1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠠᠷᠪᠠᠨ ᠳᠥᠷᠪᠡ
 ᠳ᠋ᠠᠸᠢᠳ᠋ ᠤᠨ ᠬᠠᠭᠠᠨᠴᠢᠯᠠᠯ ᠪᠠᠲᠤᠵᠢᠪᠠ

1 ᠲᠢᠷ ᠤᠨ ᠬᠠᠭᠠᠨ ᠾᠢᠷᠠᠮ ᠳ᠋ᠠᠸᠢᠳ᠋ ᠤᠷᠤᠭᠤ ᠡᠯᠴᠢᠳ ᠢ ᠬᠤᠱᠢ ᠮᠣᠳᠣ᠂ ᠴᠢᠯᠠᠭᠤᠨ ᠳᠠᠷᠬᠠᠳ᠂ ᠮᠣᠳᠣᠨ ᠳᠠᠷᠬᠠᠳ ᠲᠠᠢ ᠬᠠᠮᠲᠤ ᠢᠯᠡᠭᠡᠵᠦ᠂ ᠲᠡᠭᠦᠨ ᠦ ᠣᠷᠳᠣᠨ ᠢ ᠪᠠᠷᠢᠭᠤᠯᠪᠠ᠃ 2 ᠲᠡᠭᠡᠬᠦ ᠳᠦ᠂ ᠳ᠋ᠠᠸᠢᠳ᠋ ᠶᠣᠬᠣᠸᠠ ᠶᠢᠨ ᠥᠪᠡᠷ ᠢ ᠨᠢ ᠢᠰᠷᠧᠯ ᠤᠨ ᠬᠠᠭᠠᠨ ᠢᠶᠠᠷ ᠲᠣᠮᠢᠯᠠᠭᠰᠠᠨ ᠢ᠂ ᠮᠥᠨ ᠠᠷᠠᠳ ᠲᠦᠮᠡᠨ ᠢᠰᠷᠧᠯ ᠤᠨ ᠢᠶᠠᠨ ᠲᠥᠯᠥᠭᠡ ᠥᠪᠡᠷ ᠦᠨ ᠬᠢᠨᠢ ᠬᠠᠭᠠᠨᠴᠢᠯᠠᠯ ᠢ ᠡᠷᠭᠦᠮᠵᠢᠯᠡᠭᠰᠡᠨ ᠢ ᠤᠬᠠᠭᠠᠷᠠᠪᠠ᠃

3 ᠳ᠋ᠠᠸᠢᠳ᠋ ᠶᠧᠷᠦ᠋ᠰᠠᠯᠧᠮ ᠳᠤ ᠨᠡᠩ ᠣᠯᠠᠨ ᠡᠬᠡᠨᠡᠷ ᠠᠪᠤᠭᠰᠠᠨ ᠢᠶᠠᠷ ᠲᠡᠭᠦᠨ ᠳᠦ ᠨᠡᠩ ᠣᠯᠠᠨ ᠬᠥᠪᠡᠭᠦᠳ ᠥᠬᠢᠳ ᠲᠥᠷᠥᠪᠡ᠃ 4 ᠶᠧᠷᠦ᠋ᠰᠠᠯᠧᠮ ᠳᠤ ᠲᠥᠷᠥᠭᠰᠡᠨ ᠲᠡᠭᠦᠨ ᠦ ᠬᠡᠦᠬᠡᠳ ᠤᠳ ᠤᠨ ᠨᠡᠷᠡᠰ ᠭᠡᠪᠡᠯ᠄ ᠱᠠᠮᠦ᠋ᠶ᠎ᠠ᠂ ᠱᠣᠪᠠᠪ᠂ ᠨᠠᠲ᠋ᠠᠨ᠂ ᠰᠣᠯᠣᠮᠣᠨ᠂ 5 ᠢᠪᠬᠠᠷ᠂ ᠡᠯᠢᠱᠦ᠋ᠶ᠎ᠠ᠂ ᠡᠯᠫᠧᠯᠧᠲ᠂ 6 ᠨᠣᠭ᠎ᠠ᠂ ᠨᠧᠹᠧᠭ᠂ ᠶᠠᠹᠢᠶ᠎ᠠ᠂ 7 ᠡᠯᠢᠱᠠᠮᠠ᠂ ᠪᠧᠯᠢᠶᠠᠳᠠ᠂ ᠡᠯᠢᠹᠧᠯᠧᠲ ᠶᠤᠮ᠃
 ᠹᠢᠯᠢᠰᠲ᠋ᠴᠦᠳ ᠢ ᠢᠯᠠᠪᠠ

8 ᠳ᠋ᠠᠸᠢᠳ᠋ ᠲᠣᠰᠣᠯᠠᠭᠳᠠᠨ᠂ ᠪᠦᠬᠦ ᠢᠰᠷᠧᠯ ᠤᠨ ᠬᠠᠭᠠᠨ ᠪᠣᠯᠣᠭᠰᠠᠨ ᠢ ᠹᠢᠯᠢᠰᠲ᠋ᠴᠦᠳ ᠰᠣᠨᠣᠰᠣᠭᠠᠳ ᠲᠡᠭᠦᠨ ᠢ ᠣᠯᠬᠤ ᠪᠠᠷ ᠪᠦᠬᠦ ᠬᠦᠴᠦ ᠪᠡᠨ ᠳᠠᠢᠴᠢᠯᠠᠨ ᠭᠠᠷᠴᠤ ᠢᠷᠡᠵᠡᠭᠡᠪᠡ᠃ ᠳ᠋ᠠᠸᠢᠳ᠋ ᠰᠣᠨᠣᠰᠣᠭᠠᠳ ᠲᠡᠳᠡᠨ ᠲᠡᠢ ᠳᠠᠢᠲᠤᠬᠤ ᠪᠠᠷ ᠭᠠᠷᠪᠠ᠃ 9 ᠹᠢᠯᠢᠰᠲ᠋ᠴᠦᠳ ᠬᠦᠷᠴᠦ ᠢᠷᠡᠭᠡᠳ᠂ ᠷᠧᠹᠠᠢᠮ ᠤᠨ ᠬᠥᠨᠳᠡᠢ ᠶᠢ ᠳᠠᠭᠠᠷᠢᠭᠰᠠᠨ ᠪᠠᠢᠵᠠᠢ᠃ 10 ᠳ᠋ᠠᠸᠢᠳ᠋ ᠪᠤᠷᠬᠠᠨ ᠠᠴᠠ ᠯᠠᠪᠯᠠᠨ᠄ 《ᠪᠢ ᠹᠢᠯᠢᠰᠲ᠋ᠴᠦᠳ ᠲᠡᠢ ᠳᠠᠢᠲᠤᠬᠤ ᠪᠠᠷ ᠬᠥᠳᠡᠯᠵᠦ ᠪᠣᠯᠬᠤ ᠤᠤ︖ ᠲᠠ ᠲᠡᠳᠡᠨ ᠢ ᠮᠢᠨᠦ ᠭᠠᠷ ᠲᠤ ᠲᠤᠰᠢᠶᠠᠬᠤ ᠤᠤ︖》 ᠭᠡᠪᠡ᠃ ᠶᠣᠬᠣᠸᠠ ᠲᠡᠭᠦᠨ ᠳᠦ᠄ 《ᠬᠥᠳᠡᠯ᠂ ᠪᠢ ᠲᠡᠳᠡᠨ ᠢ ᠴᠢᠨᠦ ᠭᠠᠷ ᠲᠤ ᠲᠤᠰᠢᠶᠠᠶ᠎ᠠ》 ᠭᠡᠰᠡᠨ ᠳᠦ᠂ 11 ᠲᠡᠷᠡ ᠪᠡᠷ ᠪᠠᠯ ᠫᠧᠷᠠᠽᠢᠮ ᠤᠷᠤᠭᠤ ᠬᠥᠳᠡᠯᠪᠡ᠃ ᠳ᠋ᠠᠸᠢᠳ᠋ ᠲᠡᠨᠳᠡ ᠲᠡᠳᠡᠨ ᠢ ᠪᠤᠲᠠ ᠴᠣᠬᠢᠵᠤ᠄ 《ᠪᠤᠷᠬᠠᠨ ᠬᠠᠰᠢᠯᠭ᠎ᠠ ᠶᠢ ᠰᠦᠢᠷᠡᠭᠦᠯᠳᠡᠭ ᠤᠰᠤ ᠮᠡᠲᠦ ᠪᠡᠷ ᠮᠢᠨᠦ ᠳᠠᠢᠰᠤᠨ ᠨᠤᠭᠤᠳ ᠢ ᠮᠢᠨᠦ ᠡᠮᠦᠨ᠎ᠡ ᠮᠢᠨᠦ ᠭᠠᠷ ᠢᠶᠠᠷ ᠰᠦᠢᠷᠡᠭᠦᠯᠵᠡᠢ》 ᠭᠡᠰᠡᠨ ᠦ ᠤᠯᠠᠮ ᠢᠶᠠᠷ ᠲᠡᠷᠡ ᠭᠠᠵᠠᠷ ᠪᠠᠯ ᠫᠧᠷᠠᠽᠢᠮ 7 ᠭᠡᠵᠦ ᠨᠡᠷᠡᠯᠡᠭᠳᠡᠵᠡᠢ᠃ 12 ᠹᠢᠯᠢᠰᠲ᠋ᠴᠦᠳ ᠪᠤᠷᠬᠠᠳ ᠢᠶᠠᠨ ᠲᠡᠨᠳᠡ ᠣᠷᠬᠢᠭᠰᠠᠨ ᠪᠠᠢᠯ᠎ᠠ᠂ ᠳ᠋ᠠᠸᠢᠳ᠋ ᠵᠠᠷᠯᠢᠭ ᠪᠠᠭᠤᠯᠭᠠᠵᠤ ᠲᠡᠳᠡᠭᠡᠷ ᠢ ᠭᠠᠯ ᠳᠤ ᠰᠢᠲᠠᠭᠠᠵᠠᠢ᠃

13 ᠹᠢᠯᠢᠰᠲ᠋ᠴᠦᠳ ᠨᠥᠭᠥᠭᠡ ᠬᠥᠨᠳᠡᠢ ᠲᠠᠯ᠎ᠠ ᠶᠢ ᠳᠠᠬᠢᠨᠲᠠ ᠳᠣᠪᠲᠣᠯᠪᠠ᠃ 14 ᠳ᠋ᠠᠸᠢᠳ᠋ ᠳᠠᠬᠢᠨ ᠪᠤᠷᠬᠠᠨ ᠠᠴᠠ ᠠᠰᠠᠭᠤᠭᠰᠠᠨ ᠳᠤ᠂ ᠪᠤᠷᠬᠠᠨ᠄ 《ᠴᠢ ᠰᠢᠭᠤᠳ ᠭᠠᠷᠴᠤ ᠪᠣᠯᠬᠤ ᠦᠭᠡᠢ᠃ ᠲᠡᠳᠡᠨ ᠢ ᠲᠣᠭᠣᠷᠢᠨ ᠣᠴᠢᠵᠤ᠂ ᠢᠯᠠᠮ᠎ᠠ ᠶᠢᠨ ᠮᠣᠳᠣᠳ ᠤᠨ ᠤᠷᠳᠤᠭᠤᠷ ᠲᠡᠳᠡᠨ ᠤᠷᠤᠭᠤ ᠳᠠᠭᠠᠷᠢ᠃ 15 ᠢᠯᠠᠮ᠎ᠠ ᠶᠢᠨ ᠮᠣᠳᠣᠳ ᠤᠨ ᠣᠷᠣᠢ ᠳᠡᠭᠡᠭᠦᠷ ᠤᠷᠤᠭᠰᠢᠯᠠᠬᠤ ᠴᠢᠮᠡᠭᠡ ᠰᠣᠨᠣᠰᠳᠠᠬᠤ ᠦᠶ᠎ᠡ ᠳᠦ᠂ ᠴᠢ ᠲᠤᠯᠤᠯᠳᠤᠭᠠᠨ ᠳᠤ ᠭᠠᠷᠴᠤ ᠶᠠᠪᠤ᠃ ᠤᠴᠢᠷ ᠨᠢ ᠪᠤᠷᠬᠠᠨ ᠹᠢᠯᠢᠰᠲ ᠤᠨ ᠴᠡᠷᠢᠭ ᠢ ᠴᠣᠬᠢᠬᠤ ᠪᠠᠷ ᠴᠢᠮ᠎ᠠ ᠠᠴᠠ ᠲᠦᠷᠦᠭᠦᠯᠡᠨ ᠭᠠᠷᠤᠭᠰᠠᠨ ᠪᠠᠢᠨ᠎ᠠ》 ᠭᠡᠵᠦ ᠠᠢᠯᠠᠳᠪᠠ᠃ 16 ᠳ᠋ᠠᠸᠢᠳ᠋ ᠪᠤᠷᠬᠠᠨ ᠤ ᠲᠤᠰᠢᠶᠠᠭᠰᠠᠨ ᠶᠣᠰᠣᠭᠠᠷ ᠦᠢᠯᠡᠳᠦᠭᠰᠡᠨ ᠪᠥᠭᠡᠳ ᠲᠡᠳᠡ ᠭᠢᠪᠧᠶᠣᠨ ᠠᠴᠠ ᠭᠧᠽᠧᠷ ᠬᠦᠷᠲᠡᠯ᠎ᠡ ᠹᠢᠯᠢᠰᠲ᠋ᠴᠦᠳ ᠦᠨ ᠴᠡᠷᠢᠭ ᠢ ᠴᠣᠬᠢᠪᠠ᠃ 17 ᠢᠩᠭᠢᠭᠡᠳ ᠳ᠋ᠠᠸᠢᠳ᠋ ᠤᠨ ᠠᠯᠳᠠᠷ ᠨᠡᠷ᠎ᠡ ᠪᠦᠬᠦ ᠭᠠᠵᠠᠷ ᠢᠶᠠᠷ ᠲᠠᠷᠬᠠᠵᠠᠢ᠃ ᠶᠣᠬᠣᠸᠠ ᠠᠴᠠ ᠪᠣᠯᠵᠤ᠂ ᠪᠦᠬᠦ ᠦᠨᠳᠦᠰᠦᠲᠡᠨ ᠳ᠋ᠠᠸᠢᠳ᠋ ᠠᠴᠠ ᠡᠮᠢᠶᠡᠬᠦ ᠪᠣᠯᠵᠠᠢ᠃