1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠬᠣᠷᠢᠨ ᠨᠢᠭᠡ
 ᠲᠣᠭᠠᠯᠠᠯᠭ᠎ᠠ ᠪᠠ ᠲᠠᠬᠢᠯ

1 ᠰᠠᠲ᠋ᠠᠨ ᠢᠰᠷᠧᠯ ᠤᠨ ᠡᠰᠡᠷᠭᠦ ᠪᠣᠰᠴᠤ᠂ ᠳ᠋ᠠᠸᠢᠳ᠋ ᠢ ᠥᠳᠥᠭᠡᠨ ᠢᠰᠷᠧᠯ ᠤᠨ ᠬᠥᠮᠦᠨ ᠠᠮᠠ ᠶᠢ ᠲᠣᠭᠠᠯᠠᠭᠤᠯᠪᠠ᠃ 2 ᠳ᠋ᠠᠸᠢᠳ᠋ ᠶᠣᠶᠠᠪ ᠪᠣᠯᠣᠨ ᠠᠷᠠᠳ ᠲᠦᠮᠡᠨ ᠦ ᠤᠳᠤᠷᠢᠳᠤᠭᠴᠢᠳ ᠲᠤ᠄ 《ᠲᠠ ᠨᠠᠷ ᠪᠧᠷ ᠱᠧᠪᠠ ᠠᠴᠠ ᠳ᠋ᠠᠨ ᠬᠦᠷᠲᠡᠯ᠎ᠡ ᠶᠠᠪᠤᠵᠤ ᠢᠰᠷᠧᠯᠴᠦᠳ ᠢ ᠲᠣᠭᠠᠯᠠᠭᠠᠳ ᠲᠣᠭ᠎ᠠ ᠶᠢ ᠨᠢ ᠨᠠᠳᠠ ᠳᠤ ᠠᠪᠴᠢᠷᠠ᠂ ᠲᠣᠭ᠎ᠠ ᠶᠢ ᠨᠢ ᠪᠢ ᠮᠡᠳᠡᠬᠦ ᠤᠴᠢᠷᠲᠠᠢ》 ᠭᠡᠬᠦ ᠳᠦ᠂ 3 ᠶᠣᠶᠠᠪ᠄ 《ᠶᠣᠬᠣᠸᠠ ᠠᠷᠠᠳ ᠲᠦᠮᠡᠨ ᠢᠶᠡᠨ ᠵᠠᠭᠤ ᠳᠠᠬᠢᠨ ᠥᠰᠭᠡᠬᠦ ᠪᠣᠯᠣᠭᠠᠰᠠᠢ︕ ᠬᠠᠷᠢᠨ ᠬᠠᠭᠠᠨ ᠡᠵᠡᠨᠲᠡᠨ ᠮᠢᠨᠢ᠂ ᠲᠡᠳᠡ ᠴᠢᠨᠢ ᠪᠦᠭᠦᠳᠡᠭᠡᠷ ᠢᠶᠡᠨ ᠡᠵᠡᠨ ᠦ ᠮᠢᠨᠢ ᠵᠠᠷᠤᠴᠠ ᠪᠢᠰᠢ ᠤᠤ︖ ᠮᠢᠨᠦ ᠡᠵᠡᠨ ᠶᠠᠭᠤᠨ ᠳᠤ ᠡᠭᠦᠨ ᠢ ᠱᠠᠭᠠᠷᠳᠠᠨ᠎ᠠ ᠪᠤᠢ︖ ᠲᠠ ᠶᠠᠭᠠᠬᠢᠭᠠᠳ ᠢᠰᠷᠧᠯ ᠳᠤ ᠭᠡᠮ ᠪᠤᠷᠤᠭᠤ ᠶᠢ ᠤᠴᠠᠷᠠᠭᠤᠯᠬᠤ ᠭᠡᠵᠦ ᠪᠠᠢᠨ᠎ᠠ ᠪᠤᠢ︖》 ᠭᠡᠪᠡ᠃ 4 ᠭᠡᠪᠡᠴᠦ ᠬᠠᠭᠠᠨ ᠤ ᠵᠠᠷᠯᠢᠭ ᠶᠣᠶᠠᠪ ᠢ ᠬᠦᠴᠦᠯᠡᠵᠡᠢ᠃ ᠶᠣᠶᠠᠪ ᠬᠠᠭᠠᠨ ᠠᠴᠠ ᠠᠶᠠᠷᠯᠠᠵᠤ᠂ ᠢᠰᠷᠧᠯ ᠳᠠᠶᠠᠭᠠᠷ ᠶᠠᠪᠤᠭᠰᠠᠨ ᠤ ᠳᠠᠷᠠᠭ᠎ᠠ᠂ ᠶᠧᠷᠦ᠋ᠰᠠᠯᠧᠮ ᠳᠤ ᠢᠷᠡᠪᠡ᠃ 5 ᠶᠣᠶᠠᠪ ᠬᠥᠮᠦᠨ ᠠᠮᠠ ᠶᠢᠨ ᠲᠣᠭᠠᠯᠠᠯᠭ᠎ᠠ ᠶᠢ ᠳ᠋ᠠᠸᠢᠳ᠋ ᠲᠤ ᠮᠡᠳᠡᠭᠦᠯᠵᠡᠢ᠃ ᠪᠦᠬᠦ ᠢᠰᠷᠧᠯ ᠳᠤ ᠢᠯᠳᠦ ᠠᠭᠰᠠᠬᠤ ᠵᠠᠭᠤ ᠠᠷᠪᠠᠨ ᠲᠦᠮᠡᠨ ᠡᠷ᠎ᠡ ᠪᠠᠢᠪᠠ᠃ ᠶᠦᠳᠠ ᠳᠤ ᠢᠯᠳᠦ ᠠᠭᠰᠠᠬᠤ ᠳᠥᠴᠢᠨ ᠳᠣᠯᠣᠭᠠᠨ ᠲᠦᠮᠡᠨ ᠡᠷ᠎ᠡ ᠪᠠᠢᠪᠠ᠃ 6 ᠭᠡᠪᠡᠴᠦ ᠡᠭᠦᠨ ᠳᠦ ᠯᠧᠸᠢᠴᠦᠳ ᠪᠠ ᠪᠢᠨᠶᠠᠮᠢᠨᠴᠤᠳ ᠤᠨ ᠲᠣᠭ᠎ᠠ ᠣᠷᠣᠭᠰᠠᠨ ᠦᠭᠡᠢ᠃ ᠤᠴᠢᠷ ᠨᠢ ᠶᠣᠶᠠᠪ ᠬᠠᠭᠠᠨ ᠤ ᠵᠠᠷᠯᠢᠭ ᠢ ᠡᠭᠳᠡᠭᠦᠴᠡᠭᠰᠡᠨ ᠪᠠᠢᠯ᠎ᠠ᠃

7 ᠡᠨᠡ ᠵᠠᠷᠯᠢᠭ ᠪᠤᠷᠬᠠᠨ ᠤ ᠮᠡᠯᠮᠡᠢ ᠳᠦ ᠴᠤ ᠵᠢᠭᠰᠢᠭᠦᠷᠢᠲᠡᠢ ᠪᠠᠢᠭᠰᠠᠨ ᠪᠣᠯᠬᠣᠷ ᠲᠡᠷᠡ ᠪᠡᠷ ᠢᠰᠷᠧᠯ ᠢ ᠴᠣᠬᠢᠪᠠ᠃ 8 ᠳ᠋ᠠᠸᠢᠳ᠋ ᠪᠤᠷᠬᠠᠨ ᠳᠤ᠄ 《ᠪᠢ ᠡᠳᠡᠭᠡᠷ ᠢ ᠬᠢᠭᠰᠡᠨ ᠢᠶᠡᠷ ᠢᠶᠠᠨ ᠶᠡᠬᠡ ᠨᠢᠭᠦᠯ ᠦᠢᠯᠡᠳᠴᠡᠢ᠃ ᠭᠡᠪᠡᠴᠦ ᠣᠳᠣ ᠵᠠᠷᠤᠴᠠ ᠶᠢᠨ ᠢᠶᠠᠨ ᠭᠡᠮ ᠪᠤᠷᠤᠭᠤ ᠶᠢ ᠥᠷᠥᠰᠢᠶᠡᠭᠡᠴᠢ᠃ ᠪᠢ ᠦᠨᠡᠬᠡᠷ ᠮᠤᠩ᠋ᠬᠠᠭᠯᠠᠵᠠᠢ》 ᠭᠡᠪᠡ᠃ 9 ᠶᠣᠬᠣᠸᠠ ᠳ᠋ᠠᠸᠢᠳ᠋ ᠤᠨ ᠪᠣᠱᠣᠭᠴᠢ ᠭᠠᠳ᠋ ᠲᠤ ᠠᠢᠯᠠᠳᠬᠤ ᠳᠠᠭᠠᠨ᠄ 10 《ᠴᠢ ᠳ᠋ᠠᠸᠢᠳ᠋ ᠲᠤ᠄ 〈ᠶᠣᠬᠣᠸᠠ ᠠᠢᠯᠠᠳᠴᠤ ᠪᠠᠢᠨ᠎ᠠ᠄ ᠪᠢ ᠴᠢᠮ᠎ᠠ ᠳᠤ ᠭᠤᠷᠪᠠᠨ ᠰᠣᠩ᠋ᠭᠣᠯᠲᠠ ᠥᠭᠭᠥᠶ᠎ᠡ᠃ ᠡᠳᠡᠭᠡᠷ ᠡᠴᠡ ᠴᠢ ᠨᠢᠭᠡ ᠶᠢ ᠨᠢ ᠰᠣᠩ᠋ᠭᠣ᠂ ᠲᠡᠷᠡ ᠶᠣᠰᠣᠭᠠᠷ ᠪᠢ ᠴᠢᠮ᠎ᠠ ᠳᠤ ᠦᠢᠯᠡᠳᠬᠦ ᠪᠣᠯᠣᠨ᠎ᠠ〉 ᠭᠡᠵᠦ ᠬᠡᠯᠡ》 ᠭᠡᠪᠡ᠃ 11 ᠭᠠᠳ᠋ ᠳ᠋ᠠᠸᠢᠳ᠋ ᠤᠷᠤᠭᠤ ᠣᠴᠢᠵᠤ ᠲᠡᠭᠦᠨ ᠳᠦ ᠬᠡᠯᠡᠬᠦ ᠳᠡᠭᠡᠨ᠄ 《ᠶᠣᠬᠣᠸᠠ ᠡᠢᠨ ᠬᠦ ᠠᠢᠯᠠᠳᠪᠠ᠄ 〈ᠴᠢ ᠥᠪᠡᠷ ᠢᠶᠡᠨ ᠰᠣᠩ᠋ᠭᠣᠭᠲᠤᠨ᠂ 12 ᠭᠤᠷᠪᠠᠨ ᠵᠢᠯ ᠥᠯᠥᠰᠬᠥᠯᠡᠩ ᠪᠣᠯᠬᠤ; ᠡᠰᠡᠪᠡᠯ ᠭᠤᠷᠪᠠᠨ ᠰᠠᠷ᠎ᠠ ᠥᠰᠢᠶᠡᠲᠡᠨ ᠳᠡᠭᠡᠨ ᠳᠡᠢᠯᠦᠭᠳᠡᠵᠦ ᠳᠠᠢᠰᠤᠨ ᠤ ᠪᠠᠨ ᠢᠯᠳᠦᠨ ᠡᠴᠡ ᠵᠢᠭᠤᠲᠠᠭᠰᠠᠭᠠᠷ ᠪᠠᠢᠬᠤ; ᠡᠰᠡᠪᠡᠯ ᠭᠤᠷᠪᠠᠨ ᠡᠳᠦᠷ ᠶᠣᠬᠣᠸᠠ ᠶᠢᠨ ᠢᠯᠳᠦ ᠪᠤᠶᠤ ᠲᠠᠬᠤᠯ ᠭᠠᠵᠠᠷ ᠳᠡᠭᠡᠷ᠎ᠡ ᠪᠠᠭᠤᠵᠤ᠂ ᠶᠣᠬᠣᠸᠠ ᠶᠢᠨ ᠲᠩᠷᠢ ᠡᠯᠴᠢ ᠢᠰᠷᠧᠯ ᠤᠨ ᠪᠦᠬᠦ ᠨᠤᠲᠤᠭ ᠳᠠᠶᠠᠭᠠᠷ ᠰᠥᠨᠥᠭᠡᠯᠲᠡ ᠬᠢᠬᠦ ᠶᠢᠨ ᠠᠯᠢ ᠨᠢᠭᠡ ᠶᠢ ᠰᠢᠢᠳ〉 ᠭᠡᠪᠡ᠃ ᠡᠳᠦᠭᠡ ᠲᠠ ᠨᠠᠮᠠᠶᠢ ᠢᠯᠡᠭᠡᠭᠰᠡᠨ ᠨᠢᠭᠡᠨ ᠳᠦ ᠬᠠᠷᠢᠭᠤᠯᠬᠤ ᠦᠭᠡ ᠶᠢ ᠮᠢᠨᠢ ᠪᠣᠳᠣᠭᠲᠤᠨ》 ᠭᠡᠬᠦ ᠳᠦ᠂ 13 ᠳ᠋ᠠᠸᠢᠳ᠋ ᠭᠠᠳ᠋ ᠲᠤ᠄ 《ᠪᠢ ᠦᠨᠡᠬᠡᠷ ᠵᠦᠳᠡᠭᠦᠷᠢᠲᠡᠢ ᠪᠠᠢᠨ᠎ᠠ᠃ ᠬᠠᠷᠢᠨ ᠶᠣᠬᠣᠸᠠ ᠶᠢᠨ ᠨᠢᠭᠦᠯᠡᠰᠦᠯ ᠠᠭᠤᠤ ᠶᠡᠬᠡ ᠤᠴᠢᠷ ᠠᠴᠠ ᠪᠢ ᠬᠥᠮᠦᠨ ᠦ ᠭᠠᠷ ᠲᠤ ᠣᠷᠣᠯ ᠦᠭᠡᠢ᠂ ᠲᠡᠭᠦᠨ ᠦ ᠯᠠ ᠮᠤᠲᠤᠷ ᠲᠤ ᠣᠷᠣᠭᠠᠰᠠᠢ》 ᠭᠡᠪᠡ᠃

14 ᠶᠣᠬᠣᠸᠠ ᠢᠰᠷᠧᠯ ᠳᠤ ᠲᠠᠬᠤᠯ ᠪᠠᠭᠤᠯᠭᠠᠭᠰᠠᠨ ᠳᠤ᠂ ᠢᠰᠷᠧᠯ ᠤᠨ ᠳᠣᠯᠣᠭᠠᠨ ᠲᠦᠮᠡᠨ ᠬᠥᠮᠦᠨ ᠰᠥᠨᠥᠪᠡ᠃ 15 ᠪᠤᠷᠬᠠᠨ ᠮᠥᠨ ᠶᠧᠷᠦ᠋ᠰᠠᠯᠧᠮ ᠢ ᠰᠦᠢᠳᠬᠡᠬᠦ ᠪᠡᠷ ᠲᠩᠷᠢ ᠡᠯᠴᠢ ᠪᠠᠨ ᠶᠠᠪᠤᠭᠤᠯᠵᠠᠢ᠃ ᠭᠡᠪᠡᠴᠦ ᠶᠣᠬᠣᠸᠠ ᠰᠦᠢᠳᠬᠡᠬᠦ ᠪᠡᠷ ᠪᠠᠢᠭ᠎ᠠ ᠶᠢ ᠨᠢ ᠦᠵᠡᠭᠡᠳ ᠭᠠᠮᠰᠢᠭ ᠪᠠᠭᠤᠯᠭᠠᠭᠰᠠᠨ ᠳᠠᠭᠠᠨ ᠬᠠᠷᠠᠮᠰᠠᠵᠤ᠂ ᠰᠦᠢᠳᠬᠡᠭᠴᠢ ᠡᠯᠴᠢ ᠳᠤ᠄ 《ᠣᠳᠣ ᠪᠣᠯᠣᠭᠰᠠᠨ᠂ ᠭᠠᠷ ᠢᠶᠠᠨ ᠲᠠᠲᠠ》 ᠭᠡᠪᠡ᠃ ᠲᠡᠷᠡ ᠦᠶ᠎ᠡ ᠳᠦ ᠶᠣᠬᠣᠸᠠ ᠶᠢᠨ ᠲᠩᠷᠢ ᠡᠯᠴᠢ ᠶᠧᠪᠦ᠋ᠰ ᠬᠥᠮᠦᠨ ᠠᠷᠦ᠋ᠨ᠎ᠠ ᠶᠢᠨ ᠦᠲᠦᠷᠮ᠎ᠡ ᠶᠢᠨ ᠬᠠᠵᠠᠭᠤ ᠳᠤ ᠵᠣᠭᠰᠣᠵᠤ ᠪᠠᠢᠯ᠎ᠠ᠃ 16 ᠳ᠋ᠠᠸᠢᠳ᠋ ᠨᠢᠳᠦ ᠡᠷᠭᠦᠨ ᠦᠵᠡᠬᠦ ᠳᠦ᠂ ᠶᠣᠬᠣᠸᠠ ᠶᠢᠨ ᠡᠯᠴᠢ ᠲᠩᠷᠢ ᠭᠠᠵᠠᠷ ᠤᠨ ᠬᠣᠭᠣᠷᠣᠨᠳᠣ ᠵᠣᠭᠰᠣᠵᠤ᠂ ᠢᠯᠳᠦ ᠪᠡᠨ ᠰᠤᠭᠤᠯᠤᠨ ᠶᠧᠷᠦ᠋ᠰᠠᠯᠧᠮ ᠵᠦᠭ ᠰᠤᠩ᠋ᠭᠠᠭᠰᠠᠨ ᠪᠠᠢᠯ᠎ᠠ᠃ ᠲᠡᠷᠡ ᠦᠶ᠎ᠡ ᠳᠦ ᠳ᠋ᠠᠸᠢᠳ᠋ ᠪᠣᠯᠣᠨ ᠠᠬᠠᠯᠠᠭᠴᠢᠳ ᠲᠠᠭᠠᠷ ᠨᠥᠮᠥᠷᠴᠦ ᠪᠠᠢᠪᠠ᠂ ᠲᠡᠳᠡ ᠨᠢᠭᠤᠷ ᠢᠶᠠᠷ ᠢᠶᠠᠨ ᠭᠠᠵᠠᠷ ᠲᠤ ᠤᠨᠠᠵᠠᠭᠠᠪᠠ᠃ 17 ᠳ᠋ᠠᠸᠢᠳ᠋ ᠪᠤᠷᠬᠠᠨ ᠳᠤ ᠬᠠᠨᠳᠤᠨ᠄ 《ᠠᠷᠠᠳ ᠲᠦᠮᠡᠨ ᠢ ᠲᠣᠭᠠᠯᠠᠬᠤ ᠵᠠᠷᠯᠢᠭ ᠢ ᠭᠠᠷᠭᠠᠭᠰᠠᠨ ᠨᠢ ᠪᠢ ᠪᠢᠰᠢ ᠤᠤ︖ ᠨᠢᠭᠦᠯ ᠦᠢᠯᠡᠳᠴᠦ᠂ ᠬᠣᠷᠣᠨ ᠮᠠᠭᠤ ᠶᠢ ᠬᠢᠭᠰᠡᠨ ᠨᠢ ᠪᠢ ᠰᠢᠦ᠂ ᠬᠠᠷᠢᠨ ᠡᠨᠡ ᠬᠣᠨᠢᠨ ᠰᠦᠷᠦᠭ ᠶᠠᠭᠤ ᠬᠢᠭᠰᠡᠨ ᠶᠤᠮ ᠪᠤᠢ︖ ᠶᠣᠬᠣᠸᠠ ᠪᠤᠷᠬᠠᠨ ᠮᠢᠨᠢ᠂ ᠲᠠ ᠮᠤᠲᠤᠷ ᠢᠶᠠᠷ ᠢᠶᠠᠨ ᠨᠠᠮᠠᠶᠢ ᠪᠣᠯᠣᠨ ᠮᠢᠨᠦ ᠡᠴᠢᠭᠡ ᠶᠢᠨ ᠭᠡᠷ ᠢ ᠴᠣᠬᠢᠭᠠᠴᠢ᠂ ᠬᠠᠷᠢᠨ ᠠᠷᠠᠳ ᠲᠦᠮᠡᠨ ᠳᠡᠭᠡᠨ ᠭᠠᠮᠰᠢᠭ ᠪᠦᠦ ᠪᠠᠭᠤᠯᠭᠠᠭᠠᠴᠢ》 ᠭᠡᠪᠡ᠃

18 ᠲᠡᠭᠡᠲᠡᠯ᠎ᠡ ᠶᠣᠬᠣᠸᠠ ᠶᠢᠨ ᠲᠩᠷᠢ ᠡᠯᠴᠢ ᠭᠠᠳ᠋ ᠢᠶᠠᠷ ᠳᠠᠮᠵᠢᠭᠤᠯᠤᠨ ᠳ᠋ᠠᠸᠢᠳ᠋ ᠲᠤ᠄ 《ᠶᠧᠪᠦ᠋ᠰ ᠬᠥᠮᠦᠨ ᠠᠷᠦ᠋ᠨ᠎ᠠ ᠶᠢᠨ ᠦᠲᠦᠷᠮ᠎ᠡ ᠳᠦ ᠣᠴᠢᠵᠤ ᠶᠣᠬᠣᠸᠠ ᠶᠢᠨ ᠲᠥᠯᠥᠭᠡ ᠲᠠᠬᠢᠯ ᠤᠨ ᠰᠢᠷᠡᠭᠡ ᠪᠣᠰᠬᠠᠭᠲᠤᠨ》 ᠭᠡᠵᠦ ᠬᠡᠯᠡᠬᠦ ᠳᠦ᠂ 19 ᠭᠠᠳ᠋ ᠤᠨ ᠶᠣᠬᠣᠸᠠ ᠶᠢᠨ ᠨᠡᠷ᠎ᠡ ᠪᠡᠷ ᠬᠡᠯᠡᠭᠰᠡᠨ ᠦ ᠶᠣᠰᠣᠭᠠᠷ ᠳ᠋ᠠᠸᠢᠳ᠋ ᠲᠡᠨᠳᠡ ᠣᠴᠢᠪᠠ᠃ 20 ᠲᠡᠭᠡᠬᠦ ᠳᠦ ᠠᠷᠦ᠋ᠨ᠎ᠠ ᠪᠤᠭᠤᠳᠠᠢ ᠦᠲᠦᠷᠮᠡᠳᠡᠵᠦ ᠪᠠᠢᠯ᠎ᠠ᠃ ᠲᠡᠷᠡ ᠪᠡᠶ᠎ᠡ ᠡᠷᠭᠢᠨ ᠲᠩᠷᠢ ᠡᠯᠴᠢ ᠶᠢ ᠣᠯᠵᠤ ᠬᠠᠷᠠᠭᠠᠳ ᠳᠥᠷᠪᠡᠨ ᠬᠦᠦ ᠲᠠᠢ ᠪᠠᠨ ᠨᠢᠭᠤᠭᠳᠠᠪᠠ᠃ 21 ᠲᠡᠭᠡᠲᠡᠯ᠎ᠡ ᠳ᠋ᠠᠸᠢᠳ᠋ ᠠᠷᠦ᠋ᠨ᠎ᠠ ᠤᠷᠤᠭᠤ ᠢᠷᠡᠭᠰᠡᠨ ᠳᠦ᠂ ᠠᠷᠦ᠋ᠨ᠎ᠠ ᠳ᠋ᠠᠸᠢᠳ᠋ ᠢ ᠣᠯᠵᠤ ᠦᠵᠡᠭᠡᠳ ᠦᠲᠦᠷᠮ᠎ᠡ ᠡᠴᠡ ᠪᠡᠨ ᠭᠠᠷᠴᠤ᠂ ᠨᠢᠭᠤᠷ ᠢᠶᠠᠷ ᠢᠶᠠᠨ ᠭᠠᠵᠠᠷ ᠲᠤ ᠤᠨᠠᠨ ᠳ᠋ᠠᠸᠢᠳ᠋ ᠲᠤ ᠮᠥᠷᠭᠥᠪᠡ᠃ 22 ᠳ᠋ᠠᠸᠢᠳ᠋ ᠠᠷᠦ᠋ᠨ᠎ᠠ ᠳᠤ᠄ 《ᠡᠨᠡ ᠦᠲᠦᠷᠮ᠎ᠡ ᠪᠡᠨ ᠨᠠᠳᠠ ᠳᠤ ᠬᠤᠳᠠᠯᠳᠤ᠂ ᠪᠢ ᠪᠦᠬᠦᠯᠢ ᠦᠨ᠎ᠡ ᠪᠡᠷ ᠬᠤᠳᠠᠯᠳᠤᠨ ᠠᠪᠤᠶ᠎ᠠ᠂ ᠪᠢ ᠡ᠊ᠨᠳᠡ ᠶᠣᠬᠣᠸᠠ ᠳᠤ ᠲᠠᠬᠢᠯ ᠤᠨ ᠰᠢᠷᠡᠭᠡ ᠪᠣᠰᠬᠠᠶ᠎ᠠ᠃ ᠲᠡᠭᠡᠪᠡᠯ ᠠᠷᠠᠳ ᠲᠦᠮᠡᠨ ᠳᠦ ᠪᠠᠭᠤᠭᠰᠠᠨ ᠲᠠᠬᠤᠯ ᠵᠣᠭᠰᠣᠬᠤ ᠪᠣᠯᠣᠨ᠎ᠠ》 ᠭᠡᠬᠦ ᠳᠦ᠂ 23 ᠠᠷᠦ᠋ᠨ᠎ᠠ ᠳ᠋ᠠᠸᠢᠳ᠋ ᠲᠤ᠄ 《ᠠᠪ᠂ ᠡᠵᠡᠨᠲᠡᠨ ᠮᠢᠨᠢ᠃ ᠬᠠᠭᠠᠨ ᠲᠠ ᠨᠢᠳᠦᠨ ᠳᠦ ᠲᠠᠭᠠᠯᠠᠭᠳᠠᠭᠰᠠᠨ ᠢᠶᠠᠨ ᠦᠢᠯᠡᠳᠦᠭᠡᠴᠢ᠃ ᠬᠠᠷᠠᠭᠠᠴᠢ᠂ ᠪᠢ ᠦᠬᠡᠷ ᠤᠳ ᠢᠶᠠᠨ ᠰᠢᠲᠠᠭᠠᠯᠭᠠᠲᠤ ᠲᠠᠬᠢᠯ ᠳᠤ᠂ ᠲᠠᠷᠢᠶ᠎ᠠ ᠤᠨᠠᠭᠠᠬᠤ ᠪᠠᠭᠠᠵᠢ ᠪᠠᠨ ᠲᠦᠯᠡᠰᠢᠨ ᠳᠤ᠂ ᠪᠤᠭᠤᠳᠠᠢ ᠪᠠᠨ ᠢᠳᠡᠭᠡᠨ ᠲᠠᠬᠢᠯ ᠳᠤ ᠥᠭᠭᠥᠶ᠎ᠡ᠂ ᠪᠢ ᠪᠠᠢᠭ᠎ᠠ ᠪᠦᠬᠦᠨ ᠢᠶᠡᠨ ᠥᠭᠭᠥᠶ᠎ᠡ》 ᠭᠡᠪᠡ᠃ 24 ᠳ᠋ᠠᠸᠢᠳ᠋ ᠬᠠᠭᠠᠨ ᠠᠷᠦ᠋ᠨ᠎ᠠ ᠳᠤ᠄ 《ᠦᠭᠡᠢ᠂ ᠪᠢ ᠵᠠᠪᠠᠯ ᠬᠠᠩ᠋ᠭᠠᠯᠲᠠᠲᠠᠢ ᠦᠨ᠎ᠡ ᠪᠡᠷ ᠠᠪᠬᠤ ᠶᠣᠰᠣᠲᠠᠢ᠃ ᠪᠢ ᠴᠢᠨᠦ ᠬᠥᠷᠥᠩᠭᠡ ᠶᠢ ᠪᠤᠯᠢᠶᠠᠨ ᠠᠪᠴᠤ ᠶᠣᠬᠣᠸᠠ ᠳᠤ ᠥᠭᠬᠦ ᠦᠭᠡᠢ᠂ ᠦᠨ᠎ᠡ ᠲᠥᠯᠥᠭᠡ ᠦᠭᠡᠢ ᠶᠠᠭᠤᠮ᠎ᠠ ᠪᠠᠷ ᠲᠠᠬᠢᠯ ᠡᠷᠭᠦᠬᠦ ᠦᠭᠡᠢ》 ᠭᠡᠳ 25 ᠠᠷᠦ᠋ᠨ᠎ᠠ ᠳᠤ ᠭᠠᠵᠠᠷ ᠤᠨ ᠦᠨ᠎ᠡ ᠳᠦᠨᠢ ᠵᠢᠷᠭᠤᠭᠠᠨ ᠵᠠᠭᠤᠨ ᠱᠧᠺᠧᠯ 19 ᠠᠯᠲᠠ ᠥᠭᠪᠡ᠃ 26 ᠳ᠋ᠠᠸᠢᠳ᠋ ᠲᠡᠨᠳᠡ ᠶᠣᠬᠣᠸᠠ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠵᠤ᠂ ᠰᠢᠲᠠᠭᠠᠯᠭᠠᠲᠤ ᠲᠠᠬᠢᠯ ᠪᠣᠯᠣᠨ ᠡᠪ ᠦᠨ ᠲᠠᠬᠢᠯ ᠡᠷᠭᠦᠵᠡᠢ᠃ ᠲᠡᠷᠡ ᠶᠣᠬᠣᠸᠠ ᠶᠢ ᠳᠠᠭᠤᠳᠠᠭᠰᠠᠨ ᠳᠤ᠂ ᠶᠣᠬᠣᠸᠠ ᠰᠢᠲᠠᠭᠠᠯᠭᠠᠲᠤ ᠲᠠᠬᠢᠯ ᠤᠨ ᠰᠢᠷᠡᠭᠡᠨ ᠳᠡᠭᠡᠷ᠎ᠡ ᠲᠩᠷᠢ ᠡᠴᠡ ᠭᠠᠯ ᠪᠠᠭᠤᠯᠭᠠᠨ ᠲᠡᠭᠦᠨ ᠳᠦ ᠬᠠᠷᠢᠭᠤᠯᠪᠠ᠃ 27 ᠲᠡᠭᠡᠭᠡᠳ ᠶᠣᠬᠣᠸᠠ ᠵᠠᠷᠯᠢᠭᠳᠠᠭᠰᠠᠨ ᠳᠤ᠂ ᠲᠩᠷᠢ ᠡᠯᠴᠢ ᠢᠯᠳᠦ ᠪᠡᠨ ᠬᠤᠢ ᠳᠤᠨᠢ ᠪᠤᠴᠠᠭᠠᠨ ᠬᠢᠯ᠎ᠡ᠃
 ᠥᠷᠭᠥᠭᠡ ᠪᠠᠷᠢᠬᠤ ᠭᠠᠵᠠᠷ

28 ᠲᠡᠷᠡ ᠦᠶ᠎ᠡ ᠳᠦ ᠳ᠋ᠠᠸᠢᠳ᠋ ᠶᠧᠪᠦ᠋ᠰ ᠬᠥᠮᠦᠨ ᠠᠷᠦ᠋ᠨ᠎ᠠ ᠶᠢᠨ ᠦᠲᠦᠷᠮ᠎ᠡ ᠳᠡᠭᠡᠷ᠎ᠡ ᠶᠣᠬᠣᠸᠠ ᠶᠢᠨ ᠥᠪᠡᠷ ᠲᠤᠨᠢ ᠬᠠᠷᠢᠭᠤᠯᠤᠭᠰᠠᠨ ᠢ ᠬᠠᠷᠠᠭᠠᠳ ᠲᠡᠨᠳᠡ ᠲᠠᠬᠢᠯ ᠡᠷᠭᠦᠵᠡᠢ᠃ 29 ᠴᠥᠯ ᠳᠤ ᠮᠣᠰᠧ ᠶᠢᠨ ᠪᠣᠰᠬᠠᠭᠰᠠᠨ ᠶᠣᠬᠣᠸᠠ ᠶᠢᠨ ᠣᠷᠣᠰᠢᠬᠤᠢ ᠶᠢᠨ ᠴᠠᠴᠠᠷ ᠪᠣᠯᠣᠨ ᠰᠢᠲᠠᠭᠠᠯᠭᠠᠲᠤ ᠲᠠᠬᠢᠯ ᠤᠨ ᠰᠢᠷᠡᠭᠡ ᠭᠢᠪᠧᠶᠣᠨ ᠤ ᠮᠥᠷᠭᠥᠯ ᠦᠨ ᠮᠠᠨᠳᠠᠯ ᠳᠡᠭᠡᠷ᠎ᠡ ᠪᠠᠢᠭᠰᠠᠨ ᠪᠣᠯᠪᠠᠴᠤ 30 ᠳ᠋ᠠᠸᠢᠳ᠋ ᠶᠣᠬᠣᠸᠠ ᠶᠢᠨ ᠲᠩᠷᠢ ᠡᠯᠴᠢ ᠶᠢᠨ ᠢᠯᠳᠦᠨ ᠡᠴᠡ ᠠᠶᠤᠵᠤ ᠪᠠᠢᠭᠰᠠᠨ ᠲᠤᠯᠠ ᠪᠤᠷᠬᠠᠨ ᠤ ᠰᠠᠨᠠᠭ᠎ᠠ ᠶᠢ ᠯᠠᠪᠯᠠᠬᠤ ᠭᠡᠵᠦ ᠲᠡᠨᠳᠡ ᠣᠴᠢᠵᠤ ᠵᠢᠷᠦᠬᠡᠯᠡᠭᠰᠡᠨ ᠦᠭᠡᠢ᠃