1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠠᠷᠪᠠᠨ ᠲᠠᠪᠤ
 ᠠᠪᠳᠠᠷ᠎ᠠ ᠶᠢ ᠶᠧᠷᠦ᠋ᠰᠠᠯᠧᠮ ᠳᠤ ᠠᠪᠴᠢᠷᠠᠪᠠ

1 ᠲᠡᠷᠡ ᠳ᠋ᠠᠸᠢᠳ᠋ ᠤᠨ ᠬᠣᠲᠠ ᠳᠤ ᠥᠷᠭᠥᠭᠡ ᠨᠦᠭᠦᠳ ᠢᠶᠡᠨ ᠪᠠᠷᠢᠭᠤᠯᠤᠭᠠᠳ᠂ ᠪᠤᠷᠬᠠᠨ ᠤ ᠠᠪᠳᠠᠷ᠎ᠠ ᠳᠤ ᠵᠣᠷᠢᠭᠤᠯᠤᠨ ᠭᠠᠵᠠᠷ ᠪᠡᠯᠡᠳᠬᠡᠵᠦ ᠲᠡᠨᠳᠡ ᠴᠠᠴᠠᠷ ᠪᠣᠰᠬᠠᠪᠠ᠃ 2 ᠲᠡᠭᠡᠭᠡᠳ ᠳ᠋ᠠᠸᠢᠳ᠋᠄ 《ᠪᠤᠷᠬᠠᠨ ᠤ ᠠᠪᠳᠠᠷ᠎ᠠ ᠶᠢ ᠯᠧᠸᠢᠴᠦᠳ ᠡᠴᠡ ᠥᠭᠡᠷ᠎ᠡ ᠬᠡᠨ ᠴᠤ ᠡᠷᠭᠦᠨ ᠵᠥᠭᠡᠭᠡᠵᠦ ᠪᠣᠯᠬᠤ ᠦᠭᠡᠢ᠃ ᠶᠣᠬᠣᠸᠠ ᠲᠡᠳᠡᠨ ᠢ ᠰᠢᠯᠢᠵᠦ ᠠᠪᠤᠭᠠᠳ ᠪᠤᠷᠬᠠᠨ ᠤ ᠠᠪᠳᠠᠷ᠎ᠠ ᠶᠢ ᠵᠥᠭᠡᠭᠡᠯᠭᠡᠵᠦ᠂ ᠦᠷᠭᠦᠯᠵᠢ ᠥᠪᠡᠷ ᠲᠡᠭᠡᠨ ᠦᠢᠯᠡᠴᠢᠯᠡᠭᠦᠯᠦᠭᠰᠡᠨ ᠶᠤᠮ》 ᠭᠡᠪᠡ᠃ 3 ᠳ᠋ᠠᠸᠢᠳ᠋ ᠪᠡᠯᠡᠳᠬᠡᠭᠰᠡᠨ ᠭᠠᠵᠠᠷ ᠲᠠᠭᠠᠨ ᠶᠣᠬᠣᠸᠠ ᠶᠢᠨ ᠠᠪᠳᠠᠷ᠎ᠠ ᠶᠢ ᠠᠪᠴᠢᠷᠠᠭᠤᠯᠬᠤ ᠶᠢᠨ ᠲᠤᠯᠠᠳᠠ ᠪᠦᠬᠦ ᠢᠰᠷᠧᠯ ᠢ ᠶᠧᠷᠦ᠋ᠰᠠᠯᠧᠮ ᠳᠤ ᠴᠤᠭᠯᠠᠭᠤᠯᠪᠠ᠃ 4 ᠳ᠋ᠠᠸᠢᠳ᠋ ᠠᠷᠣᠨ ᠤ ᠦᠷ᠎ᠡ ᠤᠳᠤᠮ ᠪᠣᠯᠣᠨ ᠯᠧᠸᠢᠴᠦᠳ ᠢ ᠴᠤᠭᠯᠠᠭᠤᠯᠬᠤ ᠳᠤ᠄ 5 ᠺᠣᠬᠠᠲ ᠤᠨ ᠦᠷ᠎ᠡ ᠤᠳᠤᠮ ᠠᠴᠠ ᠤᠳᠤᠷᠢᠳᠤᠭᠴᠢ ᠦᠷᠢᠶᠧᠯ ᠪᠣᠯᠣᠨ ᠲᠡᠭᠦᠨ ᠦ ᠵᠠᠭᠤ ᠬᠣᠷᠢᠨ ᠬᠠᠮᠢᠶᠠᠲᠠᠨ᠂ 6 ᠮᠧᠷᠠᠷᠢ ᠶᠢᠨ ᠦᠷ᠎ᠡ ᠤᠳᠤᠮ ᠠᠴᠠ ᠤᠳᠤᠷᠢᠳᠤᠭᠴᠢ ᠠᠰᠠᠢᠶ᠎ᠠ ᠪᠣᠯᠣᠨ ᠲᠡᠭᠦᠨ ᠦ ᠬᠣᠶᠠᠷ ᠵᠠᠭᠤ ᠬᠣᠷᠢᠨ ᠬᠠᠮᠢᠶᠠᠲᠠᠨ᠂ 7 ᠭᠧᠷᠱᠣᠨ ᠤ ᠦᠷ᠎ᠡ ᠤᠳᠤᠮ ᠠᠴᠠ ᠤᠳᠤᠷᠢᠳᠤᠭᠴᠢ ᠶᠣᠶᠧᠯ ᠪᠣᠯᠣᠨ ᠲᠡᠭᠦᠨ ᠦ ᠵᠠᠭᠤ ᠭᠤᠴᠢᠨ ᠬᠠᠮᠢᠶᠠᠲᠠᠨ᠂ 8 ᠡᠯᠢᠱᠠᠹᠠᠨ ᠤ ᠦᠷ᠎ᠡ ᠤᠳᠤᠮ ᠠᠴᠠ ᠤᠳᠤᠷᠢᠳᠤᠭᠴᠢ ᠱᠧᠮᠠᠢᠶ᠎ᠠ ᠪᠣᠯᠣᠨ ᠲᠡᠭᠦᠨ ᠦ ᠬᠣᠶᠠᠷ ᠵᠠᠭᠤᠨ ᠬᠠᠮᠢᠶᠠᠲᠠᠨ᠂ 9 ᠾᠧᠪᠷᠣᠨ ᠤ ᠦᠷ᠎ᠡ ᠤᠳᠤᠮ ᠠᠴᠠ ᠤᠳᠤᠷᠢᠳᠤᠭᠴᠢ ᠡᠯᠢᠶᠧᠯ ᠪᠣᠯᠣᠨ ᠲᠡᠭᠦᠨ ᠦ ᠨᠠᠶᠠᠨ ᠬᠠᠮᠢᠶᠠᠲᠠᠨ᠂ 10 ᠦᠽᠢᠶᠧᠯ ᠤᠨ ᠦᠷ᠎ᠡ ᠤᠳᠤᠮ ᠠᠴᠠ ᠤᠳᠤᠷᠢᠳᠤᠭᠴᠢ ᠠᠮᠢᠨᠠᠳᠠᠪ ᠪᠣᠯᠣᠨ ᠲᠡᠭᠦᠨ ᠦ ᠵᠠᠭᠤ ᠠᠷᠪᠠᠨ ᠬᠣᠶᠠᠷ ᠬᠠᠮᠢᠶᠠᠲᠠᠨ ᠪᠠᠢᠪᠠ᠃

11 ᠳ᠋ᠠᠸᠢᠳ᠋ ᠲᠠᠬᠢᠯᠴᠢ ᠽᠠᠳᠣᠺ᠂ ᠠᠪᠢᠶᠠᠲ᠋ᠠᠷ ᠨᠠᠷ ᠪᠣᠯᠣᠨ ᠯᠧᠸᠢᠴᠦᠳ ᠪᠣᠯᠬᠤ ᠦᠷᠢᠶᠧᠯ᠂ ᠠᠰᠠᠢᠶ᠎ᠠ᠂ ᠶᠣᠶᠧᠯ᠂ ᠱᠧᠮᠠᠢᠶ᠎ᠠ᠂ ᠡᠯᠢᠶᠧᠯ᠂ ᠠᠮᠢᠨᠠᠳᠠᠪ ᠨᠠᠷ ᠢ ᠳᠠᠭᠤᠳᠠᠨ᠂ 12 ᠲᠡᠳᠡᠨ ᠳᠦ᠄ 《ᠲᠠ ᠨᠠᠷ ᠪᠣᠯ ᠯᠧᠸᠢ ᠤᠳᠤᠮ ᠤᠨ ᠠᠬᠠᠯᠠᠭᠴᠢᠳ ᠪᠢᠯᠡ᠃ ᠢᠰᠷᠧᠯ ᠤᠨ ᠪᠤᠷᠬᠠᠨ ᠶᠣᠬᠣᠸᠠ ᠶᠢᠨ ᠠᠪᠳᠠᠷ᠎ᠠ ᠶᠢ ᠮᠢᠨᠦ ᠪᠡᠯᠡᠳᠬᠡᠭᠰᠡᠨ ᠭᠠᠵᠠᠷ ᠲᠤ ᠡᠷᠭᠦᠨ ᠠᠪᠴᠢᠷᠠᠬᠤ ᠶᠢᠨ ᠲᠤᠯᠠᠳᠠ ᠬᠠᠮᠢᠶᠠᠲᠠᠳ ᠲᠠᠢ ᠪᠠᠨ ᠬᠠᠮᠲᠤ ᠪᠡᠶ᠎ᠡ ᠪᠡᠨ ᠠᠷᠢᠭᠤᠰᠬ᠎ᠠ᠃ 13 ᠡᠬᠢᠨ ᠤ ᠤᠳᠠᠭ᠎ᠠ ᠲᠠ ᠨᠠᠷ ᠠᠪᠴᠢᠷᠠᠭᠰᠠᠨ ᠦᠭᠡᠢ ᠡᠴᠡ ᠪᠣᠯᠵᠤ᠂ ᠪᠢᠳᠡᠨ ᠦ ᠪᠤᠷᠬᠠᠨ ᠶᠣᠬᠣᠸᠠ ᠪᠢᠳᠡᠨ ᠦ ᠡᠰᠡᠷᠭᠦ ᠬᠢᠯᠢᠩᠨᠡᠭᠰᠡᠨ᠃ ᠪᠢᠳᠡ ᠶᠠᠭᠠᠬᠢᠬᠤ ᠲᠤᠬᠠᠢ ᠶᠣᠰᠣ ᠵᠢᠷᠤᠮ ᠢ ᠲᠡᠭᠦᠨ ᠡᠴᠡ ᠯᠠᠪᠯᠠᠭᠰᠠᠨ ᠦᠭᠡᠢ ᠪᠠᠢᠵᠠᠢ》 ᠭᠡᠵᠦ ᠬᠡᠯᠡᠪᠡ᠃ 14 ᠢᠩᠭᠢᠭᠡᠳ ᠢᠰᠷᠧᠯ ᠤᠨ ᠪᠤᠷᠬᠠᠨ ᠶᠣᠬᠣᠸᠠ ᠶᠢᠨ ᠠᠪᠳᠠᠷ᠎ᠠ ᠶᠢ ᠠᠪᠴᠢᠷᠠᠬᠤ ᠶᠢᠨ ᠲᠤᠯᠠᠳᠠ ᠲᠠᠬᠢᠯᠴᠢᠳ ᠪᠣᠯᠣᠨ ᠯᠧᠸᠢᠴᠦᠳ ᠪᠡᠶ᠎ᠡ ᠪᠡᠨ ᠠᠷᠢᠭᠤᠰᠬᠠᠭᠰᠠᠨ ᠤ ᠳᠠᠷᠠᠭ᠎ᠠ᠂ 15 ᠯᠧᠸᠢᠴᠦᠳ ᠶᠣᠬᠣᠸᠠ ᠶᠢᠨ ᠠᠢᠯᠠᠳᠤᠭᠰᠠᠨ ᠶᠣᠰᠣᠭᠠᠷ ᠮᠣᠰᠧ ᠶᠢᠨ ᠵᠠᠷᠯᠢᠭᠳᠠᠭᠰᠠᠨ ᠤ ᠳᠠᠭᠠᠤ ᠪᠤᠷᠬᠠᠨ ᠤ ᠠᠪᠳᠠᠷ᠎ᠠ ᠶᠢ ᠳᠠᠮᠨᠠᠭᠤᠷᠭ᠎ᠠ ᠨᠤᠭᠤᠳ ᠢᠶᠠᠷ ᠮᠥᠷᠥᠨ ᠳᠡᠭᠡᠷ᠎ᠡ ᠪᠡᠨ ᠡᠭᠦᠷᠴᠡᠢ᠃

16 ᠲᠡᠭᠡᠬᠦ ᠳᠦ᠂ ᠳ᠋ᠠᠸᠢᠳ᠋ ᠯᠧᠸᠢᠴᠦᠳ ᠦᠨ ᠤᠳᠤᠷᠢᠳᠤᠭᠴᠢᠳ ᠲᠤ ᠵᠠᠬᠢᠨ ᠬᠠᠮᠢᠶᠠᠲᠠᠨ ᠨᠤᠭᠤᠳ ᠤᠨ ᠢᠶᠠᠨ ᠳᠤᠮᠳᠠ ᠠᠴᠠ ᠳᠠᠭᠤᠴᠢᠳ ᠢ ᠲᠣᠮᠢᠯᠠᠨ ᠪᠣᠰᠣᠭ᠎ᠠ ᠶᠠᠲᠤᠭ᠎ᠠ ᠪᠣᠯᠣᠨ ᠶᠠᠲᠤᠭ᠎ᠠ ᠴᠢᠪᠬᠠᠳᠠᠭᠤᠯᠵᠤ᠂ ᠴᠠᠩ ᠴᠣᠬᠢᠭᠤᠯᠤᠨ᠂ ᠪᠠᠶᠠᠷ ᠤᠨ ᠳᠠᠭᠤᠤ ᠪᠠᠨ ᠴᠢᠩᠭ᠍᠎ᠠ ᠳᠠᠭᠤᠯᠠᠭᠠᠷᠠᠢ ᠭᠡᠪᠡ᠃ 17 ᠡᠢᠮᠦ ᠡᠴᠡ ᠯᠧᠸᠢᠴᠦᠳ ᠶᠣᠶᠧᠯ ᠤᠨ ᠬᠦᠦ ᠾᠧᠮᠠᠨ ᠢ᠂ ᠲᠡᠭᠦᠨ ᠦ ᠬᠠᠮᠢᠶᠠᠲᠠᠳ ᠤᠨ ᠳᠤᠮᠳᠠ ᠠᠴᠠ ᠪᠧᠷᠧᠺᠢᠶ᠎ᠠ ᠶᠢᠨ ᠬᠦᠦ ᠠᠰᠠᠹ ᠢ᠂ ᠮᠥᠨ ᠲᠡᠳᠡᠨ ᠦ ᠬᠠᠮᠢᠶᠠᠲᠠᠨ ᠮᠧᠷᠠᠷᠢᠴᠤᠳ ᠠᠴᠠ ᠺᠦᠱᠠᠢᠶ᠎ᠠ ᠶᠢᠨ ᠬᠦᠦ ᠡᠲ᠋ᠠᠨ ᠢ ᠲᠣᠮᠢᠯᠠᠵᠤ᠂ 18 ᠮᠥᠨ ᠲᠡᠳᠡᠨ ᠦ ᠲᠤᠰᠠᠯᠠᠭᠴᠢᠳ ᠢᠶᠠᠷ ᠽᠧᠺᠠᠷᠢᠶ᠎ᠠ᠂ ᠪᠧᠨ᠂ ᠶᠠᠽᠢᠶᠧᠯ᠂ ᠱᠧᠮᠢᠷᠠᠮᠣᠲ᠂ ᠶᠧᠾᠢᠶᠧᠯ᠂ ᠦᠦᠨᠢ᠂ ᠡᠯᠢᠶᠠᠪ᠂ ᠪᠧᠨᠠᠢᠶ᠎ᠠ᠂ ᠮᠠᠶᠠᠰᠧᠶ᠎ᠠ᠂ ᠮᠠᠲ᠋ᠢᠲ᠋ᠢᠶ᠎ᠠ᠂ ᠡᠯᠢᠹᠧᠯᠧᠾᠦ᠋᠂ ᠮᠢᠺᠨᠧᠶ᠎ᠠ᠂ ᠮᠥᠨ ᠬᠠᠭᠠᠯᠭᠠᠴᠢᠳ ᠣᠪᠧᠳ᠋ ᠡᠳᠣᠮ᠂ ᠶᠧᠶᠧᠯ ᠨᠠᠷ ᠢ ᠲᠣᠮᠢᠯᠠᠪᠠ᠃ 19 ᠢᠩᠭᠢᠭᠡᠳ ᠬᠥᠭᠵᠢᠮᠴᠢᠨ ᠾᠧᠮᠠᠨ᠂ ᠠᠰᠠᠹ᠂ ᠡᠲ᠋ᠠᠨ ᠨᠠᠷ ᠭᠠᠤᠯᠢᠨ ᠴᠠᠩ ᠴᠣᠬᠢᠵᠤ᠂ 20 ᠽᠧᠺᠠᠷᠢᠶ᠎ᠠ᠂ ᠠᠽᠢᠶᠧᠯ᠂ ᠱᠧᠮᠢᠷᠠᠮᠣᠲ᠂ ᠶᠧᠾᠢᠶᠧᠯ᠂ ᠦᠦᠨᠢ᠂ ᠡᠯᠢᠶᠠᠪ᠂ ᠮᠠᠶᠠᠰᠧᠶ᠎ᠠ᠂ ᠪᠧᠨᠠᠢᠶ᠎ᠠ ᠨᠠᠷ ᠠᠯᠠᠮᠣᠲ 8  ᠲᠤ ᠨᠡᠢᠴᠡᠭᠦᠯᠦᠨ ᠪᠣᠰᠣᠭ᠎ᠠ ᠶᠠᠲᠤᠭ᠎ᠠ ᠴᠢᠪᠬᠠᠳᠠᠵᠤ᠂ 21 ᠮᠠᠲ᠋ᠢᠲ᠋ᠢᠶ᠎ᠠ᠂ ᠡᠯᠢᠹᠧᠯᠧᠾᠦ᠋᠂ ᠮᠢᠺᠨᠧᠶ᠎ᠠ᠂ ᠣᠪᠧᠳ᠋ ᠡᠳᠣᠮ᠂ ᠶᠧᠶᠧᠯ᠂ ᠠᠽᠠᠽᠢᠶ᠎ᠠ ᠨᠠᠷ ᠱᠧᠮᠢᠨᠢᠲ 9  ᠲᠤ ᠨᠡᠢᠴᠡᠭᠦᠯᠦᠨ ᠶᠠᠲᠤᠭ᠎ᠠ ᠳᠠᠷᠤᠪᠠ᠃ 22 ᠯᠧᠸᠢᠴᠦᠳ ᠦᠨ ᠠᠬᠠᠯᠠᠭᠴᠢ ᠺᠧᠨᠠᠨᠢᠶ᠎ᠠ ᠠᠪᠢᠶᠠᠰ ᠲᠠᠢ ᠪᠣᠯᠬᠣᠷ ᠬᠥᠭᠵᠢᠮ ᠤᠨ ᠤᠳᠤᠷᠢᠳᠤᠭᠠᠴᠢ ᠶᠢᠨ ᠲᠤᠰᠢᠶᠠᠯ ᠲᠠᠢ᠃ 23 ᠪᠧᠷᠧᠺᠢᠶ᠎ᠠ᠂ ᠡᠯᠺᠠᠨᠠ ᠨᠠᠷ ᠠᠪᠳᠠᠷ᠎ᠠ ᠶᠢ ᠰᠠᠬᠢᠳᠠᠭ ᠬᠠᠭᠠᠯᠭᠠᠴᠢᠳ ᠪᠠᠢᠪᠠ᠃ 24 ᠲᠠᠬᠢᠯᠴᠢ ᠱᠧᠪᠠᠨᠢᠶ᠎ᠠ᠂ ᠶᠣᠱᠠᠹᠠᠲ᠂ ᠨᠧᠲ᠋ᠠᠨᠧᠯ᠂ ᠠᠮᠠᠰᠠᠢ᠂ ᠽᠧᠺᠠᠷᠢᠶ᠎ᠠ᠂ ᠪᠧᠨᠠᠢᠶ᠎ᠠ᠂ ᠡᠯᠢᠶᠧᠽᠧᠷ ᠨᠠᠷ ᠪᠤᠷᠬᠠᠨ ᠤ ᠠᠪᠳᠠᠷ᠎ᠠ ᠶᠢᠨ ᠡᠮᠦᠨ᠎ᠡ ᠪᠦᠷᠢᠶ᠎ᠡ ᠦᠯᠢᠶᠡᠬᠦ ᠲᠤᠰᠢᠶᠠᠯ ᠲᠠᠢ᠃ ᠣᠪᠧᠳ᠋ ᠡᠳᠣᠮ᠂ ᠶᠧᠾᠢᠶ᠎ᠠ ᠨᠠᠷ ᠴᠤ ᠠᠪᠳᠠᠷ᠎ᠠ ᠶᠢ ᠰᠠᠬᠢᠳᠠᠭ ᠬᠠᠭᠠᠯᠭᠠᠴᠢᠳ ᠪᠠᠢᠯ᠎ᠠ᠃

25 ᠳ᠋ᠠᠸᠢᠳ᠋ ᠢᠰᠷᠧᠯ ᠤᠨ ᠠᠬᠠᠮᠠᠳ ᠤᠳ ᠪᠣᠯᠣᠨ ᠮᠢᠩ᠋ᠭᠠᠲᠤ ᠶᠢᠨ ᠳᠠᠷᠤᠭ᠎ᠠ ᠨᠠᠷ ᠢ ᠳᠠᠭᠠᠭᠤᠯᠤᠨ ᠣᠴᠢᠵᠤ᠂ ᠣᠪᠧᠳ᠋ ᠡᠳᠣᠮ ᠤᠨ ᠭᠡᠷ ᠡᠴᠡ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠪᠠᠶᠠᠷ ᠲᠠᠢ ᠪᠠᠷ ᠠᠪᠴᠢᠷᠠᠪᠠ᠃ 26 ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠵᠥᠭᠡᠭᠡᠭᠰᠡᠨ ᠯᠧᠸᠢᠴᠦᠳ ᠲᠦ ᠪᠤᠷᠬᠠᠨ ᠲᠤᠰᠠᠯᠠᠭᠰᠠᠨ ᠳᠤ᠂ ᠲᠡᠳᠡ ᠳᠣᠯᠣᠭᠠᠨ ᠪᠤᠬ᠎ᠠ᠂ ᠳᠣᠯᠣᠭᠠᠨ ᠬᠤᠴᠠ ᠪᠠᠷ ᠲᠠᠬᠢᠯ ᠡᠷᠭᠦᠪᠡ᠃ 27 ᠳ᠋ᠠᠸᠢᠳ᠋ ᠨᠠᠷᠢᠨ ᠮᠠᠭᠠᠯᠢᠩ᠋ᠭᠤᠨ ᠳᠡᠪᠡᠯ ᠡᠮᠦᠰᠴᠡᠢ᠃ ᠠᠪᠳᠠᠷ᠎ᠠ ᠶᠢ ᠵᠥᠭᠡᠭᠡᠭᠰᠡᠨ ᠪᠦᠬᠦ ᠯᠧᠸᠢᠴᠦᠳ ᠴᠤ᠂ ᠳᠠᠭᠤᠴᠢᠳ ᠴᠤ᠂ ᠳᠠᠭᠤᠤ ᠶᠢᠨ ᠤᠳᠤᠷᠢᠳᠤᠭᠠᠴᠢ ᠺᠧᠨᠠᠨᠢᠶ᠎ᠠ ᠴᠤ ᠠᠳᠠᠯᠢᠬᠠᠨ ᠪᠠᠢᠯ᠎ᠠ᠃ ᠳ᠋ᠠᠸᠢᠳ᠋ ᠮᠠᠭᠠᠯᠢᠩ᠋ᠭᠤᠨ ᠡᠹᠣᠳ ᠴᠤ ᠡᠮᠦᠰᠦᠭᠰᠡᠨ ᠪᠠᠢᠪᠠ᠃ 28 ᠡᠢᠨ ᠬᠦ ᠬᠠᠮᠤᠭ ᠢᠰᠷᠧᠯ ᠤᠤᠬᠠᠢᠯᠠᠵᠤ ᠡᠪᠡᠷ ᠪᠦᠷᠢᠶ᠎ᠡ ᠪᠣᠯᠣᠨ ᠪᠦᠷᠢᠶ᠎ᠡ ᠦᠯᠢᠶᠡᠵᠦ᠂ ᠴᠠᠩ ᠴᠣᠬᠢᠨ᠂ ᠪᠣᠰᠣᠭ᠎ᠠ ᠶᠠᠲᠤᠭ᠎ᠠ ᠪᠠ ᠶᠠᠲᠤᠭ᠎ᠠ ᠴᠢᠪᠬᠠᠳᠠᠨ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠠᠪᠴᠢᠷᠠᠵᠠᠢ᠃

29 ᠶᠣᠬᠣᠸᠠ ᠶᠢᠨ ᠭᠡᠷ᠎ᠡ ᠶᠢᠨ ᠠᠪᠳᠠᠷ᠎ᠠ ᠳ᠋ᠠᠸᠢᠳ᠋ ᠤᠨ ᠬᠣᠲᠠ ᠤᠷᠤᠭᠤ ᠢᠷᠡᠬᠦ ᠶᠢ ᠰᠠᠦ᠋ᠯ ᠤᠨ ᠥᠬᠢᠨ ᠮᠢᠺᠠᠯ ᠴᠣᠩ᠋ᠬᠣ ᠪᠠᠷ ᠥᠩᠭᠡᠶᠢᠨ ᠬᠠᠷᠠᠵᠤ ᠪᠠᠢᠬᠤ ᠳᠠᠭᠠᠨ ᠳ᠋ᠠᠸᠢᠳ᠋ ᠬᠠᠭᠠᠨ ᠤ ᠦᠰᠦᠷᠦᠨ ᠪᠥᠵᠢᠭᠯᠡᠵᠦ ᠪᠠᠶᠠᠷᠯᠠᠵᠤ ᠪᠤᠢ ᠶᠢ ᠬᠠᠷᠠᠭᠠᠳ ᠵᠢᠷᠦᠬᠡ ᠰᠡᠳᠬᠢᠯ ᠳᠡᠭᠡᠨ ᠲᠡᠭᠦᠨ ᠢ ᠪᠠᠰᠤᠮᠵᠢᠯᠠᠪᠠ᠃