1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠠᠷᠪᠠᠨ ᠨᠠᠢ᠌ᠮᠠ
 ᠳ᠋ᠠᠸᠢᠳ᠋ ᠤᠨ ᠢᠯᠠᠯᠲᠠ

1 ᠡᠭᠦᠨ ᠦ ᠳᠠᠷᠠᠭ᠎ᠠ᠂ ᠳ᠋ᠠᠸᠢᠳ᠋ ᠹᠢᠯᠢᠰᠲ᠋ᠴᠦᠳ ᠢ ᠴᠣᠬᠢᠵᠤ ᠡᠷᠬᠡᠰᠢᠶᠡᠭᠡᠳ ᠭᠠᠷ ᠠᠴᠠ ᠨᠢ ᠭᠠᠲ ᠪᠣᠯᠣᠨ ᠲᠣᠭᠣᠷᠢᠨ ᠳᠠᠬᠢ ᠲᠣᠰᠬᠣᠳ ᠢ ᠪᠤᠯᠢᠶᠠᠨ ᠠᠪᠤᠪᠠ᠃

2 ᠳ᠋ᠠᠸᠢᠳ᠋ ᠮᠣᠶᠠᠪ ᠢ ᠴᠣᠬᠢᠭᠰᠠᠨ ᠳᠤ᠂ ᠮᠣᠶᠠᠪᠴᠤᠳ ᠲᠡᠭᠦᠨ ᠳᠦ ᠵᠠᠷᠤᠴᠠᠯᠠᠭᠳᠠᠨ᠂ ᠠᠯᠪᠠ ᠭᠤᠪᠴᠢᠭᠤᠷ ᠲᠥᠯᠥᠳᠡᠭ ᠪᠣᠯᠵᠠᠢ᠃

3 ᠳ᠋ᠠᠸᠢᠳ᠋ ᠽᠣᠪᠠ ᠶᠢᠨ ᠬᠠᠭᠠᠨ ᠬᠠᠳᠠᠳᠧᠽᠧᠷ ᠢ ᠴᠤ ᠴᠣᠬᠢᠵᠤ᠂ ᠡᠶᠦ᠋ᠹᠷᠠᠲ᠋ᠧᠰ ᠮᠥᠷᠡᠨ ᠳᠠᠭᠠᠤ ᠨᠣᠶᠠᠷᠬᠠᠯ ᠢᠶᠠᠨ ᠲᠣᠭᠲᠠᠭᠠᠬᠤ ᠪᠠᠷ ᠢᠷᠡᠬᠦ ᠳᠦᠨᠢ ᠲᠡᠭᠦᠨ ᠢ ᠬᠠᠮᠠᠲ ᠬᠦᠷᠲᠡᠯ᠎ᠡ ᠬᠥᠭᠡᠭᠡᠪᠡ᠃ 4 ᠳ᠋ᠠᠸᠢᠳ᠋ ᠲᠡᠭᠦᠨ ᠦ ᠮᠢᠩ᠋ᠭᠠᠨ ᠲᠡᠷᠭᠡ᠂ ᠳᠣᠯᠣᠭᠠᠨ ᠮᠢᠩ᠋ᠭᠠᠨ ᠮᠣᠷᠢᠲᠠᠨ᠂ ᠬᠣᠶᠠᠷ ᠲᠦᠮᠡᠨ ᠶᠠᠪᠠᠭᠠᠨ ᠴᠡᠷᠢᠭ ᠢ ᠣᠯᠵᠠᠯᠠᠨ ᠠᠪᠴᠤ᠂ ᠲᠡᠷᠭᠡᠨ ᠦ ᠮᠣᠷᠢᠳ ᠠᠴᠠ ᠵᠠᠭᠤ ᠶᠢ ᠨᠢ ᠦᠯᠡᠳᠡᠭᠡᠵᠦ᠂ ᠪᠤᠰᠤᠳ ᠤᠨ ᠬᠢᠨᠢ ᠰᠢᠷᠪᠥᠰᠥ ᠶᠢ ᠲᠠᠰᠤᠯᠪᠠ᠃ 5 ᠳ᠋ᠠᠮᠠᠰᠺᠦ᠋ᠰ ᠤᠨ ᠠᠷᠠᠮᠴᠤᠳ ᠽᠣᠪᠠ ᠶᠢᠨ ᠬᠠᠭᠠᠨ ᠬᠠᠳᠠᠳᠧᠽᠧᠷ ᠲᠤ ᠲᠤᠰᠠᠯᠠᠬᠤ ᠪᠠᠷ ᠢᠷᠡᠬᠦ ᠳᠦ᠂ ᠳ᠋ᠠᠸᠢᠳ᠋ ᠬᠣᠶᠠᠷ ᠲᠦᠮᠡ ᠬᠣᠶᠠᠷ ᠮᠢᠩ᠋ᠭᠠᠨ ᠠᠷᠠᠮ ᠬᠥᠮᠦᠨ ᠢ ᠰᠥᠨᠥᠭᠡᠪᠡ᠃ 6 ᠳ᠋ᠠᠸᠢᠳ᠋ ᠳ᠋ᠠᠮᠠᠰᠺᠦ᠋ᠰ ᠳᠠᠬᠢ ᠠᠷᠠᠮᠴᠤᠳ ᠤᠨ ᠳᠤᠮᠳᠠ ᠴᠡᠷᠢᠭ ᠠᠩ᠋ᠭᠢ ᠪᠠᠨ ᠪᠠᠢᠷᠢᠯᠠᠭᠤᠯᠪᠠ᠃ ᠲᠡᠢᠨ ᠬᠦ ᠠᠷᠠᠮᠴᠤᠳ ᠳ᠋ᠠᠸᠢᠳ᠋ ᠤᠨ ᠵᠠᠷᠤᠴᠠ ᠪᠣᠯᠵᠤ ᠠᠯᠪᠠ ᠭᠤᠪᠴᠢᠭᠤᠷ ᠲᠥᠯᠥᠳᠡᠭ ᠪᠣᠯᠵᠠᠢ᠃ ᠶᠣᠬᠣᠸᠠ ᠳ᠋ᠠᠸᠢᠳ᠋ ᠤᠨ ᠶᠠᠪᠤᠭᠰᠠᠨ ᠭᠠᠵᠠᠷ ᠪᠣᠯᠭᠠᠨ ᠳᠤ ᠢᠯᠠᠯᠲᠠ ᠶᠢ ᠰᠣᠶᠣᠷᠬᠠᠵᠤ ᠪᠠᠢᠯ᠎ᠠ᠃ 7 ᠳ᠋ᠠᠸᠢᠳ᠋ ᠬᠠᠳᠠᠳᠧᠽᠧᠷ ᠤᠨ ᠲᠦᠰᠢᠮᠡᠳ ᠡᠴᠡ ᠠᠯᠲᠠᠨ ᠪᠠᠮᠪᠠᠢ ᠨᠤᠭᠤᠳ ᠢ ᠨᠢ ᠪᠤᠯᠢᠶᠠᠵᠤ᠂ ᠶᠧᠷᠦ᠋ᠰᠠᠯᠧᠮ ᠳᠤ ᠠᠪᠴᠢᠷᠠᠯ᠎ᠠ᠃ 8 ᠳ᠋ᠠᠸᠢᠳ᠋ ᠬᠠᠭᠠᠨ ᠪᠠᠰᠠ ᠬᠠᠳᠠᠳᠧᠽᠧᠷ ᠤᠨ ᠬᠠᠷᠢᠶ᠎ᠠ ᠭᠠᠵᠠᠷ ᠲᠧᠪᠠ᠂ ᠺᠦᠨ ᠡᠴᠡ ᠦᠯᠡᠮᠵᠢ ᠬᠡᠮᠵᠢᠶᠡᠨ ᠦ ᠬᠦᠷᠡᠯ ᠠᠪᠴᠢᠷᠠᠭᠰᠠᠨ ᠪᠠ ᠰᠣᠯᠣᠮᠣᠨ ᠬᠣᠵᠢᠮ ᠨᠢ ᠲᠡᠳᠡᠭᠡᠷ ᠢᠶᠡᠷ ᠬᠦᠷᠡᠯ ᠲᠠᠩᠭᠢᠰ᠂ ᠪᠠᠭᠠᠨ᠎ᠠ ᠨᠤᠭᠤᠳ ᠪᠣᠯᠣᠨ ᠬᠦᠷᠡᠯ ᠰᠠᠪᠠ ᠰᠠᠭᠤᠯᠠᠭ᠎ᠠ ᠬᠢᠵᠡᠢ᠃

9 ᠽᠣᠪᠠ ᠶᠢᠨ ᠬᠠᠭᠠᠨ ᠬᠠᠳᠠᠳᠧᠽᠧᠷ ᠤᠨ ᠬᠠᠮᠤᠭ ᠴᠡᠷᠢᠭ ᠢ ᠳ᠋ᠠᠸᠢᠳ᠋ ᠪᠤᠲᠠ ᠴᠣᠬᠢᠭᠰᠠᠨ ᠲᠤᠬᠠᠢ ᠬᠠᠮᠠᠲ ᠤᠨ ᠬᠠᠭᠠᠨ ᠲᠦ᠋ ᠰᠣᠨᠣᠰᠣᠭᠠᠳ᠂ 10 ᠬᠦᠦ ᠬᠠᠳᠣᠷᠠᠮ ᠢᠶᠠᠨ ᠳ᠋ᠠᠸᠢᠳ᠋ ᠬᠠᠭᠠᠨ ᠳᠤ ᠢᠯᠡᠭᠡᠵᠦ᠂ ᠲᠡᠭᠦᠨ ᠦ ᠠᠮᠤᠷ ᠢ ᠡᠷᠢᠭᠦᠯᠦᠨ ᠥᠪᠡᠷ ᠲᠡᠢ ᠨᠢ ᠲᠤᠯᠤᠯᠳᠤᠳᠠᠭ ᠪᠠᠢᠭᠰᠠᠨ ᠬᠠᠳᠠᠳᠧᠽᠧᠷ ᠲᠠᠢ ᠳᠠᠢᠲᠤᠵᠤ ᠢᠯᠠᠭᠰᠠᠨ ᠳᠤᠨᠢ ᠪᠠᠶᠠᠷ ᠬᠦᠷᠭᠡᠭᠦᠯᠪᠡ᠃ ᠬᠠᠳᠣᠷᠠᠮ ᠠᠯᠲᠠ᠂ ᠮᠥᠩᠭᠥ᠂ ᠬᠦᠷᠡᠯ ᠢᠶᠡᠷ ᠬᠢᠭᠰᠡᠨ ᠶᠠᠩᠵᠤ ᠪᠦᠷᠢ ᠶᠢᠨ ᠡᠳ᠋ ᠵᠦᠢᠯᠡᠰ ᠢ ᠠᠪᠴᠢᠷᠠᠭᠰᠠᠨ ᠳᠤ᠂ 11 ᠳ᠋ᠠᠸᠢᠳ᠋ ᠬᠠᠭᠠᠨ ᠡᠳᠡᠭᠡᠷ ᠢ ᠴᠤ ᠡᠳᠣᠮ᠂ ᠮᠣᠶᠠᠪ᠂ ᠠᠮᠣᠨᠴᠤᠳ᠂ ᠹᠢᠯᠢᠰᠲ᠋ᠴᠦᠳ ᠪᠣᠯᠣᠨ ᠠᠮᠠᠯᠧᠺ ᠵᠡᠷᠭᠡ ᠦᠨᠳᠦᠰᠦᠲᠡᠨ ᠨᠦᠭᠦᠳ ᠡᠴᠡ ᠠᠪᠴᠢᠷᠠᠭᠰᠠᠨ ᠮᠥᠩᠭᠥ᠂ ᠠᠯᠲᠠ ᠲᠠᠢ ᠬᠠᠮᠲᠤ ᠶᠣᠬᠣᠸᠠ ᠳᠤ ᠵᠣᠷᠢᠭᠤᠯᠪᠠ᠃

12 ᠽᠧᠷᠣᠢᠶ᠎ᠠ ᠶᠢᠨ ᠬᠦᠦ ᠠᠪᠢᠱᠠᠢ ᠳᠠᠪᠤᠰᠤᠲᠤ ᠬᠥᠨᠳᠡᠢ ᠳᠦ ᠲᠦᠮᠡ ᠨᠠᠢ᠌ᠮᠠᠨ ᠮᠢᠩ᠋ᠭᠠᠨ ᠡᠳᠣᠮ ᠬᠥᠮᠦᠨ ᠢ ᠴᠣᠬᠢᠪᠠ᠃ 13 ᠲᠡᠷᠡ ᠪᠡᠷ ᠡᠳᠣᠮ ᠳᠠᠶᠠᠭᠠᠷ ᠴᠡᠷᠢᠭ ᠠᠩ᠋ᠬᠢ ᠪᠠᠨ ᠪᠠᠢᠷᠢᠯᠠᠭᠤᠯᠤᠭᠰᠠᠨ ᠳᠤ᠂ ᠡᠳᠣᠮᠴᠤᠳ ᠪᠦᠭᠦᠳᠡᠭᠡᠷ ᠳ᠋ᠠᠸᠢᠳ᠋ ᠤᠨ ᠵᠠᠷᠤᠴᠠ ᠪᠣᠯᠵᠠᠢ᠃ ᠶᠣᠬᠣᠸᠠ ᠳ᠋ᠠᠸᠢᠳ᠋ ᠤᠨ ᠶᠠᠪᠤᠭᠰᠠᠨ ᠭᠠᠵᠠᠷ ᠪᠣᠯᠭᠠᠨ ᠳᠤ ᠢᠯᠠᠯᠲᠠ ᠶᠢ ᠰᠣᠶᠣᠷᠬᠠᠵᠤ ᠪᠠᠢᠯ᠎ᠠ᠃
 ᠳ᠋ᠠᠸᠢᠳ᠋ ᠤᠨ ᠲᠦᠰᠢᠮᠡᠳ

14 ᠳ᠋ᠠᠸᠢᠳ᠋ ᠪᠦᠬᠦ ᠢᠰᠷᠧᠯ ᠢ ᠬᠠᠭᠠᠨᠴᠢᠯᠠᠵᠤ᠂ ᠪᠦᠬᠦ ᠠᠷᠠᠳ ᠲᠦᠮᠡᠨ ᠢᠶᠡᠨ ᠵᠥᠪ ᠰᠢᠳᠤᠷᠭᠤ ᠪᠠᠷ ᠵᠠᠰᠠᠭᠯᠠᠵᠤ ᠪᠠᠢᠯ᠎ᠠ᠃ 15 ᠴᠡᠷᠢᠭ ᠤᠨ ᠵᠠᠩᠵᠤᠨ ᠨᠢ ᠽᠧᠷᠣᠢᠶ᠎ᠠ ᠶᠢᠨ ᠬᠦᠦ ᠶᠣᠶᠠᠪ᠂ ᠰᠤᠳᠤᠷᠴᠢ ᠨᠢ ᠠᠾᠢᠯᠦ᠋ᠳ᠋ ᠤᠨ ᠬᠦᠦ ᠶᠧᠬᠣᠱᠠᠹᠠᠲ᠂ 16 ᠲᠠᠬᠢᠯᠴᠢᠳ ᠨᠢ ᠠᠾᠢᠲ᠋ᠦ᠋ᠪ ᠤᠨ ᠬᠦᠦ ᠽᠠᠳᠣᠺ᠂ ᠠᠪᠢᠶᠠᠲ᠋ᠠᠷ ᠤᠨ ᠬᠦᠦ ᠠᠾᠢᠮᠧᠯᠧᠺ ᠨᠠᠷ᠂ ᠪᠢᠴᠢᠭᠡᠴᠢ ᠨᠢ ᠱᠠᠸᠠᠱᠠ᠂ 17 ᠺᠧᠷᠧᠲ᠋ᠴᠦᠳ ᠪᠣᠯᠣᠨ ᠫᠧᠯᠧᠲ᠋ᠴᠦᠳ ᠦᠨ ᠵᠠᠬᠢᠷᠤᠭᠴᠢ ᠨᠢ ᠶᠧᠬᠣᠷᠠᠢᠳᠠ ᠶᠢᠨ ᠬᠦᠦ ᠪᠧᠨᠠᠢᠶ᠎ᠠ᠂ ᠬᠠᠭᠠᠨ ᠤ ᠭᠣᠣᠯᠯᠠᠬᠤ ᠲᠤᠰᠠᠯᠠᠭᠴᠢᠳ ᠨᠢ ᠳ᠋ᠠᠸᠢᠳ᠋ ᠤᠨ ᠬᠥᠪᠡᠭᠦᠳ 12 ᠶᠤᠮ᠃