ ᠪᠤᠢ︖ ᠢᠩᠭᠢᠵᠦ ᠰᠠᠢᠨ ᠳᠤᠷ᠎ᠠ ᠠᠴᠠ ᠪᠠᠨ ᠡᠷᠭᠦᠵᠦ ᠴᠢᠳᠠᠨ᠎ᠠ ᠭᠡᠵᠢ︖ ᠬᠠᠮᠤᠭ ᠶᠠᠭᠤᠮ᠎ᠠ ᠲᠠᠨ ᠠᠴᠠ ᠢᠷᠡᠪᠡ᠃ ᠪᠢᠳᠡ ᠲᠠᠨ ᠤ ᠮᠤᠲᠤᠷ ᠠᠴᠠ ᠠᠪᠤᠭᠰᠠᠨ ᠢᠶᠠᠨ ᠯᠠ ᠡᠷᠭᠦᠭᠰᠡᠨ ᠶᠤᠮ᠃ 15 ᠲᠠᠨ ᠤ ᠡᠮᠦᠨ᠎ᠡ ᠪᠢᠳᠡ ᠡᠴᠢᠭᠡ ᠡᠪᠦᠭᠡᠳ ᠲᠡᠢ ᠪᠡᠨ ᠠᠳᠠᠯᠢᠬᠠᠨ ᠴᠠᠭᠠᠴᠢᠳ ᠪᠤᠶᠤ ᠲᠦᠷ ᠰᠠᠭᠤᠭᠴᠢᠳ ᠮᠥᠨ᠃ ᠳᠡᠯᠡᠬᠡᠢ ᠳᠡᠭᠡᠷᠡᠬᠢ ᠡᠳᠦᠷ ᠤᠳ ᠮᠠᠨᠢ ᠰᠡᠭᠦᠳᠡᠷ ᠮᠡᠲᠦ᠂ ᠡᠷᠡᠮᠡᠯᠵᠡᠯ ᠴᠤ ᠠᠯᠠᠭ᠎ᠠ᠃ 16 ᠮᠠᠨ ᠤ ᠪᠤᠷᠬᠠᠨ ᠶᠣᠬᠣᠸᠠ ᠡ᠂ ᠲᠠᠨ ᠤ ᠠᠷᠢᠭᠤᠨ ᠠᠯᠳᠠᠷ ᠤᠨ ᠲᠥᠯᠥᠭᠡ ᠥᠷᠭᠥᠭᠡ ᠶᠢ ᠴᠢᠨᠢ ᠪᠠᠷᠢᠬᠤ ᠪᠠᠷ ᠪᠢᠳᠡᠨ ᠦ ᠪᠡᠯᠡᠳᠬᠡᠭᠰᠡᠨ ᠡᠨᠡ ᠡᠳ᠋ ᠪᠠᠶᠠᠯᠢᠭ ᠴᠤ ᠪᠦᠭᠦᠳᠡᠭᠡᠷ ᠢᠶᠡᠨ ᠲᠠᠨ ᠤ ᠮᠤᠲᠤᠷ ᠠᠴᠠ ᠢᠷᠡᠭᠰᠡᠨ ᠪᠥᠭᠡᠳ ᠪᠦᠭᠦᠳᠡ ᠲᠠᠨ ᠤ ᠬᠢ ᠪᠢᠯᠡ᠃ 17 ᠪᠤᠷᠬᠠᠨ ᠮᠢᠨᠢ᠂ ᠲᠠ ᠬᠥᠮᠦᠨ ᠦ ᠵᠢᠷᠦᠬᠡ ᠶᠢ ᠰᠢᠯᠭᠠᠵᠤ᠂ ᠴᠢᠭ᠍ᠴᠢ ᠬᠥᠮᠦᠨ ᠢ ᠲᠠᠭᠠᠯᠠᠳᠠᠭ ᠢ ᠪᠢ ᠮᠡᠳᠡᠨ᠎ᠡ᠃ ᠪᠢ ᠴᠢᠭ᠍ᠴᠢ ᠵᠢᠷᠦᠬᠡ ᠪᠡᠷ ᠢᠶᠠᠨ᠂ ᠳᠤᠷᠠᠲᠠᠶ᠎ᠠ ᠡᠨᠡ ᠪᠦᠬᠦᠨ ᠢ ᠡᠷᠭᠦᠭᠰᠡᠨ ᠪᠥᠭᠡᠳ ᠣᠳᠣ ᠡ᠊ᠨᠳᠡ ᠪᠠᠢᠭ᠎ᠠ ᠲᠠᠨ ᠤ ᠠᠷᠠᠳ ᠲᠦᠮᠡᠨ ᠴᠤ ᠲᠠᠨ ᠳᠤ ᠳᠤᠷᠠᠲᠠᠶ᠎ᠠ ᠡᠷᠭᠦᠵᠦ ᠪᠠᠢᠭ᠎ᠠ ᠶᠢ ᠬᠠᠷᠠᠭᠠᠳ ᠪᠢ ᠪᠠᠶᠠᠷᠯᠠᠵᠤ ᠪᠠᠢᠨ᠎ᠠ᠃ 18 ᠥ᠂ ᠶᠣᠬᠣᠸᠠ ᠡ᠂ ᠮᠠᠨ ᠤ ᠡᠴᠢᠭᠡ ᠡᠪᠦᠭᠡᠳ ᠠᠪᠷᠠᠬᠠᠮ᠂ ᠢᠰᠠᠺ᠂ ᠢᠰᠷᠧᠯ ᠤᠨ ᠪᠤᠷᠬᠠᠨ᠂ ᠠᠷᠠᠳ ᠲᠦᠮᠡᠨ ᠦ ᠪᠠᠨ ᠵᠢᠷᠦᠬᠡᠨ ᠳᠠᠬᠢ ᠡᠢᠮᠦ ᠪᠣᠳᠣᠯ ᠰᠠᠨᠠᠭ᠎ᠠ ᠶᠢ ᠮᠥᠩᠬᠡᠳᠡ ᠪᠠᠢᠯᠭᠠᠭᠠᠴᠢ᠂ ᠵᠢᠷᠦᠬᠡ ᠰᠡᠳᠬᠢᠯ ᠢ ᠨᠢ ᠥᠪᠡᠷ ᠤᠷᠤᠭᠤ ᠪᠠᠨ ᠬᠠᠨᠳᠤᠭᠤᠯᠤᠭᠠᠴᠢ᠃ 19 ᠮᠢᠨᠦ ᠬᠦᠦ ᠰᠣᠯᠣᠮᠣᠨ ᠳᠤ ᠦᠨᠡᠨᠴᠢ ᠰᠡᠳᠬᠢᠯ ᠰᠣᠶᠣᠷᠬᠠᠨ᠎ᠠ ᠤᠤ︖ ᠲᠡᠢᠨ ᠬᠦ ᠲᠡᠷᠡ ᠲᠠᠨ ᠤ ᠲᠤᠰᠢᠶᠠᠯ᠂ ᠵᠠᠷᠴᠢᠮ᠂ ᠲᠣᠭᠲᠠᠭᠠᠯ ᠢ ᠰᠠᠬᠢᠨ ᠪᠦᠬᠦᠨ ᠢ ᠪᠡᠶᠡᠯᠡᠭᠦᠯᠵᠦ ᠪᠡᠯᠡᠳᠬᠡᠭᠰᠡᠨ ᠵᠦᠢᠯᠡᠰ ᠢᠶᠡᠷ ᠮᠢᠨᠢ ᠠᠷᠢᠭᠤᠨ ᠣᠷᠳᠣᠨ ᠢ ᠪᠠᠷᠢᠬᠤ ᠪᠣᠯᠣᠨ᠎ᠠ》 ᠭᠡᠪᠡ᠃

20 ᠲᠡᠭᠡᠭᠡᠳ ᠳ᠋ᠠᠸᠢᠳ᠋ ᠪᠦᠬᠦ ᠴᠢᠭᠤᠯᠭᠠᠨ ᠳᠤ᠄ 《ᠶᠣᠬᠣᠸᠠ ᠪᠤᠷᠬᠠᠨ ᠢᠶᠠᠨ ᠮᠠᠭᠲᠠᠵᠠᠭᠠᠶ᠎ᠠ》 ᠭᠡᠰᠡᠨ ᠳᠦ᠂ ᠪᠦᠬᠦ ᠴᠢᠭᠤᠯᠭᠠᠨ ᠡᠴᠢᠭᠡ ᠡᠪᠦᠭᠡᠳ ᠦᠨ ᠢᠶᠠᠨ ᠪᠤᠷᠬᠠᠨ ᠶᠣᠬᠣᠸᠠ ᠶᠢ ᠮᠠᠭᠲᠠᠵᠤ᠂ ᠶᠣᠬᠣᠸᠠ ᠪᠣᠯᠣᠨ ᠬᠠᠭᠠᠨ ᠤ ᠡᠮᠦᠨ᠎ᠡ ᠨᠢᠭᠤᠷ ᠶᠢᠨ ᠭᠠᠵᠠᠷ ᠲᠤ ᠬᠦᠷᠭᠡᠨ ᠪᠥᠬᠥᠢᠪᠡ᠃ 21 ᠳᠠᠷᠠᠭ᠎ᠠ ᠡᠳᠦᠷ ᠨᠢ ᠲᠡᠳᠡ ᠶᠣᠬᠣᠸᠠ ᠳᠤ ᠲᠠᠬᠢᠯ ᠡᠷᠭᠦᠵᠦ᠂ ᠰᠢᠲᠠᠭᠠᠯᠭᠠᠲᠤ ᠲᠠᠬᠢᠯ᠂ ᠲᠤᠬᠠᠢᠯᠠᠪᠠᠯ ᠮᠢᠩ᠋ᠭᠠᠨ ᠪᠤᠬ᠎ᠠ᠂ ᠮᠢᠩ᠋ᠭᠠᠨ ᠬᠤᠴᠠ᠂ ᠮᠢᠩ᠋ᠭᠠᠨ ᠬᠤᠷᠠᠭ᠎ᠠ ᠶᠢ ᠤᠮᠳᠠᠭᠠᠨ ᠡᠷᠭᠦᠯ ᠲᠡᠢ ᠬᠠᠮᠲᠤ ᠪᠦᠬᠦ ᠢᠰᠷᠧᠯ ᠤᠨ ᠲᠥᠯᠥᠭᠡ ᠦᠯᠡᠮᠵᠢ ᠲᠠᠩᠰᠤᠭ ᠡᠷᠭᠦᠵᠦ᠂ 22 ᠲᠡᠷᠡ ᠡᠳᠦᠷ ᠲᠡᠭᠡᠨ ᠶᠣᠬᠣᠸᠠ ᠶᠢᠨ ᠡᠮᠦᠨ᠎ᠡ ᠦᠪᠡᠳᠡᠭᠰᠢ ᠪᠠᠶᠠᠷ ᠲᠠᠢ ᠪᠠᠷ ᠢᠳᠡᠵᠦ ᠤᠤᠭᠤᠵᠠᠭᠠᠭᠰᠠᠨ ᠪᠠᠢᠨ᠎ᠠ᠃
 ᠰᠣᠯᠣᠮᠣᠨ ᠬᠠᠭᠠᠨ ᠪᠣᠯᠪᠠ

23 ᠡᠢᠨ ᠬᠦ ᠰᠣᠯᠣᠮᠣᠨ ᠡᠴᠢᠭᠡ ᠳ᠋ᠠᠸᠢᠳ᠋ ᠢᠶᠠᠨ ᠵᠠᠯᠭᠠᠮᠵᠢᠯᠠᠨ ᠬᠠᠭᠠᠨ ᠪᠣᠯᠵᠤ᠂ ᠶᠣᠬᠣᠸᠠ ᠶᠢᠨ ᠰᠣᠶᠣᠷᠬᠠᠭᠰᠠᠨ ᠰᠠᠭᠤᠳᠠᠯ ᠳᠤ ᠵᠠᠯᠠᠷᠠᠪᠠ᠃ ᠲᠡᠷᠡ ᠮᠠᠨᠳᠤᠭᠰᠠᠨ ᠪᠥᠭᠡᠳ ᠪᠦᠬᠦ ᠢᠰᠷᠧᠯ ᠲᠡᠭᠦᠨ ᠢ ᠳᠠᠭᠠᠵᠤ᠂ 24 ᠠᠯᠢᠪᠠ ᠲᠦᠰᠢᠮᠡᠯ᠂ ᠴᠡᠷᠢᠭ ᠤᠨ ᠳᠠᠷᠤᠭ᠎ᠠ ᠨᠠᠷ ᠪᠣᠯᠣᠨ ᠳ᠋ᠠᠸᠢᠳ᠋ ᠬᠠᠭᠠᠨ ᠤ ᠬᠥᠪᠡᠭᠦᠳ ᠬᠦᠷᠲᠡᠯ᠎ᠡ ᠪᠦᠭᠦᠳᠡᠭᠡᠷ ᠢᠶᠡᠨ ᠰᠣᠯᠣᠮᠣᠨ ᠬᠠᠭᠠᠨ ᠤ ᠭᠠᠷ ᠲᠤ ᠣᠷᠣᠪᠠ᠃ 25 ᠶᠣᠬᠣᠸᠠ ᠰᠣᠯᠣᠮᠣᠨ ᠢ ᠪᠦᠬᠦ ᠢᠰᠷᠧᠯ ᠤᠨ ᠨᠢᠳᠦᠨ ᠳᠡᠭᠡᠷ᠎ᠡ ᠥᠨᠳᠥᠷ ᠲᠦ ᠡᠷᠭᠦᠮᠵᠢᠯᠡᠵᠦ᠂ ᠲᠡᠭᠦᠨ ᠡᠴᠡ ᠡᠮᠦᠨᠡᠬᠢ ᠢᠰᠷᠧᠯ ᠤᠨ ᠠᠯᠢ ᠬᠠᠭᠠᠨ ᠳᠤ ᠴᠤ ᠥᠭᠭᠥᠭᠡ ᠦᠭᠡᠢ ᠬᠠᠭᠠᠨᠲᠤ ᠵᠠᠰᠠᠭᠯᠠᠯ ᠤᠨ ᠴᠣᠭ ᠵᠢᠪᠬᠤᠯᠠᠩ ᠢ ᠲᠡᠭᠦᠨ ᠳᠦ ᠬᠠᠢᠷᠠᠯᠠᠪᠠ᠃
 ᠳ᠋ᠠᠸᠢᠳ᠋ ᠥᠭᠡᠳᠡ ᠪᠣᠯᠪᠠ

26 ᠢᠱᠠᠢ ᠶᠢᠨ ᠬᠦᠦ ᠳ᠋ᠠᠸᠢᠳ᠋ ᠪᠦᠬᠦ ᠢᠰᠷᠧᠯ ᠤᠨ ᠬᠠᠭᠠᠨ ᠪᠣᠯᠣᠭᠠᠳ 27 ᠢᠰᠷᠧᠯ ᠢ ᠳᠥᠴᠢᠨ ᠵᠢᠯ ᠬᠠᠭᠠᠨᠴᠢᠯᠠᠪᠠ᠃ ᠲᠡᠷᠡ ᠾᠧᠪᠷᠣᠨ ᠳᠤ ᠳᠣᠯᠣᠭᠠᠨ ᠵᠢᠯ᠂ ᠶᠧᠷᠦ᠋ᠰᠠᠯᠧᠮ ᠳᠤ ᠭᠤᠴᠢᠨ ᠭᠤᠷᠪᠠᠨ ᠵᠢᠯ ᠬᠠᠭᠠᠨᠴᠢᠯᠠᠵᠠᠢ᠃ 28 ᠲᠡᠷᠡ ᠡᠳ᠋ ᠪᠠᠶᠠᠯᠢᠭ᠂ ᠠᠯᠳᠠᠷ ᠬᠦᠨᠳᠦ ᠶᠢ ᠡᠳ᠋ᠯᠡᠵᠦ ᠥᠨᠳᠥᠷ ᠨᠠᠰᠤᠨ ᠳᠠᠭᠠᠨ ᠥᠭᠡᠳᠡ ᠪᠣᠯᠪᠠ᠃ ᠬᠦᠦ ᠰᠣᠯᠣᠮᠣᠨ ᠨᠢ ᠲᠡᠭᠦᠨ ᠦ ᠣᠷᠣᠨ ᠳᠤ ᠬᠠᠭᠠᠨ ᠪᠣᠯᠪᠠ᠃ 29 ᠳ᠋ᠠᠸᠢᠳ᠋ ᠬᠠᠭᠠᠨ ᠤ ᠦᠢᠯᠡ ᠶᠠᠪᠤᠳᠠᠯ ᠡᠬᠢᠨ ᠡᠴᠡ ᠪᠡᠨ ᠡᠴᠦᠰ ᠲᠤᠨᠢ ᠬᠦᠷᠲᠡᠯ᠎ᠡ ᠪᠣᠱᠣᠭᠴᠢ ᠰᠠᠮᠦ᠋ᠶᠧᠯ ᠤᠨ ᠱᠠᠰᠲᠢᠷ᠂ ᠡᠰᠢ ᠦᠵᠡᠭᠦᠯᠦᠭᠴᠢ ᠨᠠᠲ᠋ᠠᠨ ᠤ ᠱᠠᠰᠲᠢᠷ ᠪᠣᠯᠣᠨ ᠪᠣᠱᠣᠭᠴᠢ ᠭᠠᠳ᠋ ᠤᠨ ᠱᠠᠰᠲᠢᠷ ᠲᠤ ᠪᠢᠴᠢᠭᠳᠡᠪᠡ᠃ 30 ᠲᠡᠭᠦᠨ ᠦ ᠪᠦᠬᠦ ᠵᠠᠬᠢᠷᠭ᠎ᠠ᠂ ᠬᠦᠴᠦ ᠨᠥᠯᠥᠭᠡ᠂ ᠮᠥᠨ ᠲᠡᠭᠦᠨ ᠦ ᠪᠣᠯᠣᠨ ᠢᠰᠷᠧᠯ ᠤᠨ᠂ ᠪᠠᠰᠠ ᠤᠯᠤᠰ ᠦᠨᠳᠦᠰᠦᠲᠡᠨ ᠨᠦᠭᠦᠳ ᠦᠨ ᠥᠩᠭᠡᠷᠡᠭᠰᠡᠨ ᠴᠠᠭ ᠦᠶ᠎ᠡ ᠶᠢᠨ ᠲᠡᠦᠬᠡ ᠲᠡᠳᠡᠭᠡᠷ ᠦᠨ ᠳᠣᠲᠣᠷ᠎ᠠ ᠪᠤᠢ᠃