ᠱᠠᠰᠲᠢᠷ ᠤᠨ ᠳᠡᠭᠡᠳᠦ ᠬᠣᠷᠢᠨ ᠵᠢᠷᠭᠤᠭ᠎ᠠ
ᠬᠠᠭᠠᠯᠭᠠᠴᠢᠳ
1 ᠬᠠᠭᠠᠯᠭᠠᠴᠢᠳ ᠤᠨ ᠡᠭᠦᠷᠭᠡ ᠶᠢᠨ ᠬᠤᠪᠢᠶᠠᠷᠢᠯᠠᠯ ᠳᠤ᠄ ᠺᠣᠷᠠᠴᠤᠳ ᠤᠨ ᠳᠤᠮᠳᠠ ᠠᠴᠠ᠂ ᠠᠰᠠᠹ ᠤᠨ ᠦᠷ᠎ᠡ ᠤᠳᠤᠮ ᠺᠣᠷᠧ ᠶᠢᠨ ᠬᠦᠦ ᠮᠧᠱᠧᠯᠧᠮᠢᠶᠠ ᠪᠣᠯᠣᠨ 2 ᠲᠡᠭᠦᠨ ᠦ ᠬᠥᠪᠡᠭᠦᠳ᠃ ᠮᠧᠱᠧᠯᠧᠮᠢᠶᠠ ᠶᠢᠨ ᠬᠥᠪᠡᠭᠦᠳ᠄ ᠤᠤᠭᠠᠨ ᠨᠢ ᠽᠧᠺᠠᠷᠢᠶ᠎ᠠ᠂ ᠤᠳᠠᠭᠠᠬᠢ ᠨᠢ ᠶᠧᠳᠢᠶᠠᠶᠧᠯ᠂ ᠭᠤᠷᠪᠠᠳᠠᠬᠢ ᠨᠢ ᠽᠧᠪᠠᠳᠢᠶ᠎ᠠ᠂ ᠳᠥᠷᠪᠡᠳᠡᠬᠢ ᠨᠢ ᠶᠠᠲ᠋ᠨᠢᠶᠧᠯ᠂ 3 ᠲᠠᠪᠤᠳᠠᠬᠢ ᠨᠢ ᠡᠯᠠᠮ᠂ ᠵᠢᠷᠭᠤᠳᠠᠬᠢ ᠨᠢ ᠶᠧᠬᠣᠬᠠᠨᠠᠨ᠂ ᠳᠣᠯᠣᠳᠠᠬᠢ ᠨᠢ ᠡᠯᠢᠶᠧᠬᠣᠶᠧᠨᠠᠢ᠃ 4 ᠣᠪᠧᠳ᠋ ᠡᠳᠣᠮ ᠪᠣᠯᠣᠨ ᠲᠡᠭᠦᠨ ᠦ ᠬᠥᠪᠡᠭᠦᠳ ᠴᠤ ᠬᠠᠭᠠᠯᠭᠠᠴᠢᠨ ᠤ ᠡᠭᠦᠷᠭᠡ ᠲᠠᠢ᠃ ᠤᠤᠭᠠᠨ ᠬᠦᠦ ᠨᠢ ᠱᠧᠮᠠᠢᠶ᠎ᠠ᠂ ᠤᠳᠠᠭᠠᠬᠢ ᠨᠢ ᠶᠧᠬᠣᠽᠠᠪᠠᠳ᠋᠂ ᠭᠤᠷᠪᠠᠳᠠᠬᠢ ᠨᠢ ᠶᠣᠶ᠎ᠠ᠂ ᠳᠥᠷᠪᠡᠳᠡᠬᠢ ᠨᠢ ᠰᠠᠺᠠᠷ᠂ ᠲᠠᠪᠤᠳᠠᠬᠢ ᠨᠢ ᠨᠧᠲ᠋ᠠᠨᠧᠯ᠂ 5 ᠵᠢᠷᠭᠤᠳᠠᠬᠢ ᠨᠢ ᠠᠮᠢᠶᠧᠯ᠂ ᠳᠣᠯᠣᠳᠠᠬᠢ ᠨᠢ ᠢᠰᠠᠺᠠᠷ᠂ ᠨᠠᠢ᠌ᠮᠠᠳᠠᠬᠢ ᠨᠢ ᠫᠧᠶᠦ᠋ᠯᠧᠲ᠋ᠠᠢ ᠪᠣᠯᠠᠢ᠃ ᠪᠤᠷᠬᠠᠨ ᠣᠪᠧᠳ᠋ ᠡᠳᠣᠮ ᠢ ᠡᠢᠨ ᠬᠦ ᠢᠪᠡᠭᠡᠵᠡᠢ᠃ 6 ᠲᠡᠭᠦᠨ ᠦ ᠬᠦᠦ ᠱᠧᠮᠠᠢᠶ᠎ᠠ ᠴᠤ ᠬᠥᠪᠡᠭᠦᠳ ᠲᠡᠢ ᠪᠣᠯᠪᠠ᠃ ᠲᠡᠳᠡ ᠰᠣᠳᠣᠨ ᠴᠢᠳᠠᠪᠤᠷᠢᠲᠠᠢ ᠪᠣᠯᠬᠣᠷ ᠤᠳᠤᠮ ᠤᠨ ᠬᠢᠨ ᠢᠶᠠᠨ ᠵᠠᠬᠢᠷᠪᠠ᠃ 7 ᠱᠧᠮᠠᠢᠶ᠎ᠠ ᠶᠢᠨ ᠬᠥᠪᠡᠭᠦᠳ᠄ ᠣᠲ᠋ᠨᠢ᠂ ᠷᠧᠹᠠᠶᠧᠯ᠂ ᠣᠪᠧᠳ᠋᠂ ᠡᠯᠽᠠᠪᠠᠳ᠋᠃ ᠡᠯᠽᠠᠪᠠᠳ᠋ ᠤᠨ ᠬᠠᠮᠢᠶᠠᠲᠠᠨ ᠡᠯᠢᠾᠦ᠋᠂ ᠰᠧᠮᠠᠺᠢᠶᠠ ᠬᠣᠶᠠᠷ ᠴᠤ ᠴᠢᠳᠠᠪᠤᠷᠢᠯᠢᠭ᠋ ᠬᠥᠮᠦᠰ ᠪᠠᠢᠯ᠎ᠠ᠃ 8 ᠡᠳᠡ ᠪᠦᠭᠦᠳᠡᠭᠡᠷ ᠢᠶᠡᠨ ᠣᠪᠧᠳ᠋ ᠡᠳᠣᠮ ᠤᠨ ᠦᠷ᠎ᠡ ᠤᠳᠤᠮ ᠶᠤᠮ᠃ ᠲᠡᠳᠡ᠂ ᠲᠡᠳᠡᠨ ᠦ ᠬᠥᠪᠡᠭᠦᠳ ᠪᠣᠯᠣᠨ ᠬᠠᠮᠢᠶᠠᠲᠠᠳ ᠨᠡᠢᠲᠡ ᠵᠢᠷᠠᠨ ᠬᠣᠶᠠᠷ ᠬᠥᠮᠦᠨ ᠪᠥᠭᠡᠳ ᠲᠡᠳᠡ ᠪᠦᠭᠦᠳᠡᠭᠡᠷ ᠢᠶᠡᠨ ᠠᠵᠢᠯ ᠳᠠᠭᠠᠨ ᠭᠠᠷᠮᠠᠭᠠᠢ ᠬᠥᠮᠦᠰ ᠪᠢᠯᠡ᠃ 9 ᠮᠧᠱᠧᠯᠧᠮᠢᠶᠠ ᠶᠢᠨ ᠬᠥᠪᠡᠭᠦᠳ ᠪᠣᠯᠣᠨ ᠬᠠᠮᠢᠶᠠᠲᠠᠳ ᠴᠤ ᠴᠢᠳᠠᠪᠤᠷᠢᠲᠠᠢ ᠬᠥᠮᠦᠰ ᠪᠥᠭᠡᠳ ᠨᠡᠢᠲᠡ ᠳᠡᠭᠡᠨ ᠠᠷᠪᠠᠨ ᠨᠠᠢ᠌ᠮᠠᠨ ᠬᠥᠮᠦᠨ ᠪᠢᠯᠡ᠃ 10 ᠮᠧᠷᠠᠷᠢᠴᠤᠳ ᠤᠨ ᠦᠷ᠎ᠡ ᠤᠳᠤᠮ ᠬᠣᠰᠠ ᠶᠢᠨ ᠬᠥᠪᠡᠭᠦᠳ ᠴᠤ ᠬᠠᠭᠠᠯᠭᠠᠴᠢᠨ ᠤ ᠡᠭᠦᠷᠭᠡ ᠲᠠᠢ᠃ ᠠᠬᠠᠯᠠᠭᠴᠢ ᠬᠦᠦ ᠨᠢ ᠱᠢᠮᠷᠢ (ᠲᠡᠷᠡ ᠤᠤᠭᠠᠨ ᠨᠢ ᠪᠢᠰᠢ ᠪᠣᠯᠪᠠᠴᠤ ᠡᠴᠢᠭᠡ ᠨᠢ ᠲᠡᠭᠦᠨ ᠢ ᠠᠬᠠᠯᠠᠭᠴᠢ ᠪᠣᠯᠭᠠᠭᠰᠠᠨ)᠂ 11 ᠤᠳᠠᠭᠠᠬᠢ ᠨᠢ ᠾᠢᠯᠺᠢᠶ᠎ᠠ᠂ ᠭᠤᠷᠪᠠᠳᠠᠬᠢ ᠨᠢ ᠲᠧᠪᠧᠯᠢᠶᠠ᠂ ᠳᠥᠷᠪᠡᠳᠡᠬᠢ ᠨᠢ ᠽᠧᠺᠠᠷᠢᠶ᠎ᠠ᠃ ᠬᠣᠰᠠ ᠶᠢᠨ ᠬᠥᠪᠡᠭᠦᠳ ᠪᠠ ᠬᠠᠮᠢᠶᠠᠲᠠᠳ ᠪᠦᠭᠦᠳᠡᠭᠡᠷ ᠢᠶᠡᠨ ᠠᠷᠪᠠᠨ ᠭᠤᠷᠪᠠ ᠪᠠᠢᠪᠠ᠃
12 ᠡᠢᠨ ᠬᠦ ᠬᠤᠪᠢᠶᠠᠭᠳᠠᠭᠰᠠᠨ ᠬᠠᠭᠠᠯᠭᠠᠴᠢᠳ ᠨᠢ ᠠᠬᠠᠯᠠᠭᠴᠢᠳ ᠤᠨ ᠢᠶᠠᠨ ᠳᠣᠣᠷ᠎ᠠ ᠬᠠᠮᠢᠶᠠᠲᠠᠳ ᠤᠨ ᠢᠶᠠᠨ ᠠᠳᠠᠯᠢ ᠪᠠᠷ ᠶᠣᠬᠣᠸᠠ ᠶᠢᠨ ᠥᠷᠭᠥᠭᠡᠨ ᠳᠦ ᠦᠢᠯᠡᠴᠢᠯᠡᠬᠦ ᠡᠭᠦᠷᠭᠡ ᠲᠠᠢ᠃ 13 ᠲᠡᠳᠡ ᠬᠠᠭᠠᠯᠭ᠎ᠠ ᠪᠦᠷᠢ ᠶᠢ ᠬᠠᠷᠢᠭᠤᠴᠠᠬᠤ ᠬᠠᠭᠠᠯᠭᠠᠴᠢᠳ ᠢ ᠰᠣᠩ᠋ᠭᠣᠬᠤ ᠶᠢᠨ ᠲᠤᠯᠠᠳᠠ ᠲᠣᠮᠣ᠂ ᠵᠢᠵᠢᠭ ᠭᠡᠵᠦ ᠢᠯᠭᠠᠯ ᠦᠭᠡᠢ ᠤᠳᠤᠮ ᠤᠳᠤᠮ ᠢᠶᠠᠷ ᠰᠢᠪᠠᠭ᠎ᠠ ᠲᠠᠲᠠᠭᠤᠯᠵᠠᠢ᠃ 14 ᠲᠡᠳᠡ ᠰᠢᠪᠠᠭ᠎ᠠ ᠲᠠᠲᠠᠵᠤ ᠵᠡᠭᠦᠨ ᠬᠠᠭᠠᠯᠭ᠎ᠠ ᠶᠢ ᠱᠧᠯᠧᠮᠢᠶ᠎ᠠ ᠳᠤ ᠬᠠᠷᠢᠭᠤᠴᠠᠭᠤᠯᠪᠠ᠃ ᠳᠠᠷᠠᠭ᠎ᠠ ᠨᠢ ᠲᠡᠭᠦᠨ ᠦ ᠬᠦᠦ ᠪᠢᠯᠢᠭ ᠤᠬᠠᠭᠠᠨ ᠲᠠᠢ ᠵᠥᠪᠯᠡᠭᠴᠢ ᠽᠧᠺᠠᠷᠢᠶ᠎ᠠ ᠶᠢᠨ ᠲᠥᠯᠥᠭᠡ ᠰᠢᠪᠠᠭ᠎ᠠ ᠲᠠᠲᠠᠭᠰᠠᠨ ᠳᠤ ᠲᠡᠭᠦᠨ ᠳᠦ ᠬᠣᠢᠨ᠎ᠠ ᠬᠠᠭᠠᠯᠭ᠎ᠠ ᠤᠨᠤᠭᠳᠠᠵᠠᠢ᠃ 15 ᠣᠪᠧᠳ᠋ ᠡᠳᠣᠮ ᠳᠤ ᠡᠮᠦᠨ᠎ᠡ ᠬᠠᠭᠠᠯᠭ᠎ᠠ ᠤᠨᠤᠭᠳᠠᠵᠤ᠂ ᠲᠡᠭᠦᠨ ᠦ ᠬᠥᠪᠡᠭᠦᠳ ᠲᠦ ᠬᠥᠮᠥᠷᠭᠡ ᠤᠨᠤᠭᠳᠠᠪᠠ᠃ 16 ᠱᠦᠫᠢᠮ ᠪᠠ ᠬᠣᠰᠠ ᠳᠤ ᠪᠠᠷᠠᠭᠤᠨ ᠬᠠᠭᠠᠯᠭ᠎ᠠ ᠪᠠ ᠠᠷᠢᠭᠤᠨ ᠣᠷᠳᠣᠨ ᠥᠭᠡᠳᠡ ᠥᠭᠰᠥᠬᠦ ᠶᠡᠬᠡ ᠵᠠᠮ ᠳᠠᠬᠢ ᠱᠠᠯᠧᠺᠧᠲ ᠤᠨ ᠬᠠᠭᠠᠯᠭ᠎ᠠ ᠤᠨᠤᠭᠳᠠᠪᠠ᠃ ᠬᠠᠷᠠᠭᠤᠯ ᠨᠢ ᠬᠠᠷᠠᠭᠤᠯ ᠲᠠᠢ ᠪᠠᠨ ᠵᠡᠷᠭᠡᠴᠡᠨ ᠵᠣᠭᠰᠣᠵᠤ ᠪᠠᠢᠪᠠ᠃ 17 ᠵᠡᠭᠦᠨ ᠬᠠᠭᠠᠯᠭᠠᠨ ᠳᠤ ᠡᠳᠦᠷ ᠪᠦᠷᠢ ᠵᠢᠷᠭᠤᠭᠠᠨ ᠯᠧᠸᠢ ᠬᠥᠮᠦᠨ᠂ ᠬᠣᠢᠲᠤ ᠬᠠᠭᠠᠯᠭᠠᠨ ᠳᠤ ᠡᠳᠦᠷ ᠪᠦᠷᠢ ᠳᠥᠷᠪᠡᠨ ᠬᠥᠮᠦᠨ᠂ ᠡᠮᠦᠨ᠎ᠡ ᠬᠠᠭᠠᠯᠭᠠᠨ ᠳᠤ ᠡᠳᠦᠷ ᠪᠦᠷᠢ ᠳᠥᠷᠪᠡᠨ ᠬᠥᠮᠦᠨ ᠵᠣᠭᠰᠣᠵᠤ᠂ ᠬᠥᠮᠥᠷᠭᠡ ᠪᠣᠯᠭᠠᠨ ᠳᠤ ᠬᠣᠶᠠᠷ ᠬᠥᠮᠦᠨ ᠵᠣᠭᠰᠣᠳᠠᠭ ᠪᠠᠢᠪᠠ᠃ 18 ᠪᠠᠷᠠᠭᠤᠨ ᠬᠠᠭᠠᠯᠭᠠᠨ ᠳᠤ ᠠᠷᠢᠭᠤᠨ ᠣᠷᠳᠣᠨ ᠥᠭᠡᠳᠡ ᠥᠭᠰᠥᠬᠦ ᠶᠡᠬᠡ ᠵᠠᠮ ᠳᠡᠭᠡᠷ᠎ᠡ ᠳᠥᠷᠪᠡᠨ ᠬᠥᠮᠦᠨ᠂ ᠬᠠᠰᠢᠶᠠᠨ ᠳᠤᠨᠢ ᠬᠣᠶᠠᠷ ᠬᠥᠮᠦᠨ ᠵᠣᠭᠰᠣᠳᠠᠭ ᠪᠠᠢᠪᠠ᠃ 19 ᠡᠳᠡᠭᠡᠷ ᠨᠢ ᠺᠣᠷᠠᠴᠤᠳ ᠪᠣᠯᠣᠨ ᠮᠧᠷᠠᠷᠢᠴᠤᠳ ᠤᠨ ᠬᠠᠭᠠᠯᠭᠠᠴᠢᠳ ᠤᠨ ᠬᠤᠪᠢᠶᠠᠷᠢᠯᠠᠯᠲᠠ ᠪᠢᠯᠡ᠃
ᠪᠤᠰᠤᠳ ᠲᠦᠰᠢᠮᠡᠳ
20 ᠲᠡᠳᠡᠨ ᠦ ᠬᠠᠮᠢᠶᠠᠲᠠᠨ ᠯᠧᠸᠢᠴᠦᠳ ᠨᠢ ᠪᠤᠷᠬᠠᠨ ᠤ ᠥᠷᠭᠥᠭᠡᠨ ᠦ ᠬᠥᠮᠥᠷᠭᠡ ᠪᠠ ᠠᠷᠢᠭᠤᠨ ᠡᠷᠭᠦᠯ ᠦᠨ ᠬᠥᠮᠥᠷᠭᠡ ᠶᠢ ᠬᠠᠷᠢᠭᠤᠴᠠᠪᠠ᠃ 21 ᠭᠧᠷᠱᠣᠨ ᠬᠥᠮᠦᠨ ᠯᠠᠳᠠᠨ ᠤ ᠦᠷ᠎ᠡ ᠤᠳᠤᠮ ᠤᠨ ᠠᠬᠠᠯᠠᠭᠴᠢᠳ ᠪᠣᠯᠬᠤ ᠶᠧᠾᠢᠶᠧᠯ ᠬᠢᠭᠡᠳ 22 ᠶᠧᠾᠢᠶᠧᠯ ᠤᠨ ᠬᠥᠪᠡᠭᠦᠳ ᠽᠧᠲ᠋ᠠᠮ ᠪᠣᠯᠣᠨ ᠽᠧᠲ᠋ᠠᠮ ᠤᠨ ᠳᠡᠭᠦᠦ ᠶᠣᠶᠧᠯ ᠨᠠᠷ ᠶᠣᠬᠣᠸᠠ ᠶᠢᠨ ᠥᠷᠭᠥᠭᠡᠨ ᠦ ᠬᠥᠮᠥᠷᠭᠡ ᠶᠢ ᠬᠠᠷᠢᠭᠤᠴᠠᠪᠠ᠃ 23 ᠠᠮᠷᠠᠮᠴᠤᠳ᠂ ᠢᠽᠬᠠᠷᠴᠤᠳ᠂ ᠾᠧᠪᠷᠣᠨᠴᠤᠳ᠂ ᠦᠽᠢᠶᠧᠯᠴᠦᠳ ᠦᠨ ᠳᠣᠲᠣᠷ᠎ᠠ ᠠᠴᠠ᠂ 24 ᠮᠣᠰᠧ ᠶᠢᠨ ᠬᠦᠦ᠂ ᠭᠧᠷᠱᠣᠮ ᠤᠨ ᠬᠣᠢᠴᠢ ᠱᠦᠪᠠᠶᠧᠯ ᠬᠥᠮᠥᠷᠭᠡ ᠨᠦᠭᠦᠳ ᠦᠨ ᠨᠢᠷᠪᠠ ᠪᠠᠢᠪᠠ᠃ 25 ᠲᠡᠭᠦᠨ ᠦ ᠳᠡᠭᠦᠦ ᠡᠯᠢᠶᠧᠽᠧᠷ ᠤᠨ ᠦᠷ᠎ᠡ ᠤᠳᠤᠮ᠄ ᠡᠯᠢᠶᠧᠽᠧᠷ ᠤᠨ ᠬᠦᠦ ᠷᠧᠬᠠᠪᠢᠶᠠ᠂ ᠲᠡᠭᠦᠨ ᠦ ᠬᠦᠦ ᠶᠧᠱᠠᠢᠶ᠎ᠠ᠂ ᠲᠡᠭᠦᠨ ᠦ ᠬᠦᠦ ᠶᠣᠷᠠᠮ᠂ ᠲᠡᠭᠦᠨ ᠦ ᠬᠦᠦ ᠽᠢᠺᠷᠢ᠂ ᠲᠡᠭᠦᠨ ᠦ ᠬᠦᠦ ᠱᠧᠯᠣᠮᠢᠲ ᠨᠠᠷ ᠪᠢᠯᠡ᠃ 26 ᠱᠧᠯᠣᠮᠢᠲ ᠪᠣᠯᠣᠨ ᠬᠠᠮᠢᠶᠠᠲᠠᠳ ᠨᠢ ᠠᠷᠢᠭᠤᠨ ᠡᠷᠭᠦᠯ᠂ ᠲᠤᠬᠠᠢᠯᠠᠪᠠᠯ ᠳ᠋ᠠᠸᠢᠳ᠋ ᠬᠠᠭᠠᠨ᠂ ᠣᠪᠣᠭ ᠤᠨ ᠠᠬᠠᠯᠠᠭᠴᠢᠳ᠂ ᠮᠢᠩ᠋ᠭᠠᠲᠤ ᠪᠠ ᠵᠠᠭᠤᠲᠤ ᠶᠢᠨ ᠳᠠᠷᠤᠭ᠎ᠠ ᠨᠠᠷ᠂ ᠴᠡᠷᠢᠭ ᠤᠨ ᠵᠠᠩᠵᠤᠨ ᠨᠤᠭᠤᠳ ᠤᠨ ᠶᠣᠬᠣᠸᠠ ᠶᠢᠨ ᠥᠷᠭᠥᠭᠡᠨ ᠳᠦ ᠵᠣᠷᠢᠭᠤᠯᠤᠨ ᠡᠷᠭᠦᠭᠰᠡᠨ ᠠᠷᠢᠭᠤᠨ ᠡᠷᠭᠦᠯ ᠦᠨ ᠬᠥᠮᠥᠷᠭᠡ ᠪᠣᠯᠭᠠᠨ ᠢ ᠬᠠᠷᠢᠭᠤᠴᠠᠪᠠ᠃ 27 ᠬᠥᠮᠦᠰ ᠳᠠᠢᠨ ᠤ ᠣᠯᠵᠠ ᠠᠴᠠ ᠴᠤ ᠶᠣᠬᠣᠸᠠ ᠶᠢᠨ ᠥᠷᠭᠥᠭᠡ ᠶᠢ ᠪᠠᠷᠢᠵᠤ ᠵᠠᠰᠠᠪᠤᠷᠢᠯᠠᠬᠤ ᠳᠤ ᠲᠤᠰᠠᠭᠠᠷᠯᠠᠨ ᠵᠣᠷᠢᠭᠤᠯᠳᠠᠭ ᠪᠠᠢᠪᠠ᠃ 28 ᠪᠣᠱᠣᠭᠴᠢ ᠰᠠᠮᠦ᠋ᠶᠧᠯ᠂ ᠺᠢᠱ ᠤᠨ ᠬᠦᠦ ᠰᠠᠦ᠋ᠯ᠂ ᠨᠧᠷ ᠤᠨ ᠬᠦᠦ ᠠᠪᠨᠧᠷ᠂ ᠽᠧᠷᠣᠢᠶ᠎ᠠ ᠶᠢᠨ ᠬᠦᠦ ᠶᠣᠶᠠᠪ ᠨᠠᠷ ᠤᠨ ᠵᠣᠷᠢᠭᠤᠯᠤᠭᠰᠠᠨ ᠠᠯᠢᠪᠠ ᠡᠷᠭᠦᠯ ᠤᠳ ᠢ ᠴᠤ ᠪᠦᠬᠦᠨ ᠢ ᠨᠢ ᠱᠧᠯᠣᠮᠢᠲ ᠪᠣᠯᠣᠨ ᠲᠡᠭᠦᠨ ᠦ ᠬᠠᠮᠢᠶᠠᠲᠠᠳ ᠬᠠᠷᠢᠭᠤᠴᠠᠪᠠ᠃
29 ᠢᠽᠬᠠᠷᠴᠤᠳ ᠤᠨ ᠳᠣᠲᠣᠷ᠎ᠠ ᠠᠴᠠ᠂ ᠺᠧᠨᠠᠨᠢᠶᠠ ᠪᠣᠯᠣᠨ ᠬᠥᠪᠡᠭᠦᠳ ᠨᠢ ᠢᠰᠷᠧᠯ ᠤᠨ ᠲᠦᠰᠢᠮᠡᠯ ᠪᠠ ᠰᠢᠭᠦᠭᠴᠢ ᠪᠣᠯᠵᠤ᠂ ᠠᠷᠢᠭᠤᠨ ᠣᠷᠳᠣᠨ ᠤ ᠭᠠᠳᠠᠨᠠᠬᠢ ᠠᠵᠢᠯ ᠢ ᠭᠦᠢᠴᠡᠳᠬᠡᠵᠦ ᠪᠠᠢᠪᠠ᠃ 30 ᠾᠧᠪᠷᠣᠨᠴᠤᠳ ᠤᠨ ᠳᠣᠲᠣᠷ᠎ᠠ ᠠᠴᠠ ᠬᠠᠱᠠᠪᠢᠶ᠎ᠠ ᠪᠠ ᠲᠡᠭᠦᠨ ᠦ ᠬᠠᠮᠢᠶᠠᠲᠠᠳ ᠤᠨ ᠳᠤᠮᠳᠠᠬᠢ ᠬᠦᠴᠦᠷᠬᠡᠭ ᠮᠢᠩ᠋ᠭ᠎ᠠ ᠳᠣᠯᠣᠭᠠᠨ ᠵᠠᠭᠤᠨ ᠬᠥᠮᠦᠨ ᠶᠣᠷᠳᠠᠨ ᠤ ᠪᠠᠷᠠᠭᠤᠨ ᠲᠠᠯ᠎ᠠ ᠳᠠᠬᠢ ᠢᠰᠷᠧᠯ ᠳᠤ ᠶᠣᠬᠣᠸᠠ ᠶᠢᠨ ᠠᠯᠢᠪᠠ ᠠᠵᠢᠯ ᠪᠠ ᠬᠠᠭᠠᠨ ᠳᠤ ᠦᠢᠯᠡᠴᠢᠯᠡᠬᠦ ᠡᠭᠦᠷᠭᠡ ᠶᠢ ᠬᠠᠷᠢᠭᠤᠴᠠᠵᠤ ᠪᠠᠢᠪᠠ᠃ 31 ᠭᠡᠷ ᠦᠨ ᠴᠠᠳᠢᠭ ᠶᠣᠰᠣᠭᠠᠷ ᠾᠧᠪᠷᠣᠨᠴᠤᠳ ᠤᠨ ᠠᠬᠠᠯᠠᠭᠴᠢ ᠨᠢ ᠶᠧᠷᠢᠶᠠ ᠮᠥᠨ᠃ ᠳ᠋ᠠᠸᠢᠳ᠋ ᠤᠨ ᠬᠠᠭᠠᠨᠴᠢᠯᠠᠯ ᠤᠨ ᠳᠥᠴᠢᠳᠦᠭᠡᠷ ᠵᠢᠯ ᠳᠤ᠂ ᠬᠥᠮᠦᠰ ᠲᠡᠮᠳᠡᠭᠯᠡᠯ ᠤᠳ ᠢ ᠰᠢᠨᠵᠢᠯᠡᠭᠡᠳ ᠭᠢᠯᠧᠶᠠᠳ᠋ ᠤᠨ ᠶᠠᠽᠧᠷ ᠡᠴᠡ ᠬᠦᠴᠦᠷᠬᠡᠭ ᠡᠷᠡᠴᠦᠳ ᠢ ᠣᠯᠵᠠᠢ᠃ 32 ᠶᠧᠷᠢᠶᠠ ᠳᠤ ᠬᠣᠶᠠᠷ ᠮᠢᠩ᠋ᠭ᠎ᠠ ᠳᠣᠯᠣᠭᠠᠨ ᠵᠠᠭᠤᠨ ᠬᠠᠮᠢᠶᠠᠲᠠᠨ ᠪᠤᠢ᠂ ᠲᠡᠳᠡ ᠪᠦᠭᠦᠳᠡᠭᠡᠷ ᠢᠶᠡᠨ ᠬᠦᠴᠦᠷᠬᠡᠭ ᠡᠷᠡᠴᠦᠳ ᠪᠥᠭᠡᠳ ᠡᠷᠦᠬᠡ ᠶᠢᠨ ᠠᠬᠠᠯᠠᠭᠴᠢ ᠶᠤᠮ᠃ ᠳ᠋ᠠᠸᠢᠳ᠋ ᠬᠠᠭᠠᠨ ᠲᠡᠳᠡᠨ ᠢ ᠷᠧᠣᠪᠧᠨᠴᠤᠳ᠂ ᠭᠠᠳ᠋ᠴᠤᠳ ᠪᠣᠯᠣᠨ ᠮᠠᠨᠠᠰᠧᠴᠤᠳ ᠤᠨ ᠬᠠᠭᠠᠰ ᠣᠪᠣᠭ ᠤᠨ ᠬᠠᠮᠢᠶᠠᠷᠤᠭᠴᠢ ᠪᠠᠷ ᠲᠣᠮᠢᠯᠠᠵᠤ᠂ ᠪᠤᠷᠬᠠᠨ ᠤ ᠪᠣᠯᠣᠨ ᠬᠠᠭᠠᠨ ᠤ ᠠᠯᠢᠪᠠ ᠠᠵᠢᠯ ᠢ ᠬᠠᠷᠢᠭᠤᠴᠠᠭᠤᠯᠵᠠᠢ᠃