1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠬᠣᠷᠢ
 ᠷᠠᠪᠠ ᠶᠢ ᠡᠵᠡᠯᠡᠪᠡ

1 ᠵᠢᠯ ᠭᠠᠷᠤᠭᠠᠳ ᠬᠠᠭᠠᠳ ᠤᠨ ᠳᠠᠢᠨ ᠳᠤ ᠮᠣᠷᠳᠠᠬᠤ ᠴᠠᠭ ᠪᠣᠯᠣᠯ᠎ᠠ᠃ ᠶᠣᠶᠠᠪ ᠴᠡᠷᠢᠭ ᠢᠶᠠᠨ ᠳᠠᠢᠴᠢᠯᠠᠨ ᠶᠠᠪᠤᠵᠤ᠂ ᠠᠷᠠᠮᠴᠤᠳ ᠤᠨ ᠨᠤᠲᠤᠭ ᠳᠡᠪᠢᠰᠬᠡᠷ ᠢ ᠲᠠᠯᠬᠢᠳᠠᠭᠰᠠᠨ ᠤ ᠳᠠᠷᠠᠭ᠎ᠠ ᠴᠠᠰᠢᠯᠠᠨ᠂ ᠷᠠᠪᠠ ᠶᠢ ᠪᠦᠰᠡᠯᠡᠪᠡ᠃ ᠬᠠᠷᠢᠨ ᠳ᠋ᠠᠸᠢᠳ᠋ ᠶᠧᠷᠦ᠋ᠰᠠᠯᠧᠮ ᠳᠤ ᠦᠯᠡᠳᠡᠵᠡᠢ᠃ ᠶᠣᠶᠠᠪ ᠷᠠᠪᠠ ᠶᠢ ᠴᠣᠬᠢᠵᠤ ᠨᠤᠷᠠᠭᠠᠭᠰᠠᠨ ᠪᠠᠢᠨ᠎ᠠ᠃ 2 ᠳ᠋ᠠᠸᠢᠳ᠋ ᠮᠢᠯᠺᠣᠮ 16  ᠤᠨ ᠲᠣᠯᠣᠭᠠᠢ ᠠᠴᠠ ᠲᠢᠲᠢᠮ ᠢ ᠨᠢ ᠠᠪᠤᠭᠰᠠᠨ ᠪᠠ ᠲᠡᠷᠡ ᠲᠢᠲᠢᠮ ᠨᠢ ᠨᠢᠭᠡ ᠲᠠᠯᠠᠨᠲ 17 ᠠᠯᠲᠠ ᠶᠢᠨ ᠬᠢᠷᠢ ᠬᠦᠨᠳᠦ ᠭᠡᠳᠡᠭ ᠢ ᠮᠡᠳᠡᠪᠡ᠃ ᠲᠡᠭᠦᠨ ᠳᠦ ᠡᠷᠳᠡᠨᠢ ᠶᠢᠨ ᠴᠢᠯᠠᠭᠤ ᠰᠢᠭᠢᠳᠬᠡᠭᠰᠡᠨ ᠪᠠᠢᠯ᠎ᠠ᠃ ᠲᠡᠷᠡ ᠨᠢ ᠣᠳᠣ ᠳ᠋ᠠᠸᠢᠳ᠋ ᠤᠨ ᠲᠣᠯᠣᠭᠠᠢ ᠳᠡᠭᠡᠷ᠎ᠡ ᠪᠠᠢᠬᠤ ᠪᠣᠯᠪᠠ᠃ ᠳ᠋ᠠᠸᠢᠳ᠋ ᠲᠡᠷᠡ ᠬᠣᠲᠠ ᠠᠴᠠ ᠦᠯᠡᠮᠵᠢ ᠶᠡᠬᠡ ᠬᠡᠮᠵᠢᠶᠡᠨ ᠦ ᠣᠯᠵᠠ ᠣᠯᠵᠤ ᠠᠪᠤᠭᠠᠳ᠂ 3 ᠮᠥᠨ ᠬᠣᠲᠠ ᠳᠤ ᠪᠠᠢᠭ᠎ᠠ ᠠᠷᠠᠳ ᠣᠯᠠᠨ ᠢ ᠭᠠᠷᠭᠠᠨ᠂ ᠬᠢᠷᠥᠭᠡ᠂ ᠢᠷ ᠲᠠᠢ ᠲᠡᠮᠦᠷ ᠪᠠᠭᠠᠵᠢ ᠪᠣᠯᠣᠨ ᠰᠦᠬᠡ ᠪᠡᠷ ᠬᠢᠬᠦ ᠠᠵᠢᠯ ᠳᠤ ᠲᠠᠯᠪᠢᠵᠠᠢ᠃ ᠳ᠋ᠠᠸᠢᠳ᠋ ᠠᠮᠣᠨᠴᠤᠳ ᠤᠨ ᠪᠦᠬᠦ ᠬᠣᠲᠠ ᠳᠤ ᠡᠨᠡ ᠮᠡᠲᠦ ᠪᠡᠷ ᠦᠢᠯᠡᠳᠪᠡ᠃ ᠲᠡᠭᠡᠭᠡᠳ ᠳ᠋ᠠᠸᠢᠳ᠋ ᠬᠠᠮᠤᠭ ᠴᠡᠷᠢᠭ ᠲᠠᠢ ᠪᠠᠨ ᠶᠧᠷᠦ᠋ᠰᠠᠯᠧᠮ ᠳᠤ ᠪᠤᠴᠠᠭᠰᠠᠨ ᠪᠠᠢᠨ᠎ᠠ᠃
 ᠹᠢᠯᠢᠰᠲ᠋ᠴᠤᠳ ᠲᠠᠢ ᠳᠠᠢᠲᠤᠪᠠ

4 ᠡᠭᠦᠨ ᠦ ᠳᠠᠷᠠᠭ᠎ᠠ᠂ ᠭᠧᠽᠧᠷ ᠲᠤ ᠹᠢᠯᠢᠰᠲ᠋ᠴᠦᠳ ᠲᠡᠢ ᠲᠤᠯᠤᠯᠳᠤᠬᠤ ᠪᠣᠯᠵᠠᠢ᠃ ᠲᠡᠭᠡᠬᠦ ᠳᠦ᠂ ᠺᠦᠱ ᠬᠥᠮᠦᠨ ᠰᠢᠪᠧᠺᠠᠢ ᠠᠪᠤᠷᠭᠤ ᠪᠡᠶᠡᠲᠡᠳ 18  ᠤᠨ ᠤᠳᠤᠮ ᠪᠣᠯᠬᠤ ᠰᠢᠫᠠᠢ ᠶᠢ ᠠᠯᠠᠭᠰᠠᠨ ᠳᠤ᠂ ᠹᠢᠯᠢᠰᠲ᠋ᠴᠦᠳ ᠪᠠᠭᠤᠵᠤ ᠥᠭᠪᠡ᠃ 5 ᠹᠢᠯᠢᠰᠲ᠋ᠴᠦᠳ ᠲᠡᠢ ᠳᠠᠬᠢᠨ ᠲᠤᠯᠤᠯᠳᠤᠬᠤ ᠳᠤ᠂ ᠶᠠᠢᠷ ᠤᠨ ᠬᠦᠦ ᠡᠯᠺᠠᠨᠠᠨ ᠪᠡᠷ ᠭᠠᠲ ᠬᠥᠮᠦᠨ ᠭᠣᠯᠢᠶᠠᠲ ᠤᠨ ᠳᠡᠭᠦᠦ ᠯᠠᠾᠮᠢ ᠶᠢ ᠠᠯᠠᠪᠠ᠃ ᠲᠡᠭᠦᠨ ᠦ ᠵᠢᠳᠠᠨ ᠤ ᠡᠰᠢ ᠨᠢ ᠡᠭᠡᠷᠡᠦᠯ ᠦᠨ ᠲᠡᠩᠬᠡᠯᠢᠭ ᠮᠡᠲᠦ ᠠᠵᠢ᠃ 6 ᠪᠠᠰᠠ ᠭᠠᠲ ᠲᠤ ᠳᠠᠬᠢᠨ ᠲᠤᠯᠤᠯᠳᠤᠭᠠᠨ ᠪᠣᠯᠪᠠ᠃ ᠲᠡᠨᠳᠡ ᠭᠠᠷ ᠬᠥᠯ ᠦᠨ ᠬᠢᠨᠢ ᠬᠤᠷᠤᠭᠤ ᠨᠢ ᠵᠢᠷᠭᠤᠭ᠎ᠠ᠂ ᠪᠦᠭᠦᠳᠡ ᠬᠣᠷᠢᠨ ᠳᠥᠷᠪᠡᠨ ᠬᠤᠷᠤᠭᠤ ᠲᠠᠢ ᠦᠯᠡᠮᠵᠢ ᠲᠣᠮᠣ ᠡᠷ᠎ᠡ ᠪᠠᠢᠯ᠎ᠠ᠃ ᠲᠡᠷᠡ ᠴᠤ ᠮᠥᠨ ᠠᠪᠤᠷᠭᠤ ᠪᠡᠶᠡᠲᠡᠨ ᠦ ᠤᠳᠤᠮ ᠠᠵᠢ᠃ 7 ᠲᠡᠷᠡ ᠢᠰᠷᠧᠯ ᠢ ᠳᠣᠷᠣᠮᠵᠢᠯᠠᠭᠰᠠᠨ ᠳᠤ᠂ ᠳ᠋ᠠᠸᠢᠳ᠋ ᠤᠨ ᠠᠬ᠎ᠠ ᠱᠢᠮᠧᠶ᠎ᠠ ᠶᠢᠨ ᠬᠦᠦ ᠶᠣᠨᠠᠲ᠋ᠠᠨ ᠲᠡᠭᠦᠨ ᠢ ᠠᠯᠠᠪᠠ᠃ 8 ᠲᠡᠢᠨ ᠬᠦ ᠭᠠᠲ ᠲᠤ ᠪᠠᠢᠭᠰᠠᠨ ᠠᠪᠤᠷᠭᠤ ᠪᠡᠶᠡᠲᠡᠳ ᠦᠨ ᠤᠳᠤᠮ ᠤᠨ ᠡᠳᠡᠭᠡᠷ ᠡᠷ᠎ᠡ ᠳ᠋ᠠᠸᠢᠳ᠋ ᠪᠣᠯᠣᠨ ᠲᠡᠭᠦᠨ ᠦ ᠬᠠᠷᠢᠶ᠎ᠠ ᠬᠥᠮᠦᠰ ᠦᠨ ᠭᠠᠷ ᠲᠤ ᠰᠥᠨᠥᠭᠰᠡᠨ ᠪᠠᠢᠯ᠎ᠠ᠃