ᠱᠠᠰᠲᠢᠷ ᠤᠨ ᠳᠡᠭᠡᠳᠦ ᠭᠤᠷᠪᠠ
ᠳ᠋ᠠᠸᠢᠳ᠋ ᠤᠨ ᠦᠷ᠎ᠡ ᠤᠳᠤᠮ
1 ᠾᠧᠪᠷᠣᠨ ᠳᠤ ᠲᠥᠷᠥᠭᠰᠡᠨ ᠳ᠋ᠠᠸᠢᠳ᠋ ᠤᠨ ᠬᠥᠪᠡᠭᠦᠳ᠄ ᠶᠧᠽᠷᠧᠯ ᠡᠮᠡᠭᠲᠡᠢ ᠠᠾᠢᠨᠣᠶᠠᠮ ᠠᠴᠠ ᠲᠥᠷᠥᠭᠰᠡᠨ ᠤᠤᠭᠠᠨ ᠬᠦᠦ ᠠᠮᠨᠣᠨ᠂ ᠺᠠᠷᠮᠧᠯ ᠡᠮᠡᠭᠲᠡᠢ ᠠᠪᠢᠭᠠᠢᠯ ᠠᠴᠠ ᠲᠥᠷᠥᠭᠰᠡᠨ ᠣᠳᠠᠭᠠᠬᠢ ᠬᠦᠦ ᠳ᠋ᠠᠨᠢᠶᠧᠯ᠂ 2 ᠭᠧᠱᠦ᠋ᠷ ᠤᠨ ᠬᠠᠭᠠᠨ ᠲᠠᠯᠮᠠᠢ ᠶᠢᠨ ᠥᠬᠢᠨ ᠮᠠᠺᠠ ᠠᠴᠠ ᠲᠥᠷᠥᠭᠰᠡᠨ ᠭᠤᠷᠪᠠᠳᠤᠭᠠᠷ ᠬᠦᠦ ᠠᠪᠰᠠᠯᠣᠮ᠂ ᠬᠠᠬᠢᠲ ᠠᠴᠠ ᠲᠥᠷᠥᠭᠰᠡᠨ ᠳᠥᠷᠪᠡᠳᠦᠭᠡᠷ ᠬᠦᠦ ᠠᠳᠣᠨᠢᠶ᠎ᠠ᠂ 3 ᠠᠪᠢᠲ᠋ᠠᠯ ᠠᠴᠠ ᠲᠥᠷᠥᠭᠰᠡᠨ ᠲᠠᠪᠤᠳᠤᠭᠠᠷ ᠬᠦᠦ ᠱᠧᠹᠠᠲ᠋ᠢᠶ᠎ᠠ᠂ ᠳ᠋ᠠᠸᠢᠳ᠋ ᠤᠨ ᠡᠬᠡᠨᠡᠷ ᠡᠭᠯᠠ ᠠᠴᠠ ᠲᠥᠷᠥᠭᠰᠡᠨ ᠵᠢᠷᠭᠤᠳᠤᠭᠠᠷ ᠬᠦᠦ ᠢᠲ᠋ᠷᠧᠶᠠᠮ ᠶᠤᠮ᠃ 4 ᠡᠨᠡ ᠵᠢᠷᠭᠤᠭ᠎ᠠ ᠨᠢ ᠳ᠋ᠠᠸᠢᠳ᠋ ᠢ ᠾᠧᠪᠷᠣᠨ ᠳᠤ ᠪᠠᠢᠬᠤ ᠳᠤ ᠲᠥᠷᠥᠭᠰᠡᠨ ᠬᠥᠪᠡᠭᠦᠳ ᠪᠢᠯᠡ᠃ ᠳ᠋ᠠᠸᠢᠳ᠋ ᠲᠡᠨᠳᠡ ᠳᠣᠯᠣᠭᠠᠨ ᠵᠢᠯ ᠵᠢᠷᠭᠤᠭᠠᠨ ᠰᠠᠷ᠎ᠠ ᠬᠠᠭᠠᠨᠴᠢᠯᠠᠵᠤ᠂ ᠶᠧᠷᠦ᠋ᠰᠠᠯᠧᠮ ᠳᠤ ᠭᠤᠴᠢᠨ ᠭᠤᠷᠪᠠᠨ ᠵᠢᠯ ᠬᠠᠭᠠᠨᠴᠢᠯᠠᠪᠠ᠃ 5 ᠶᠧᠷᠦ᠋ᠰᠠᠯᠧᠮ ᠳᠤ ᠲᠥᠷᠥᠭᠰᠡᠨ ᠲᠡᠭᠦᠨ ᠦ ᠬᠥᠪᠡᠭᠦᠳ᠄ ᠱᠠᠮᠦ᠋ᠶᠠ᠂ ᠱᠣᠪᠠᠪ᠂ ᠨᠠᠲ᠋ᠠᠨ᠂ ᠰᠣᠯᠣᠮᠣᠨ᠃ ᠡᠨᠡ ᠳᠥᠷᠪᠡ ᠨᠢ ᠠᠮᠢᠶᠧᠯ ᠤᠨ ᠥᠬᠢᠨ ᠪᠠᠲ᠋ᠱᠧᠪᠠ ᠠᠴᠠ ᠲᠥᠷᠥᠭᠰᠡᠨ ᠬᠥᠪᠡᠭᠦᠳ ᠪᠢᠯᠡ᠃ 6 ᠡᠭᠦᠨ ᠡᠴᠡ ᠭᠠᠳᠠᠨ᠎ᠠ ᠢᠪᠬᠠᠷ᠂ ᠡᠯᠢᠱᠦ᠋ᠶᠠ᠂ ᠡᠯᠢᠹᠧᠯᠧᠲ᠂ 7 ᠨᠣᠭᠠ᠂ ᠨᠧᠹᠧᠭ᠂ ᠶᠠᠹᠢᠶᠠ᠂ 8 ᠡᠯᠢᠱᠠᠮᠠ᠂ ᠡᠯᠢᠶᠠᠳᠠ᠂ ᠡᠯᠢᠹᠧᠯᠧᠲ ᠶᠢᠰᠦ ᠴᠤ 9 ᠪᠦᠭᠦᠳᠡ ᠳ᠋ᠠᠸᠢᠳ᠋ ᠤᠨ ᠬᠥᠪᠡᠭᠦᠳ ᠪᠥᠭᠡᠳ ᠲᠡᠳᠡᠨ ᠦ ᠡᠭᠡᠴᠢ ᠶᠢ ᠲᠠᠮᠠᠷ ᠭᠡᠳᠡᠭ᠃ ᠡᠭᠦᠨ ᠳᠦ ᠲᠠᠲᠠᠪᠤᠷᠢ ᠡᠮᠡᠰ ᠦᠨ ᠬᠥᠪᠡᠭᠦᠳ ᠣᠷᠣᠭᠰᠠᠨ ᠦᠭᠡᠢ᠃
10 ᠰᠣᠯᠣᠮᠣᠨ ᠤ ᠬᠦᠦ ᠷᠧᠬᠣᠪᠣᠶᠠᠮ᠂ ᠲᠡᠭᠦᠨ ᠦ ᠬᠦᠦ ᠠᠪᠢᠶ᠎ᠠ᠂ ᠲᠡᠭᠦᠨ ᠦ ᠬᠦᠦ ᠠᠰᠠ᠂ ᠲᠡᠭᠦᠨ ᠦ ᠬᠦᠦ ᠶᠧᠬᠣᠱᠠᠹᠠᠲ᠂ 11 ᠲᠡᠭᠦᠨ ᠦ ᠬᠦᠦ ᠶᠧᠬᠣᠷᠠᠮ᠂ ᠲᠡᠭᠦᠨ ᠦ ᠬᠦᠦ ᠠᠬᠠᠽᠢᠶ᠎ᠠ᠂ ᠲᠡᠭᠦᠨ ᠦ ᠬᠦᠦ ᠶᠣᠶᠠᠱ᠂ 12 ᠲᠡᠭᠦᠨ ᠦ ᠬᠦᠦ ᠠᠮᠠᠽᠢᠶ᠎ᠠ᠂ ᠲᠡᠭᠦᠨ ᠦ ᠬᠦᠦ ᠠᠽᠠᠷᠢᠶ᠎ᠠ᠂ ᠲᠡᠭᠦᠨ ᠦ ᠬᠦᠦ ᠶᠣᠲ᠋ᠠᠮ᠂ 13 ᠲᠡᠭᠦᠨ ᠦ ᠬᠦᠦ ᠠᠬᠠᠽ᠂ ᠲᠡᠭᠦᠨ ᠦ ᠬᠦᠦ ᠾᠧᠽᠧᠺᠢᠶ᠎ᠠ᠂ ᠲᠡᠭᠦᠨ ᠦ ᠬᠦᠦ ᠮᠠᠨᠠᠰᠧ᠂ 14 ᠲᠡᠭᠦᠨ ᠦ ᠬᠦᠦ ᠠᠮᠣᠨ᠂ ᠲᠡᠭᠦᠨ ᠦ ᠬᠦᠦ ᠶᠣᠰᠢᠶ᠎ᠠ ᠶᠤᠮ᠃ 15 ᠶᠣᠰᠢᠶ᠎ᠠ ᠶᠢᠨ ᠬᠥᠪᠡᠭᠦᠳ᠄ ᠤᠤᠭᠠᠨ ᠨᠢ ᠶᠣᠬᠠᠨᠠᠨ᠂ ᠤᠳᠠᠭᠠᠬᠢ ᠨᠢ ᠶᠧᠬᠣᠢᠶᠠᠺᠢᠮ᠂ ᠭᠤᠷᠪᠠᠳᠤᠭᠠᠷ ᠨᠢ ᠽᠧᠳᠧᠺᠢᠶ᠎ᠠ᠂ ᠳᠥᠷᠪᠡᠳᠦᠭᠡᠷ ᠨᠢ ᠱᠠᠯᠦ᠋ᠮ᠃ 16 ᠶᠧᠬᠣᠢᠶᠠᠺᠢᠮ ᠤᠨ ᠵᠠᠯᠭᠠᠮᠵᠢᠯᠠᠭᠴᠢᠳ᠄ ᠲᠡᠭᠦᠨ ᠦ ᠬᠦᠦ ᠶᠧᠺᠣᠨᠢᠶᠠ ᠪᠣᠯᠣᠨ ᠽᠧᠳᠧᠺᠢᠶ᠎ᠠ᠃ 17 ᠣᠯᠵᠠᠯᠠᠭᠳᠠᠭᠰᠠᠨ ᠶᠧᠺᠣᠨᠢᠶᠠ ᠶᠢᠨ ᠦᠷ᠎ᠡ ᠤᠳᠤᠮ᠄ ᠱᠠᠯᠲ᠋ᠢᠶᠧᠯ᠂ 18 ᠮᠠᠯᠺᠢᠷᠠᠮ᠂ ᠫᠧᠳᠠᠶᠠ᠂ ᠱᠧᠨᠠᠽᠠᠷ᠂ ᠶᠧᠺᠠᠮᠢᠶᠠ᠂ ᠬᠣᠱᠠᠮᠠ᠂ ᠨᠧᠳᠠᠪᠢᠶᠠ᠃ 19 ᠫᠧᠳᠠᠶᠠ ᠶᠢᠨ ᠬᠥᠪᠡᠭᠦᠳ᠄ ᠽᠣᠷᠣᠪᠠᠪᠧᠯ ᠪᠣᠯᠣᠨ ᠱᠢᠮᠧᠶᠢ᠂ ᠽᠣᠷᠣᠪᠠᠪᠧᠯ ᠤᠨ ᠬᠥᠪᠡᠭᠦᠳ᠄ ᠮᠧᠱᠦ᠋ᠯᠠᠮ᠂ ᠬᠠᠨᠠᠨᠢᠶ᠎ᠠ ᠪᠥᠭᠡᠳ ᠲᠡᠳᠡᠨ ᠦ ᠡᠭᠡᠴᠢ ᠶᠢ ᠱᠧᠯᠣᠮᠢᠲ ᠭᠡᠳᠡᠭ᠃ 20 ᠮᠥᠨ ᠬᠠᠱᠦ᠋ᠪᠠ᠂ ᠣᠬᠧᠯ᠂ ᠪᠧᠷᠧᠺᠢᠶ᠎ᠠ᠂ ᠬᠠᠰᠠᠳᠢᠶᠠ᠂ ᠶᠦᠱᠠᠪ ᠾᠧᠰᠧᠳ᠋ ᠭᠡᠬᠦ ᠲᠠᠪᠤᠨ ᠬᠥᠪᠡᠭᠦᠨ ᠲᠡᠢ ᠪᠠᠢᠪᠠ᠃ 21 ᠬᠠᠨᠠᠨᠢᠶ᠎ᠠ ᠶᠢᠨ ᠦᠷ᠎ᠡ ᠤᠳᠤᠮ᠄ ᠫᠧᠯᠠᠲ᠋ᠢᠶᠠ᠂ ᠶᠧᠱᠠᠢᠶ᠎ᠠ ᠪᠣᠯᠣᠨ ᠷᠧᠹᠠᠢᠶᠠ ᠶᠢᠨ ᠬᠥᠪᠡᠭᠦᠳ᠂ ᠠᠷᠨᠠᠨ ᠤ ᠬᠥᠪᠡᠭᠦᠳ᠂ ᠣᠪᠠᠳᠢᠶ᠎ᠠ ᠶᠢᠨ ᠬᠥᠪᠡᠭᠦᠳ᠂ ᠱᠧᠺᠠᠨᠢᠶ᠎ᠠ ᠶᠢᠨ ᠬᠥᠪᠡᠭᠦᠳ᠃ 22 ᠱᠧᠺᠠᠨᠢᠶ᠎ᠠ ᠶᠢᠨ ᠦᠷ᠎ᠡ ᠤᠳᠤᠮ᠄ ᠱᠧᠮᠠᠢᠶ᠎ᠠ ᠪᠣᠯᠣᠨ ᠲᠡᠭᠦᠨ ᠦ ᠬᠥᠪᠡᠭᠦᠳ᠄ ᠬᠠᠲ᠋ᠦ᠋ᠱ᠂ ᠢᠭᠠᠯ᠂ ᠪᠠᠷᠢᠶ᠎ᠠ᠂ ᠨᠧᠶᠠᠷᠢᠶᠠ᠂ ᠱᠠᠹᠠᠲ ᠪᠦᠭᠦᠳᠡ ᠵᠢᠷᠭᠤᠭᠤᠯᠠ᠃ 23 ᠨᠧᠶᠠᠷᠢᠶᠠ ᠶᠢᠨ ᠬᠥᠪᠡᠭᠦᠳ᠄ ᠡᠯᠢᠶᠣᠶᠧᠨᠠᠢ᠂ ᠾᠢᠽᠺᠢᠶᠠ᠂ ᠠᠽᠷᠢᠺᠠᠮ ᠪᠦᠭᠦᠳᠡ ᠭᠤᠷᠪᠠᠭᠤᠯᠠ᠃ 24 ᠡᠯᠢᠶᠣᠶᠧᠨᠠᠢ ᠶᠢᠨ ᠬᠥᠪᠡᠭᠦᠳ᠄ ᠬᠣᠳᠠᠸᠢᠶᠠ᠂ ᠡᠯᠢᠶᠠᠱᠢᠪ᠂ ᠫᠧᠯᠠᠶᠠ᠂ ᠠᠺᠦ᠋ᠪ᠂ ᠶᠣᠬᠠᠨᠠᠨ᠂ ᠳ᠋ᠧᠯᠠᠢᠶᠠ᠂ ᠠᠨᠠᠨᠢ ᠪᠦᠭᠦᠳᠡ ᠳᠣᠯᠣᠭᠤᠯᠠ᠃