ᠱᠠᠰᠲᠢᠷ ᠤᠨ ᠳᠡᠭᠡᠳᠦ ᠵᠢᠷᠭᠤᠭ᠎ᠠ
ᠯᠧᠸᠢ ᠶᠢᠨ ᠦᠷ᠎ᠡ ᠤᠳᠤᠮ
1 ᠯᠧᠸᠢ ᠶᠢᠨ ᠬᠥᠪᠡᠭᠦᠳ᠄ ᠭᠧᠷᠱᠣᠨ᠂ ᠺᠣᠬᠠᠲ᠂ ᠮᠧᠷᠠᠷᠢ᠃ 2 ᠺᠣᠬᠠᠲ ᠤᠨ ᠬᠥᠪᠡᠭᠦᠳ᠄ ᠠᠮᠷᠠᠮ᠂ ᠢᠽᠬᠠᠷ᠂ ᠾᠧᠪᠷᠣᠨ᠂ ᠦᠽᠢᠶᠧᠯ᠃ 3 ᠠᠮᠷᠠᠮ ᠤᠨ ᠬᠡᠦᠬᠡᠳ ᠤᠳ᠄ ᠠᠷᠣᠨ᠂ ᠮᠣᠰᠧ᠂ ᠮᠢᠷᠢᠶᠠᠮ᠃ ᠠᠷᠣᠨ ᠤ ᠬᠥᠪᠡᠭᠦᠳ᠄ ᠨᠠᠳᠠᠪ᠂ ᠠᠪᠢᠾᠦ᠋᠂ ᠡᠯᠧᠶᠠᠽᠠᠷ᠂ ᠢᠲ᠋ᠠᠮᠠᠷ᠃ 4 ᠡᠯᠧᠶᠠᠽᠠᠷ ᠤᠨ ᠬᠦᠦ ᠹᠢᠨᠧᠬᠠᠰ᠂ ᠹᠢᠨᠧᠬᠠᠰ ᠤᠨ ᠬᠦᠦ ᠠᠪᠢᠱᠦ᠋ᠶᠠ᠂ 5 ᠠᠪᠢᠱᠦ᠋ᠶᠠ ᠶᠢᠨ ᠬᠦᠦ ᠪᠦᠺᠢ᠂ ᠪᠦᠺᠢ ᠶᠢᠨ ᠬᠦᠦ ᠦᠽᠢ᠂ 6 ᠦᠽᠢ ᠶᠢᠨ ᠬᠦᠦ ᠽᠧᠷᠠᠾᠢᠶᠠ᠂ ᠽᠧᠷᠠᠾᠢᠶᠠ ᠶᠢᠨ ᠬᠦᠦ ᠮᠧᠷᠠᠢᠶᠣᠲ᠂ 7 ᠮᠡᠷᠠᠢᠶᠣᠲ ᠶᠢᠨ ᠬᠦᠦ ᠠᠮᠠᠷᠢᠶ᠎ᠠ᠂ ᠠᠮᠠᠷᠢᠶ᠎ᠠ ᠶᠢᠨ ᠬᠦᠦ ᠠᠾᠢᠲ᠋ᠦ᠋ᠪ᠂ 8 ᠠᠾᠢᠲ᠋ᠦ᠋ᠪ ᠤᠨ ᠬᠦᠦ ᠽᠠᠳᠣᠺ᠂ ᠽᠠᠳᠣᠺ ᠤᠨ ᠬᠦᠦ ᠠᠾᠢᠮᠠᠽ᠂ 9 ᠠᠾᠢᠮᠠᠽ ᠤᠨ ᠬᠦᠦ ᠠᠽᠠᠷᠢᠶ᠎ᠠ᠂ ᠠᠽᠠᠷᠢᠶ᠎ᠠ ᠶᠢᠨ ᠬᠦᠦ ᠶᠣᠬᠠᠨᠠᠨ᠂ 10 ᠶᠣᠬᠠᠨᠠᠨ ᠤ ᠬᠦᠦ ᠠᠽᠠᠷᠢᠶ᠎ᠠ (ᠶᠧᠷᠦ᠋ᠰᠠᠯᠧᠮ ᠳᠤ ᠰᠣᠯᠣᠮᠣᠨ ᠤ ᠪᠠᠷᠢᠭᠰᠠᠨ ᠥᠷᠭᠥᠭᠡᠨ ᠦ ᠲᠠᠬᠢᠯᠴᠢ) 11 ᠠᠽᠠᠷᠢᠶ᠎ᠠ ᠶᠢᠨ ᠬᠦᠦ ᠠᠮᠠᠷᠢᠶ᠎ᠠ᠂ ᠠᠮᠠᠷᠢᠶ᠎ᠠ ᠶᠢᠨ ᠬᠦᠦ ᠠᠾᠢᠲ᠋ᠦ᠋ᠪ᠂ 12 ᠠᠾᠢᠲ᠋ᠦ᠋ᠪ ᠤᠨ ᠬᠦᠦ ᠽᠠᠳᠣᠺ᠂ ᠽᠠᠳᠣᠺ ᠤᠨ ᠬᠦᠦ ᠱᠠᠯᠦ᠋ᠮ᠂ 13 ᠱᠠᠯᠦ᠋ᠮ ᠤᠨ ᠬᠦᠦ ᠾᠢᠯᠺᠢᠶ᠎ᠠ᠂ ᠾᠢᠯᠺᠢᠶ᠎ᠠ ᠶᠢᠨ ᠬᠦᠦ ᠠᠽᠠᠷᠢᠶ᠎ᠠ᠂ 14 ᠠᠽᠠᠷᠢᠶ᠎ᠠ ᠶᠢᠨ ᠬᠦᠦ ᠰᠧᠷᠠᠢᠶ᠎ᠠ᠂ ᠰᠧᠷᠠᠢᠶ᠎ᠠ ᠶᠢᠨ ᠬᠦᠦ ᠶᠧᠬᠣᠽᠠᠳᠠᠺ᠃ 15 ᠶᠣᠬᠣᠸᠠ ᠨᠧᠪᠦ᠋ᠺᠠᠨᠧᠽᠠᠷ ᠤᠨ ᠭᠠᠷ ᠢᠶᠠᠷ ᠶᠦᠳᠠᠴᠤᠳ᠂ ᠶᠧᠷᠦ᠋ᠰᠠᠯᠧᠮᠴᠤᠳ ᠢ ᠴᠥᠯᠡᠬᠦ ᠳᠦ᠂ ᠶᠧᠬᠣᠽᠠᠳᠠᠺ ᠴᠤ ᠶᠠᠪᠤᠭᠰᠠᠨ ᠶᠤᠮ᠃
16 ᠯᠧᠸᠢ ᠶᠢᠨ ᠬᠥᠪᠡᠭᠦᠳ᠄ ᠭᠧᠷᠱᠣᠨ᠂ ᠺᠣᠬᠠᠲ᠂ ᠮᠧᠷᠠᠷᠢ᠃ 17 ᠭᠧᠷᠱᠣᠨ ᠤ ᠬᠥᠪᠡᠭᠦᠳ᠄ ᠯᠢᠪᠨᠢ ᠪᠣᠯᠣᠨ ᠱᠢᠮᠧᠶᠢ᠃ 18 ᠺᠣᠬᠠᠲ ᠤᠨ ᠬᠥᠪᠡᠭᠦᠳ᠄ ᠠᠮᠷᠠᠮ᠂ ᠢᠽᠬᠠᠷ᠂ ᠾᠧᠪᠷᠣᠨ᠂ ᠦᠽᠢᠶᠧᠯ᠃ 19 ᠮᠧᠷᠠᠷᠢ ᠶᠢᠨ ᠬᠥᠪᠡᠭᠦᠳ᠄ ᠮᠠᠯᠢ ᠪᠣᠯᠣᠨ ᠮᠦᠱᠢ᠃ ᠳᠠᠷᠠᠭᠠᠬᠢ ᠪᠣᠯ ᠳᠡᠭᠡᠳᠦᠰ ᠢᠶᠡᠷ ᠨᠢ ᠠᠩᠭᠢᠯᠠᠭᠰᠠᠨ ᠠᠢᠮᠠᠭ ᠤᠳ ᠪᠢᠯᠡ᠄ 20 ᠭᠧᠷᠱᠣᠨ ᠤ ᠦᠷ᠎ᠡ ᠤᠳᠤᠮ᠄ ᠭᠧᠷᠱᠣᠮ ᠤᠨ ᠬᠦᠦ ᠯᠢᠪᠨᠢ᠂ ᠲᠡᠭᠦᠨ ᠦ ᠬᠦᠦ ᠶᠠᠬᠠᠲ᠂ ᠲᠡᠭᠦᠨ ᠦ ᠬᠦᠦ ᠽᠢᠮᠠ᠂ 21 ᠲᠡᠭᠦᠨ ᠦ ᠬᠦᠦ ᠶᠣᠶ᠎ᠠ᠂ ᠲᠡᠭᠦᠨ ᠦ ᠬᠦᠦ ᠢᠳᠣ᠋᠂ ᠲᠡᠭᠦᠨ ᠦ ᠬᠦᠦ ᠽᠧᠷᠠ᠂ ᠲᠡᠭᠦᠨ ᠦ ᠬᠦᠦ ᠶᠧᠶᠠᠲ᠋ᠧᠷᠠᠢ ᠪᠢᠯᠡ᠃ 22 ᠺᠣᠬᠠᠲ ᠤᠨ ᠦᠷ᠎ᠡ ᠤᠳᠤᠮ᠄ ᠺᠣᠬᠠᠲ ᠤᠨ ᠬᠦᠦ ᠠᠮᠢᠨᠠᠳᠠᠪ᠂ ᠲᠡᠭᠦᠨ ᠦ ᠬᠦᠦ ᠺᠣᠷᠠ᠂ ᠲᠡᠭᠦᠨ ᠦ ᠬᠦᠦ ᠠᠰᠢᠷ᠂ 23 ᠲᠡᠭᠦᠨ ᠦ ᠬᠦᠦ ᠡᠯᠺᠠᠨᠠ᠂ ᠲᠡᠭᠦᠨ ᠦ ᠬᠦᠦ ᠡᠪᠢᠶᠠᠰᠠᠹ᠂ ᠲᠡᠭᠦᠨ ᠦ ᠬᠦᠦ ᠠᠰᠢᠷ᠂ 24 ᠲᠡᠭᠦᠨ ᠦ ᠬᠦᠦ ᠲᠠᠬᠠᠲ᠂ ᠲᠡᠭᠦᠨ ᠦ ᠬᠦᠦ ᠦᠷᠢᠶᠧᠯ᠂ ᠲᠡᠭᠦᠨ ᠦ ᠬᠦᠦ ᠦᠽᠢᠶ᠎ᠠ᠂ ᠲᠡᠭᠦᠨ ᠦ ᠬᠦᠦ ᠱᠠᠦ᠋ᠯ ᠪᠢᠯᠡ᠃ 25 ᠡᠯᠺᠠᠨᠠ ᠶᠢᠨ ᠦᠷ᠎ᠡ ᠤᠳᠤᠮ᠄ ᠠᠮᠠᠰᠠᠢ᠂ ᠠᠾᠢᠮᠣᠲ᠂ 26 ᠠᠾᠢᠮᠣᠲ ᠤᠨ ᠬᠦᠦ ᠡᠯᠺᠠᠨᠠ᠂ ᠲᠡᠭᠦᠨ ᠦ ᠬᠦᠦ ᠽᠣᠹᠠᠢ᠂ ᠲᠡᠭᠦᠨ ᠦ ᠬᠦᠦ ᠨᠠᠬᠠᠲ᠂ 27 ᠲᠡᠭᠦᠨ ᠦ ᠬᠦᠦ ᠡᠯᠢᠶᠠᠪ᠂ ᠲᠡᠭᠦᠨ ᠦ ᠬᠦᠦ ᠶᠧᠷᠣᠬᠠᠮ᠂ ᠲᠡᠭᠦᠨ ᠦ ᠬᠦᠦ ᠡᠯᠺᠠᠨᠠ᠃ 28 ᠰᠠᠮᠦ᠋ᠶᠧᠯ ᠤᠨ ᠬᠥᠪᠡᠭᠦᠳ᠄ ᠤᠤᠭᠠᠨ ᠨᠢ ᠶᠣᠶᠧᠯ᠂ ᠤᠳᠠᠭᠠᠬᠢ ᠨᠢ ᠠᠪᠢᠶ᠎ᠠ᠃ 29 ᠮᠧᠷᠠᠷᠢ ᠶᠢᠨ ᠦᠷ᠎ᠡ ᠤᠳᠤᠮ᠄ ᠮᠧᠷᠠᠷᠢ ᠶᠢᠨ ᠬᠦᠦ ᠮᠠᠯᠢ᠂ ᠲᠡᠭᠦᠨ ᠦ ᠬᠦᠦ ᠯᠢᠪᠨᠢ᠂ ᠲᠡᠭᠦᠨ ᠦ ᠬᠦᠦ ᠱᠢᠮᠧᠶᠢ᠂ ᠲᠡᠭᠦᠨ ᠦ ᠬᠦᠦ ᠦᠽᠠ᠂ 30 ᠲᠡᠭᠦᠨ ᠦ ᠬᠦᠦ ᠱᠢᠮᠧᠶ᠎ᠠ᠂ ᠲᠡᠭᠦᠨ ᠦ ᠬᠦᠦ ᠬᠠᠭᠢᠶᠠ᠂ ᠲᠡᠭᠦᠨ ᠦ ᠬᠦᠦ ᠠᠰᠠᠢᠶ᠎ᠠ ᠪᠢᠯᠡ᠃
ᠮᠠᠭᠲᠠᠭᠠᠯ ᠤᠨ ᠪᠠᠭ
31 ᠳ᠋ᠠᠸᠢᠳ᠋ ᠭᠡᠷ᠎ᠡ ᠶᠢᠨ ᠠᠪᠳᠠᠷ᠎ᠠ ᠶᠢ ᠶᠣᠬᠣᠸᠠ ᠶᠢᠨ ᠥᠷᠭᠥᠭᠡᠨ ᠳᠦ ᠪᠠᠢᠷᠢᠯᠠᠭᠤᠯᠤᠭᠰᠠᠨ ᠤ ᠳᠠᠷᠠᠭ᠎ᠠ᠂ ᠲᠡᠨᠳᠡ ᠳᠠᠭᠤᠤ ᠬᠥᠭᠵᠢᠮ ᠢ ᠬᠠᠷᠢᠭᠤᠴᠠᠭᠤᠯᠬᠤ ᠪᠠᠷ ᠳᠠᠷᠠᠭᠠᠬᠢ ᠬᠥᠮᠦᠰ ᠢ ᠲᠣᠮᠢᠯᠠᠪᠠ᠃ 32 ᠰᠣᠯᠣᠮᠣᠨ ᠶᠧᠷᠦ᠋ᠰᠠᠯᠧᠮ ᠳᠤ ᠶᠣᠬᠣᠸᠠ ᠶᠢᠨ ᠥᠷᠭᠥᠭᠡ ᠶᠢ ᠪᠠᠷᠢᠬᠤ ᠬᠦᠷᠲᠡᠯ᠎ᠡ ᠲᠡᠳᠡ ᠠᠭᠤᠯᠵᠠᠯᠲᠠ ᠶᠢᠨ ᠮᠠᠢᠬᠠᠨ ᠤ ᠡᠮᠦᠨ᠎ᠡ ᠳᠠᠭᠤᠤ ᠬᠥᠭᠵᠢᠮ ᠢᠶᠠᠷ ᠦᠢᠯᠡᠴᠢᠯᠡᠵᠦ ᠪᠠᠢᠪᠠ᠃ ᠲᠡᠳᠡ ᠡᠭᠡᠯᠵᠢ ᠶᠣᠰᠣᠭᠠᠷ ᠡᠭᠦᠷᠭᠡ ᠪᠡᠨ ᠭᠦᠢᠴᠡᠳᠬᠡᠵᠡᠢ᠃ 33 ᠡᠢᠨ ᠬᠦ ᠦᠢᠯᠡᠴᠢᠯᠡᠭᠰᠡᠨ ᠬᠥᠮᠦᠰ ᠬᠢᠭᠡᠳ ᠲᠡᠳᠡᠨ ᠦ ᠬᠥᠪᠡᠭᠦᠳ᠄ ᠺᠣᠬᠠᠲ᠋ᠴᠤᠳ᠂ ᠬᠥᠭᠵᠢᠮᠴᠢᠨ ᠾᠧᠮᠠᠨ᠃ ᠾᠧᠮᠠᠨ ᠤ ᠡᠴᠢᠭᠡ ᠶᠣᠶᠧᠯ᠂ ᠲᠡᠭᠦᠨ ᠦ ᠡᠴᠢᠭᠡ ᠰᠠᠮᠦ᠋ᠶᠧᠯ᠂ 34 ᠲᠡᠭᠦᠨ ᠦ ᠡᠴᠢᠭᠡ ᠡᠯᠺᠠᠨᠠ᠂ ᠲᠡᠭᠦᠨ ᠦ ᠡᠴᠢᠭᠡ ᠶᠧᠷᠣᠬᠠᠮ᠂ ᠲᠡᠭᠦᠨ ᠦ ᠡᠴᠢᠭᠡ ᠡᠯᠢᠶᠧᠯ᠂ ᠲᠡᠭᠦᠨ ᠦ ᠡᠴᠢᠭᠡ ᠲᠣᠶᠠ᠂ 35 ᠲᠡᠭᠦᠨ ᠦ ᠡᠴᠢᠭᠡ ᠽᠦᠹ᠂ ᠲᠡᠭᠦᠨ ᠦ ᠡᠴᠢᠭᠡ ᠡᠯᠺᠠᠨᠠ᠂ ᠲᠡᠭᠦᠨ ᠦ ᠡᠴᠢᠭᠡ ᠮᠠᠬᠠᠲ᠂ ᠲᠡᠭᠦᠨ ᠦ ᠡᠴᠢᠭᠡ ᠠᠮᠠᠰᠠᠢ᠂ 36 ᠲᠡᠭᠦᠨ ᠦ ᠡᠴᠢᠭᠡ ᠡᠯᠺᠠᠨᠠ᠂ ᠲᠡᠭᠦᠨ ᠦ ᠡᠴᠢᠭᠡ ᠶᠣᠶᠧᠯ᠂ ᠲᠡᠭᠦᠨ ᠦ ᠡᠴᠢᠭᠡ ᠠᠽᠠᠷᠢᠶ᠎ᠠ᠂ ᠲᠡᠭᠦᠨ ᠦ ᠡᠴᠢᠭᠡ ᠽᠧᠹᠠᠨᠢᠶ᠎ᠠ᠂ 37 ᠲᠡᠭᠦᠨ ᠦ ᠡᠴᠢᠭᠡ ᠲᠠᠬᠠᠲ᠂ ᠲᠡᠭᠦᠨ ᠦ ᠡᠴᠢᠭᠡ ᠠᠰᠢᠷ᠂ ᠲᠡᠭᠦᠨ ᠦ ᠡᠴᠢᠭᠡ ᠡᠪᠢᠶᠠᠰᠠᠹ᠂ ᠲᠡᠭᠦᠨ ᠦ ᠡᠴᠢᠭᠡ ᠺᠣᠷᠠ᠂ 38 ᠲᠡᠭᠦᠨ ᠦ ᠡᠴᠢᠭᠡ ᠢᠽᠬᠠᠷ᠂ ᠲᠡᠭᠦᠨ ᠦ ᠡᠴᠢᠭᠡ ᠺᠣᠬᠠᠲ᠂ ᠲᠡᠭᠦᠨ ᠦ ᠡᠴᠢᠭᠡ ᠯᠧᠸᠢ᠂ ᠲᠡᠭᠦᠨ ᠦ ᠡᠴᠢᠭᠡ ᠢᠰᠷᠧᠯ᠃ 39 ᠾᠧᠮᠠᠨ ᠤ ᠪᠠᠷᠠᠭᠤᠨ ᠭᠠᠷ ᠤᠨ ᠲᠤᠰᠠᠯᠠᠭᠴᠢ ᠨᠢ ᠠᠰᠠᠹ᠃ ᠠᠰᠠᠹ ᠤᠨ ᠡᠴᠢᠭᠡ ᠪᠧᠷᠧᠺᠢᠶ᠎ᠠ᠂ ᠲᠡᠭᠦᠨ ᠦ ᠡᠴᠢᠭᠡ ᠱᠢᠮᠧᠶ᠎ᠠ᠂ 40 ᠲᠡᠭᠦᠨ ᠦ ᠡᠴᠢᠭᠡ ᠮᠢᠺᠠᠶᠧᠯ᠂ ᠲᠡᠭᠦᠨ ᠦ ᠡᠴᠢᠭᠡ ᠪᠠᠰᠧᠶᠠ᠂ ᠲᠡᠭᠦᠨ ᠦ ᠡᠴᠢᠭᠡ ᠮᠠᠯᠺᠢᠶ᠎ᠠ᠂ 41 ᠲᠡᠭᠦᠨ ᠦ ᠡᠴᠢᠭᠡ ᠡᠲ᠋ᠨᠢ᠂ ᠲᠡᠭᠦᠨ ᠦ ᠡᠴᠢᠭᠡ ᠽᠧᠷᠠ᠂ ᠲᠡᠭᠦᠨ ᠦ ᠡᠴᠢᠭᠡ ᠠᠳᠠᠢᠶᠠ᠂ 42 ᠲᠡᠭᠦᠨ ᠦ ᠡᠴᠢᠭᠡ ᠡᠲ᠋ᠠᠨ᠂ ᠲᠡᠭᠦᠨ ᠦ ᠡᠴᠢᠭᠡ ᠽᠢᠮᠠ᠂ ᠲᠡᠭᠦᠨ ᠦ ᠡᠴᠢᠭᠡ ᠱᠢᠮᠧᠶᠢ᠂ 43 ᠲᠡᠭᠦᠨ ᠦ ᠡᠴᠢᠭᠡ ᠶᠠᠬᠠᠲ᠂ ᠲᠡᠭᠦᠨ ᠦ ᠡᠴᠢᠭᠡ ᠭᠧᠷᠱᠣᠨ᠂ ᠭᠧᠷᠱᠣᠨ ᠤ ᠡᠴᠢᠭᠡ ᠯᠧᠸᠢ᠃ 44 ᠲᠡᠳᠡᠨ ᠦ ᠵᠡᠭᠦᠨ ᠭᠠᠷ ᠤᠨ ᠲᠤᠰᠠᠯᠠᠭᠴᠢ ᠨᠢ ᠮᠧᠷᠠᠷᠢᠴᠤᠳ ᠤᠨ ᠬᠢ ᠪᠣᠯᠬᠤ ᠡᠲ᠋ᠠᠨ᠃ ᠡᠲ᠋ᠠᠨ ᠤ ᠡᠴᠢᠭᠡ ᠺᠢᠱᠢ᠂ ᠲᠡᠭᠦᠨ ᠦ ᠡᠴᠢᠭᠡ ᠠᠪᠳᠢ᠂ ᠲᠡᠭᠦᠨ ᠦ ᠡᠴᠢᠭᠡ ᠮᠠᠯᠦ᠋ᠺ᠂ 45 ᠲᠡᠭᠦᠨ ᠦ ᠡᠴᠢᠭᠡ ᠬᠠᠱᠠᠪᠢᠶ᠎ᠠ᠂ ᠲᠡᠭᠦᠨ ᠦ ᠡᠴᠢᠭᠡ ᠠᠮᠠᠽᠢᠶ᠎ᠠ᠂ ᠲᠡᠭᠦᠨ ᠦ ᠡᠴᠢᠭᠡ ᠾᠢᠯᠺᠢᠶ᠎ᠠ᠂ 46 ᠲᠡᠭᠦᠨ ᠦ ᠡᠴᠢᠭᠡ ᠠᠮᠽᠢ᠂ ᠲᠡᠭᠦᠨ ᠦ ᠡᠴᠢᠭᠡ ᠪᠠᠨᠢ᠂ ᠲᠡᠭᠦᠨ ᠦ ᠡᠴᠢᠭᠡ ᠱᠧᠮᠧᠷ᠂ 47 ᠲᠡᠭᠦᠨ ᠦ ᠡᠴᠢᠭᠡ ᠮᠠᠯᠢ᠂ ᠲᠡᠭᠦᠨ ᠦ ᠡᠴᠢᠭᠡ ᠮᠦᠱᠢ᠂ ᠲᠡᠭᠦᠨ ᠦ ᠡᠴᠢᠭᠡ ᠮᠧᠷᠠᠷᠢ᠂ ᠲᠡᠭᠦᠨ ᠦ ᠡᠴᠢᠭᠡ ᠯᠧᠸᠢ᠃ 48 ᠲᠡᠳᠡᠨ ᠦ ᠬᠠᠮᠢᠶᠠᠲᠠᠨ ᠪᠤᠶᠤ ᠪᠤᠰᠤᠳ ᠯᠧᠸᠢᠴᠦᠳ ᠪᠤᠷᠬᠠᠨ ᠤ ᠭᠡᠷ ᠪᠣᠯᠬᠤ ᠣᠷᠣᠰᠢᠬᠤᠢ ᠶᠢᠨ ᠴᠠᠴᠠᠷ ᠤᠨ ᠶᠠᠩᠵᠤ ᠪᠦᠷᠢ ᠶᠢᠨ ᠦᠢᠯᠡᠴᠢᠯᠡᠯ ᠳᠦ ᠲᠣᠮᠢᠯᠠᠭᠳᠠᠭᠰᠠᠨ ᠠᠵᠢ᠃
49 ᠠᠷᠣᠨ ᠪᠣᠯᠣᠨ ᠲᠡᠭᠦᠨ ᠦ ᠦᠷ᠎ᠡ ᠬᠣᠢᠴᠢᠰ ᠯᠠ ᠪᠤᠷᠬᠠᠨ ᠤ ᠵᠠᠷᠤᠴᠠ ᠮᠣᠰᠧ ᠶᠢᠨ ᠲᠤᠰᠢᠶᠠᠭᠰᠠᠨ ᠪᠦᠬᠦᠨ ᠦ ᠶᠣᠰᠣᠭᠠᠷ ᠠᠷᠢᠭᠤᠨ ᠠᠴᠠ ᠠᠷᠢᠭᠤᠨ ᠭᠠᠵᠠᠷ ᠤᠨ ᠪᠦᠬᠦ ᠠᠵᠢᠯ ᠢ ᠬᠢᠵᠦ᠂ ᠢᠰᠷᠧᠯ ᠤᠨ ᠡᠪᠯᠡᠷᠡᠭᠦᠯᠦᠯ ᠦᠨ ᠲᠥᠯᠥᠭᠡ ᠰᠢᠲᠠᠭᠠᠯᠭᠠᠲᠤ ᠲᠠᠬᠢᠯ ᠤᠨ ᠰᠢᠷᠡᠭᠡ᠂ ᠤᠲᠤᠯᠭ᠎ᠠ ᠶᠢᠨ ᠰᠢᠷᠡᠭᠡᠨ ᠳᠡᠭᠡᠷ᠎ᠡ ᠲᠠᠬᠢᠯ ᠡᠷᠭᠦᠵᠦ ᠪᠠᠢᠳᠠᠭ᠃ 50 ᠠᠷᠣᠨ ᠤ ᠦᠷ᠎ᠡ ᠤᠳᠤᠮ᠄ ᠠᠷᠣᠨ ᠤ ᠬᠦᠦ ᠡᠯᠧᠶᠠᠽᠠᠷ᠂ ᠲᠡᠭᠦᠨ ᠦ ᠬᠦᠦ ᠹᠢᠨᠧᠬᠠᠰ᠂ ᠲᠡᠭᠦᠨ ᠦ ᠬᠦᠦ ᠠᠪᠢᠱᠦ᠋ᠶᠠ᠂ 51 ᠲᠡᠭᠦᠨ ᠦ ᠬᠦᠦ ᠪᠦᠺᠢ᠂ ᠲᠡᠭᠦᠨ ᠦ ᠬᠦᠦ ᠦᠽᠢ᠂ ᠲᠡᠭᠦᠨ ᠦ ᠬᠦᠦ ᠽᠧᠷᠠᠾᠢᠶᠠ᠂ 52 ᠲᠡᠭᠦᠨ ᠦ ᠬᠦᠦ ᠮᠡᠷᠠᠢᠶᠣᠲ᠂ ᠲᠡᠭᠦᠨ ᠦ ᠬᠦᠦ ᠠᠮᠠᠷᠢᠶ᠎ᠠ᠂ ᠲᠡᠭᠦᠨ ᠦ ᠬᠦᠦ ᠠᠾᠢᠲ᠋ᠦ᠋ᠪ᠂ 53 ᠲᠡᠭᠦᠨ ᠦ ᠬᠦᠦ ᠽᠠᠳᠣᠺ᠂ ᠲᠡᠭᠦᠨ ᠦ ᠬᠦᠦ ᠠᠾᠢᠮᠠᠽ᠃
ᠯᠧᠸᠢᠴᠦᠳ ᠦᠨ ᠰᠠᠭᠤᠬᠤ ᠭᠠᠵᠠᠷ
54 ᠠᠷᠣᠨ ᠤ ᠦᠷ᠎ᠡ ᠤᠳᠤᠮ ᠤᠨ ᠰᠠᠭᠤᠷᠢᠰᠢᠭᠰᠠᠨ ᠬᠢᠯᠢ ᠬᠢᠵᠠᠭᠠᠷ ᠤᠨ ᠳᠣᠲᠣᠷᠠᠬᠢ ᠭᠠᠵᠠᠷ ᠤᠳ᠄ ᠳᠠᠷᠠᠭᠠᠬᠢ ᠨᠢ ᠲᠦᠷᠦᠭᠦᠯᠡᠨ ᠰᠢᠪᠠᠭ᠎ᠠ ᠲᠠᠲᠠᠭᠰᠠᠨ ᠺᠣᠬᠠᠲ᠋ᠴᠤᠳ ᠤᠨ ᠬᠦᠷᠲᠡᠭᠰᠡᠨ ᠬᠤᠪᠢ᠄ 55 ᠲᠡᠳᠡ ᠶᠦᠳᠠ ᠶᠢᠨ ᠨᠤᠲᠤᠭ ᠳᠠᠬᠢ ᠾᠧᠪᠷᠣᠨ ᠪᠣᠯᠣᠨ ᠲᠡᠭᠦᠨ ᠦ ᠣᠢᠷ᠎ᠠ ᠣᠷᠴᠢᠮ ᠤᠨ ᠪᠡᠯᠴᠢᠭᠡᠷ ᠢ ᠬᠦᠷᠲᠡᠪᠡ᠃ 56 ᠬᠠᠷᠢᠨ ᠲᠡᠷᠡ ᠬᠣᠲᠠ ᠶᠢ ᠪᠦᠰᠡᠯᠡᠭᠰᠡᠨ ᠲᠠᠷᠢᠶᠠᠨ ᠲᠠᠯᠠᠪᠠᠢ᠂ ᠲᠣᠰᠬᠣᠳ ᠢ ᠨᠢ ᠶᠧᠹᠦ᠋ᠨᠧ ᠶᠢᠨ ᠬᠦᠦ ᠺᠠᠯᠧᠪ ᠬᠦᠷᠲᠡᠵᠡᠢ᠃ 57 ᠠᠷᠣᠨ ᠤ ᠦᠷ᠎ᠡ ᠤᠳᠤᠮ ᠤᠨ ᠬᠦᠷᠲᠡᠭᠰᠡᠨ ᠬᠣᠲᠠ ᠨᠤᠭᠤᠳ᠄ ᠾᠧᠪᠷᠣᠨ (ᠬᠣᠷᠭᠣᠳᠠᠬᠤ ᠬᠣᠲᠠ ᠨᠤᠭᠤᠳ ᠤᠨ ᠨᠢᠭᠡ)᠂ ᠯᠢᠪᠨᠠ ᠶᠢ ᠪᠡᠯᠴᠢᠭᠡᠷ ᠲᠡᠢ ᠨᠢ ᠬᠠᠮᠲᠤ᠂ ᠶᠠᠲ᠋ᠢᠷ᠂ ᠡᠱᠲ᠋ᠧᠮᠣᠶᠠ ᠶᠢ ᠪᠡᠯᠴᠢᠭᠡᠷ ᠲᠡᠢ ᠨᠢ ᠬᠠᠮᠲᠤ 58 ᠾᠢᠯᠧᠨ ᠢ ᠪᠡᠯᠴᠢᠭᠡᠷ ᠲᠡᠢ ᠨᠢ ᠬᠠᠮᠲᠤ᠂ ᠳ᠋ᠧᠪᠢᠷ ᠢ ᠪᠡᠯᠴᠢᠭᠡᠷ ᠲᠡᠢ ᠨᠢ ᠬᠠᠮᠲᠤ᠂ 59 ᠠᠱᠠᠨ ᠢ ᠪᠡᠯᠴᠢᠭᠡᠷ ᠲᠡᠢ ᠨᠢ ᠬᠠᠮᠲᠤ᠂ ᠪᠧᠲ ᠱᠧᠮᠧᠱ ᠢ ᠪᠡᠯᠴᠢᠭᠡᠷ ᠲᠡᠢ ᠨᠢ ᠬᠠᠮᠲᠤ᠃ 60 ᠮᠥᠨ ᠪᠢᠨᠶᠠᠮᠢᠨ ᠤ ᠣᠪᠣᠭ ᠠᠴᠠ ᠬᠦᠷᠲᠡᠭᠰᠡᠨ ᠬᠣᠲᠠ ᠨᠤᠭᠤᠳ᠄ ᠭᠢᠪᠧᠶᠣᠨ ᠢ ᠪᠡᠯᠴᠢᠭᠡᠷ ᠲᠡᠢ ᠨᠢ ᠬᠠᠮᠲᠤ᠂ ᠠᠯᠧᠮᠧᠲ ᠢ ᠪᠡᠯᠴᠢᠭᠡᠷ ᠲᠡᠢ ᠨᠢ ᠬᠠᠮᠲᠤ᠂ ᠠᠨᠠᠲ᠋ᠣᠲ ᠢ ᠪᠡᠯᠴᠢᠭᠡᠷ ᠲᠡᠢ ᠨᠢ ᠬᠠᠮᠲᠤ᠃ ᠡᠳᠡᠭᠡᠷ ᠠᠢᠮᠠᠭ ᠲᠤ ᠨᠣᠭᠳᠠᠭᠰᠠᠨ ᠬᠣᠲᠠ ᠨᠤᠭᠤᠳ ᠨᠢ ᠪᠦᠭᠦᠳᠡ ᠠᠷᠪᠠᠨ ᠭᠤᠷᠪᠠ ᠪᠢᠯᠡ᠃
61 ᠪᠤᠰᠤᠳ ᠺᠣᠬᠠᠲ᠋ᠴᠤᠳ ᠮᠠᠨᠠᠰᠧ ᠶᠢᠨ ᠬᠠᠭᠠᠰ ᠣᠪᠣᠭ ᠠᠴᠠ ᠠᠷᠪᠠᠨ ᠬᠣᠲᠠ ᠱᠣᠳᠠᠵᠤ ᠬᠦᠷᠲᠡᠪᠡ᠃ 62 ᠭᠧᠷᠱᠣᠮᠴᠤᠳ ᠠᠢᠮᠠᠭ ᠠᠢᠮᠠᠭ ᠤᠨ ᠢᠶᠠᠨ ᠳᠠᠭᠠᠤ ᠢᠰᠠᠺᠠᠷ ᠣᠪᠣᠭ᠂ ᠠᠱᠧᠷ ᠣᠪᠣᠭ᠂ ᠨᠠᠹᠲ᠋ᠠᠯᠢ ᠣᠪᠣᠭ ᠬᠢᠭᠡᠳ ᠪᠠᠱᠠᠨ ᠳᠠᠬᠢ ᠮᠠᠨᠠᠰᠧ ᠶᠢᠨ ᠣᠪᠣᠭ ᠠᠴᠠ ᠠᠷᠪᠠᠨ ᠭᠤᠷᠪᠠᠨ ᠬᠣᠲᠠ ᠬᠦᠷᠲᠡᠪᠡ᠃ 63 ᠮᠧᠷᠠᠷᠢᠴᠤᠳ ᠠᠢᠮᠠᠭ ᠠᠢᠮᠠᠭ ᠤᠨ ᠢᠶᠠᠨ ᠳᠠᠭᠠᠤ ᠷᠧᠣᠪᠧᠨ ᠣᠪᠣᠭ᠂ ᠭᠠᠳ᠋ ᠣᠪᠣᠭ᠂ ᠽᠧᠪᠦ᠋ᠯᠣᠨ ᠣᠪᠣᠭ ᠠᠴᠠ ᠠᠷᠪᠠᠨ ᠬᠣᠶᠠᠷ ᠬᠣᠲᠠ ᠶᠢ ᠰᠢᠪᠠᠭ᠎ᠠ ᠪᠠᠷ ᠠᠪᠤᠪᠠ᠃ 64 ᠡᠢᠨ ᠬᠦ ᠢᠰᠷᠧᠯᠴᠦᠳ ᠡᠳᠡᠭᠡᠷ ᠬᠣᠲᠠ ᠶᠢ ᠪᠡᠯᠴᠢᠭᠡᠷ ᠲᠡᠢ ᠨᠢ ᠬᠠᠮᠲᠤ ᠯᠧᠸᠢᠴᠦᠳ ᠲᠦ ᠬᠦᠷᠲᠡᠭᠡᠵᠡᠢ᠃ 65 ᠲᠡᠳᠡ ᠶᠦᠳᠠ ᠣᠪᠣᠭ᠂ ᠰᠢᠮᠧᠶᠣᠨ ᠣᠪᠣᠭ᠂ ᠪᠢᠨᠶᠠᠮᠢᠨ ᠣᠪᠣᠭ ᠠᠴᠠ ᠳᠡᠭᠡᠷ᠎ᠡ ᠳᠤᠷᠠᠳᠤᠭᠳᠠᠭᠰᠠᠨ ᠬᠣᠲᠠ ᠨᠤᠭᠤᠳ ᠢ ᠰᠢᠪᠠᠭ᠎ᠠ ᠪᠠᠷ ᠬᠦᠷᠲᠡᠵᠡᠢ᠃
66 ᠡᠹᠷᠠᠢᠮ ᠣᠪᠣᠭ ᠤᠨ ᠨᠤᠲᠤᠭ ᠳᠡᠪᠢᠰᠬᠡᠷ ᠦᠨ ᠳᠣᠲᠣᠷ᠎ᠠ ᠠᠴᠠ ᠺᠣᠬᠠᠲ᠋ᠴᠤᠳ ᠤᠨ ᠬᠡᠰᠡᠭ ᠠᠢᠮᠠᠭ ᠤᠳ ᠤᠨ ᠬᠦᠷᠲᠡᠭᠰᠡᠨ ᠬᠣᠲᠠ ᠨᠤᠭᠤᠳ᠄ 67 ᠱᠧᠺᠧᠮ (ᠡᠹᠷᠠᠢᠮ ᠤᠨ ᠠᠭᠤᠯᠠᠷᠬᠠᠭ ᠨᠤᠲᠤᠭ ᠲᠤ ᠪᠤᠢ ᠬᠣᠷᠭᠣᠳᠠᠬᠤ ᠬᠣᠲᠠ) ᠢ ᠪᠡᠯᠴᠢᠭᠡᠷ ᠲᠡᠢ ᠨᠢ ᠬᠠᠮᠲᠤ᠂ ᠭᠧᠽᠧᠷ ᠢ ᠪᠡᠯᠴᠢᠭᠡᠷ ᠲᠡᠢ ᠨᠢ ᠬᠠᠮᠲᠤ᠂ 68 ᠶᠣᠺᠮᠧᠶᠠᠮ ᠢ ᠪᠡᠯᠴᠢᠭᠡᠷ ᠲᠡᠢ ᠨᠢ ᠬᠠᠮᠲᠤ᠂ ᠪᠧᠲ ᠾᠣᠷᠣᠨ ᠢ ᠪᠡᠯᠴᠢᠭᠡᠷ ᠲᠡᠢ ᠨᠢ ᠬᠠᠮᠲᠤ᠂ 69 ᠠᠶᠠᠯᠣᠨ ᠢ ᠪᠡᠯᠴᠢᠭᠡᠷ ᠲᠡᠢ ᠨᠢ ᠬᠠᠮᠲᠤ᠂ ᠭᠠᠲ ᠷᠢᠮᠣᠨ ᠢ ᠪᠡᠯᠴᠢᠭᠡᠷ ᠲᠡᠢ ᠨᠢ ᠬᠠᠮᠲᠤ᠃ 70 ᠺᠣᠬᠠᠲ ᠤᠨ ᠪᠤᠰᠤᠳ ᠠᠢᠮᠠᠭ ᠤᠳ ᠮᠠᠨᠠᠰᠧ ᠶᠢᠨ ᠬᠠᠭᠠᠰ ᠣᠪᠣᠭ ᠠᠴᠠ ᠠᠨᠧᠷ ᠢ ᠪᠡᠯᠴᠢᠭᠡᠷ ᠲᠡᠢ ᠨᠢ ᠬᠠᠮᠲᠤ᠂ ᠪᠢᠯᠧᠶᠠᠮ ᠢ ᠪᠡᠯᠴᠢᠭᠡᠷ ᠲᠡᠢ ᠨᠢ ᠬᠠᠮᠲᠤ ᠬᠦᠷᠲᠡᠪᠡ᠃
71 ᠭᠧᠷᠱᠣᠮᠴᠤᠳ ᠤᠨ ᠬᠦᠷᠲᠡᠭᠰᠡᠨ ᠭᠠᠵᠠᠷ ᠤᠳ᠄ ᠮᠠᠨᠠᠰᠧ ᠶᠢᠨ ᠬᠠᠭᠠᠰ ᠣᠪᠣᠭ ᠤᠨ ᠠᠢᠮᠠᠭ ᠤᠳ ᠠᠴᠠ ᠪᠠᠱᠠᠨ ᠤ ᠭᠣᠯᠠᠨ ᠢ ᠪᠡᠯᠴᠢᠭᠡᠷ ᠲᠡᠢ ᠨᠢ ᠬᠠᠮᠲᠤ᠂ ᠠᠱᠲ᠋ᠠᠷᠣᠲ ᠢ ᠪᠡᠯᠴᠢᠭᠡᠷ ᠲᠡᠢ ᠨᠢ ᠬᠠᠮᠲᠤ ᠬᠦᠷᠲᠡᠵᠦ᠂ 72 ᠢᠰᠠᠺᠠᠷ ᠣᠪᠣᠭ ᠠᠴᠠ ᠺᠧᠳᠧᠱ ᠢ ᠪᠡᠯᠴᠢᠭᠡᠷ ᠲᠡᠢ ᠨᠢ ᠬᠠᠮᠲᠤ᠂ ᠳ᠋ᠠᠪᠧᠷᠠᠲ ᠢ ᠪᠡᠯᠴᠢᠭᠡᠷ ᠲᠡᠢ ᠨᠢ ᠬᠠᠮᠲᠤ᠂ 73 ᠷᠠᠮᠣᠲ ᠢ ᠪᠡᠯᠴᠢᠭᠡᠷ ᠲᠡᠢ ᠨᠢ ᠬᠠᠮᠲᠤ᠂ ᠠᠨᠧᠮ ᠢ ᠪᠡᠯᠴᠢᠭᠡᠷ ᠲᠡᠢ ᠨᠢ ᠬᠠᠮᠲᠤ ᠬᠦᠷᠲᠡᠵᠦ᠂ 74 ᠠᠱᠧᠷ ᠤᠨ ᠣᠪᠣᠭ ᠠᠴᠠ ᠮᠠᠱᠠᠯ ᠢ ᠪᠡᠯᠴᠢᠭᠡᠷ ᠲᠡᠢ ᠨᠢ ᠬᠠᠮᠲᠤ᠂ ᠠᠪᠳᠣᠨ ᠢ ᠪᠡᠯᠴᠢᠭᠡᠷ ᠲᠡᠢ ᠨᠢ ᠬᠠᠮᠲᠤ᠂ 75 ᠾᠦᠺᠣᠺ ᠢ ᠪᠡᠯᠴᠢᠭᠡᠷ ᠲᠡᠢ ᠨᠢ ᠬᠠᠮᠲᠤ᠂ ᠷᠧᠬᠣᠪ ᠢ ᠪᠡᠯᠴᠢᠭᠡᠷ ᠲᠡᠢ ᠨᠢ ᠬᠠᠮᠲᠤ᠂ 76 ᠨᠠᠹᠲ᠋ᠠᠯᠢ ᠣᠪᠣᠭ ᠠᠴᠠ ᠭᠠᠯᠢᠯᠠᠶ᠎ᠠ ᠶᠢᠨ ᠭᠧᠳᠧᠱ ᠢ ᠪᠡᠯᠴᠢᠭᠡᠷ ᠲᠡᠢ ᠨᠢ ᠬᠠᠮᠲᠤ᠂ ᠬᠠᠮᠣᠨ ᠢ ᠪᠡᠯᠴᠢᠭᠡᠷ ᠲᠡᠢ ᠨᠢ ᠬᠠᠮᠲᠤ᠂ ᠺᠢᠷᠢᠶᠠᠲ᠋ᠠᠢᠮ ᠢ ᠪᠡᠯᠴᠢᠭᠡᠷ ᠲᠡᠢ ᠨᠢ ᠬᠠᠮᠲᠤ ᠬᠦᠷᠲᠡᠪᠡ᠃ 77 ᠮᠧᠷᠠᠷᠢᠴᠤᠳ (ᠯᠧᠸᠢᠴᠦᠳ ᠦᠨ ᠦᠯᠡᠳᠡᠭᠰᠡᠨ ᠳᠦᠨᠢ) ᠤᠨ ᠬᠦᠷᠲᠡᠭᠰᠡᠨ ᠭᠠᠵᠠᠷ᠄ ᠽᠧᠪᠦ᠋ᠯᠣᠨ ᠤ ᠣᠪᠣᠭ ᠠᠴᠠ ᠷᠢᠮᠣᠨᠣ᠋ ᠶᠢ ᠪᠡᠯᠴᠢᠭᠡᠷ ᠲᠡᠢ ᠨᠢ ᠬᠠᠮᠲᠤ᠂ ᠲᠠᠪᠣᠷ ᠢ ᠪᠡᠯᠴᠢᠭᠡᠷ ᠲᠡᠢ ᠨᠢ ᠬᠠᠮᠲᠤ᠂ 78 ᠶᠧᠷᠢᠺᠣ ᠶᠢᠨ ᠳᠣᠷᠣᠨ᠎ᠠ ᠵᠦᠭ ᠶᠣᠷᠳᠠᠨ ᠤ ᠴᠠᠭᠠᠨ᠎ᠠ ᠳᠠᠬᠢ ᠷᠧᠣᠪᠧᠨ ᠣᠪᠣᠭ ᠠᠴᠠ ᠴᠥᠯ ᠳᠠᠬᠢ ᠪᠧᠽᠧᠷ ᠢ ᠪᠡᠯᠴᠢᠭᠡᠷ ᠲᠡᠢ ᠨᠢ ᠬᠠᠮᠲᠤ᠂ ᠶᠠᠽᠠ ᠶᠢ ᠪᠡᠯᠴᠢᠭᠡᠷ ᠲᠡᠢ ᠨᠢ ᠬᠠᠮᠲᠤ᠂ 79 ᠺᠧᠳᠧᠮᠣᠲ ᠢ ᠪᠡᠯᠴᠢᠭᠡᠷ ᠲᠡᠢ ᠨᠢ ᠬᠠᠮᠲᠤ᠂ ᠮᠧᠹᠠ ᠠᠲ ᠢ ᠪᠡᠯᠴᠢᠭᠡᠷ ᠲᠡᠢ ᠨᠢ ᠬᠠᠮᠲᠤ ᠬᠦᠷᠲᠡᠵᠦ᠂ 80 ᠭᠠᠳ᠋ ᠣᠪᠣᠭ ᠠᠴᠠ ᠭᠢᠯᠧᠶᠠᠳ᠋ ᠤᠨ ᠷᠠᠮᠣᠲ ᠢ ᠪᠡᠯᠴᠢᠭᠡᠷ ᠲᠡᠢ ᠨᠢ ᠬᠠᠮᠲᠤ᠂ ᠮᠠᠬᠠᠨᠠᠢᠮ ᠢ ᠪᠡᠯᠴᠢᠭᠡᠷ ᠲᠡᠢ ᠨᠢ ᠬᠠᠮᠲᠤ᠂ 81 ᠾᠧᠱᠪᠣᠨ ᠢ ᠪᠡᠯᠴᠢᠭᠡᠷ ᠲᠡᠢ ᠨᠢ ᠬᠠᠮᠲᠤ᠂ ᠶᠠᠽᠧᠷ ᠢ ᠪᠡᠯᠴᠢᠭᠡᠷ ᠨᠤᠲᠤᠭ ᠤᠨ ᠬᠢᠨᠢ ᠬᠠᠮᠲᠤ ᠬᠦᠷᠲᠡᠪᠡ᠃