1 2 3 4 5 6 7 8 9 10 11 12 13 14 15 16 17 18 19 20 21 22 23 24 25 26 27 28 29


ᠱᠠᠰᠲᠢᠷ ᠤᠨ ᠳᠡᠭᠡᠳᠦ ᠠᠷᠪᠠ ᠶᠢᠰᠦ
 ᠠᠮᠣᠨ ᠪᠠ ᠠᠷᠠᠮ ᠢ ᠢᠯᠠᠪᠠ

1 ᠬᠡᠰᠡᠭ ᠬᠤᠭᠤᠴᠠᠭᠠᠨ ᠤ ᠳᠠᠷᠠᠭ᠎ᠠ᠂ ᠠᠮᠣᠨᠴᠤᠳ ᠤᠨ ᠬᠠᠭᠠᠨ ᠨᠠᠬᠠᠱ ᠨᠠᠰᠤ ᠪᠠᠷᠠᠵᠤ᠂ ᠬᠦᠦ ᠬᠠᠨᠦ᠋ᠨ ᠨᠢ ᠲᠡᠭᠦᠨ ᠦ ᠣᠷᠣᠨ ᠳᠤ ᠬᠠᠭᠠᠨ ᠪᠣᠯᠪᠠ᠃ 2 ᠳ᠋ᠠᠸᠢᠳ᠋᠄ 《ᠡᠴᠢᠭᠡ ᠨᠠᠬᠠᠱ ᠨᠢ ᠨᠠᠳᠠ ᠳᠤ ᠡᠨᠡᠷᠢᠯ ᠬᠠᠢᠷ᠎ᠠ ᠦᠵᠡᠭᠦᠯᠦᠭᠰᠡᠨ ᠲᠤᠯᠠ ᠪᠢ ᠴᠤ ᠬᠦᠦ ᠬᠠᠨᠦ᠋ᠨ ᠳᠤᠨᠢ ᠡᠨᠡᠷᠢᠯ ᠬᠠᠢᠷ᠎ᠠ ᠦᠵᠡᠭᠦᠯᠦᠶ᠎ᠡ》 ᠭᠡᠳ᠂ ᠡᠴᠢᠭᠡ ᠶᠢᠨ ᠬᠢᠨᠢ ᠨᠠᠰᠤ ᠪᠠᠷᠠᠭᠰᠠᠨ ᠳᠤ ᠡᠮᠭᠡᠨᠢᠯ ᠢᠯᠡᠷᠬᠡᠶᠢᠯᠡᠬᠦ ᠪᠡᠷ ᠲᠦᠰᠢᠮᠡᠳ ᠢᠶᠡᠨ ᠢᠯᠡᠭᠡᠪᠡ᠃ ᠢᠩᠭᠢᠭᠡᠳ ᠳ᠋ᠠᠸᠢᠳ᠋ ᠤᠨ ᠲᠦᠰᠢᠮᠡᠳ ᠡᠮᠭᠡᠨᠢᠯ ᠢᠶᠠᠨ ᠢᠯᠡᠷᠬᠡᠶᠢᠯᠡᠬᠦ ᠪᠡᠷ ᠠᠮᠣᠨᠴᠤᠳ ᠤᠨ ᠨᠤᠲᠤᠭ ᠲᠤ ᠬᠦᠷᠴᠦ᠂ ᠬᠠᠨᠦ᠋ᠨ ᠳᠡᠭᠡᠷ᠎ᠡ ᠣᠴᠢᠯ᠎ᠠ᠃ 3 ᠬᠠᠷᠢᠨ ᠠᠮᠣᠨᠴᠤᠳ ᠤᠨ ᠨᠣᠶᠠᠳ ᠨᠢ ᠬᠠᠨᠦ᠋ᠨ ᠳᠤ᠄ 《ᠳ᠋ᠠᠸᠢᠳ᠋ ᠡᠮᠭᠡᠨᠢᠯ ᠢᠯᠡᠷᠬᠡᠶᠢᠯᠡᠭᠴᠢᠳ ᠢ ᠢᠯᠡᠭᠡᠭᠰᠡᠨ ᠤᠴᠢᠷ ᠠᠴᠠ ᠲᠠᠨ ᠤ ᠡᠴᠢᠭᠡ ᠶᠢ ᠬᠦᠨᠳᠦᠯᠡᠵᠦ ᠪᠠᠢᠭ᠎ᠠ ᠭᠡᠵᠦ ᠲᠠᠨ ᠳᠤ ᠪᠣᠳᠣᠭᠳᠠᠵᠤ ᠪᠠᠢᠨ᠎ᠠ ᠤᠤ︖ ᠲᠡᠭᠦᠨ ᠦ ᠲᠦᠰᠢᠮᠡᠳ ᠡᠨᠡ ᠨᠤᠲᠤᠭ ᠢ ᠲᠠᠩᠨᠠᠨ ᠲᠤᠷᠰᠢᠵᠤ᠂ ᠰᠦᠢᠷᠡᠭᠦᠯᠬᠦ ᠭᠡᠵᠦ ᠢᠷᠡᠭᠰᠡᠨ ᠪᠢᠰᠢ ᠤᠤ︖》 ᠭᠡᠪᠡ᠃ 4 ᠢᠩᠭᠢᠭᠡᠳ ᠬᠠᠨᠦ᠋ᠨ ᠳ᠋ᠠᠸᠢᠳ᠋ ᠤᠨ ᠲᠦᠰᠢᠮᠡᠳ ᠢ ᠪᠠᠷᠢᠪᠴᠢᠯᠠᠵᠤ᠂ ᠰᠠᠬᠠᠯ ᠢ ᠨᠢ ᠬᠤᠰᠤᠨ᠂ ᠡᠮᠦᠰᠦᠭᠰᠡᠨ ᠬᠤᠪᠴᠠᠰᠤ ᠶᠢ ᠨᠢ ᠬᠣᠷᠮᠣᠢ ᠠᠴᠠ ᠨᠢ ᠥᠭᠡᠵᠡᠭ ᠲᠤᠨᠢ ᠬᠦᠷᠲᠡᠯ᠎ᠡ ᠳᠠᠭᠠᠷᠢᠭᠠᠳ ᠬᠥᠭᠡᠭᠡᠵᠦ ᠶᠠᠪᠤᠭᠤᠯᠪᠠ᠃ 5 ᠬᠥᠮᠦᠰ ᠳ᠋ᠠᠸᠢᠳ᠋ ᠲᠤ ᠣᠴᠢᠵᠤ᠂ ᠨᠥᠭᠥᠭᠡ ᠡᠷᠡᠴᠦᠳ ᠦᠨ ᠲᠤᠬᠠᠢ ᠮᠡᠳᠡᠭᠦᠯᠬᠦ ᠳᠦ᠂ ᠦᠯᠡᠮᠵᠢ ᠶᠡᠬᠡ ᠪᠡᠷ ᠳᠣᠷᠣᠮᠵᠢᠯᠠᠭᠳᠠᠭᠰᠠᠨ ᠨᠥᠭᠥᠭᠡ ᠡᠷᠡᠴᠦᠳ ᠢ ᠤᠭᠲᠤᠭᠤᠯᠬᠤ ᠪᠠᠷ ᠬᠠᠭᠠᠨ ᠡᠯᠴᠢᠳ ᠢᠯᠡᠭᠡᠨ᠄ 《ᠲᠠ ᠨᠠᠷ ᠶᠧᠷᠢᠺᠣ ᠳᠤ ᠪᠠᠢᠵᠤ ᠪᠠᠢᠭᠠᠳ ᠰᠠᠬᠠᠯ ᠢᠶᠠᠨ ᠤᠷᠭᠤᠵᠤ ᠭᠦᠢᠴᠡᠭᠰᠡᠨ ᠦ ᠳᠠᠷᠠᠭ᠎ᠠ ᠪᠤᠴᠠᠵᠤ ᠢᠷ᠎ᠡ》 ᠭᠡᠵᠦ ᠬᠡᠯᠡᠭᠦᠯᠪᠡ᠃

6 ᠠᠮᠣᠨᠴᠤᠳ ᠳ᠋ᠠᠸᠢᠳ᠋ ᠤᠨ ᠠᠭᠤᠷ ᠢ ᠬᠦᠷᠭᠡᠭᠰᠡᠨ ᠢᠶᠡᠨ ᠮᠡᠳᠡᠭᠡᠳ ᠬᠠᠨᠦ᠋ᠨ ᠪᠣᠯᠣᠨ ᠠᠮᠣᠨᠴᠤᠳ ᠠᠷᠠᠮ ᠨᠠᠬᠠᠷᠠᠢᠮ 13 ᠂ ᠠᠷᠠᠮ ᠮᠠᠺᠠ ᠪᠣᠯᠣᠨ ᠽᠣᠪᠠ ᠳᠤ ᠮᠢᠩ᠋ᠭᠠᠨ ᠲᠠᠯᠠᠨᠲ 14 ᠮᠥᠩᠭᠥ ᠶᠠᠪᠤᠭᠤᠯᠤᠭᠠᠳ ᠲᠡᠷᠭᠡ ᠪᠠ ᠮᠣᠷᠢᠲᠤ ᠴᠡᠷᠢᠭ ᠢ ᠬᠥᠯᠥᠰᠥᠯᠡᠨ ᠠᠪᠤᠪᠠ᠃ 7 ᠠᠮᠣᠨᠴᠤᠳ ᠭᠤᠷᠪᠠᠨ ᠲᠦᠮᠡ ᠬᠣᠶᠠᠷ ᠮᠢᠩ᠋ᠭᠠᠨ ᠲᠡᠷᠭᠡ ᠡᠴᠡ ᠭᠠᠳᠠᠨ᠎ᠠ᠂ ᠮᠠᠺᠠ ᠶᠢᠨ ᠬᠠᠭᠠᠨ ᠪᠣᠯᠣᠨ ᠲᠡᠭᠦᠨ ᠦ ᠴᠡᠷᠢᠭ ᠢ ᠬᠥᠯᠥᠰᠥᠯᠡᠨ ᠠᠪᠤᠭᠰᠠᠨ ᠪᠥᠭᠡᠳ ᠲᠡᠳᠡ ᠢᠷᠡᠵᠦ᠂ ᠮᠧᠳᠧᠪᠠ ᠶᠢᠨ ᠡᠮᠦᠨ᠎ᠡ ᠬᠤᠸᠠᠷᠠᠩᠨᠠᠨ ᠪᠠᠭᠤᠪᠠ᠃ ᠠᠮᠣᠨᠴᠤᠳ ᠴᠤ ᠬᠣᠲᠠ ᠨᠤᠭᠤᠳ ᠠᠴᠠ ᠴᠤᠭᠯᠠᠷᠠᠵᠤ ᠢᠷᠡᠭᠡᠳ ᠢᠰᠷᠧᠯ ᠲᠠᠢ ᠳᠠᠢᠲᠤᠬᠤ ᠪᠠᠷ ᠪᠠᠢᠯ᠎ᠠ᠃ 8 ᠳ᠋ᠠᠸᠢᠳ᠋ ᠡᠭᠦᠨ ᠢ ᠰᠣᠨᠣᠰᠣᠭᠠᠳ ᠶᠣᠶᠠᠪ ᠪᠣᠯᠣᠨ ᠳᠠᠢᠴᠢᠨ ᠴᠡᠷᠢᠭ ᠢᠶᠠᠨ ᠶᠠᠪᠤᠭᠤᠯᠪᠠ᠃ 9 ᠲᠡᠭᠡᠬᠦ ᠳᠦ ᠠᠮᠣᠨᠴᠤᠳ ᠭᠠᠷᠴᠤ ᠢᠷᠡᠭᠡᠳ ᠬᠣᠲᠠ ᠶᠢᠨ ᠬᠠᠭᠠᠯᠭᠠᠨ ᠤ ᠡᠮᠦᠨ᠎ᠡ ᠪᠠᠢᠯᠳᠤᠭᠠᠨ ᠤ ᠵᠢᠭᠰᠠᠭᠠᠯ ᠪᠡᠯᠡᠳᠦᠭᠰᠡᠨ ᠪᠠ ᠲᠡᠳᠡᠨ ᠳᠦ ᠲᠤᠰᠠᠯᠠᠬᠤ ᠪᠠᠷ ᠢᠷᠡᠭᠰᠡᠨ ᠬᠠᠭᠠᠳ ᠨᠢ ᠬᠡᠭᠡᠷ᠎ᠡ ᠲᠠᠯ᠎ᠠ ᠳᠤ ᠲᠤᠰ ᠲᠠᠭᠠᠨ ᠪᠠᠢᠷᠢᠯᠠᠭᠰᠠᠨ ᠪᠠᠢᠯ᠎ᠠ᠃

10 ᠶᠣᠶᠠᠪ ᠡᠮᠦᠨ᠎ᠡ ᠨᠢ ᠴᠤ᠂ ᠠᠷᠤ ᠳᠤᠨᠢ ᠴᠤ ᠪᠠᠢᠯᠳᠤᠭᠠᠨ ᠤ ᠵᠢᠭᠰᠠᠭᠠᠯ ᠪᠠᠢᠭ᠎ᠠ ᠶᠢ ᠦᠵᠡᠭᠡᠳ᠂ ᠢᠰᠷᠧᠯ ᠤᠨ ᠬᠠᠮᠤᠭ ᠴᠡᠷᠢᠭ ᠤᠨ ᠰᠢᠯᠢᠳᠡᠭ ᠡᠴᠡ ᠰᠢᠯᠢᠳᠡᠭ ᠢ ᠰᠢᠯᠢᠨ ᠠᠪᠴᠤ᠂ ᠠᠷᠠᠮᠴᠤᠳ ᠤᠨ ᠡᠰᠡᠷᠭᠦ ᠪᠠᠢᠷᠢᠯᠠᠭᠤᠯᠤᠭᠰᠠᠨ ᠪᠥᠭᠡᠳ 11 ᠦᠯᠡᠳᠡᠭᠰᠡᠨ ᠬᠦᠴᠦ ᠶᠢ ᠳᠡᠭᠦᠦ ᠠᠪᠢᠱᠠᠢ ᠶᠢᠨ ᠢᠶᠠᠨ ᠭᠠᠷ ᠲᠤ ᠳᠠᠭᠠᠭᠠᠯᠭᠠᠪᠠ᠃ ᠡᠢᠨ ᠬᠦ ᠲᠡᠳᠡ ᠠᠮᠣᠨᠴᠤᠳ ᠤᠨ ᠡᠰᠡᠷᠭᠦ ᠵᠢᠭᠰᠠᠵᠠᠢ᠃ 12 ᠶᠣᠶᠠᠪ᠄ 《ᠬᠡᠷᠪᠡ ᠠᠷᠠᠮᠴᠤᠳ ᠨᠠᠳᠠ ᠠᠴᠠ ᠬᠦᠴᠦ ᠲᠠᠢ ᠪᠣᠯ ᠴᠢ ᠨᠠᠳᠠ ᠳᠤ ᠲᠤᠰᠠᠯᠠ᠃ ᠬᠠᠷᠢᠨ ᠠᠮᠣᠨᠴᠤᠳ ᠴᠢᠮ᠎ᠠ ᠠᠴᠠ ᠬᠦᠴᠦᠲᠡᠢ ᠪᠣᠯ᠂ ᠪᠢ ᠴᠢᠮ᠎ᠠ ᠳᠤ ᠲᠤᠰᠠᠯᠠᠨ᠎ᠠ᠃ 13 ᠬᠦᠴᠦᠲᠡᠢ ᠪᠠᠢ᠂ ᠠᠷᠠᠳ ᠲᠦᠮᠡᠨ ᠪᠣᠯᠣᠨ ᠪᠤᠷᠬᠠᠨ ᠤ ᠪᠠᠨ ᠬᠣᠲᠠ ᠲᠣᠰᠬᠣᠨ ᠤ ᠲᠥᠯᠥᠭᠡ ᠬᠦᠴᠦ ᠪᠡᠨ ᠡᠷᠭᠦᠶ᠎ᠡ᠃ ᠶᠣᠬᠣᠸᠠ ᠰᠠᠢᠨ ᠭᠡᠵᠦ ᠦᠵᠡᠭᠰᠡᠨ ᠢᠶᠡᠨ ᠪᠡᠶᠡᠯᠡᠭᠦᠯᠦᠨ᠎ᠡ》 ᠭᠡᠪᠡ᠃ 14 ᠶᠣᠶᠠᠪ ᠴᠡᠷᠢᠭ ᠲᠠᠢ ᠪᠠᠨ ᠬᠠᠮᠲᠤ ᠠᠷᠠᠮᠴᠤᠳ ᠲᠠᠢ ᠲᠤᠯᠤᠯᠳᠤᠬᠤ ᠪᠠᠷ ᠣᠢᠷᠠᠲᠤᠬᠤ ᠳᠤ᠂ ᠠᠷᠠᠮᠴᠤᠳ ᠲᠡᠭᠦᠨ ᠦ ᠡᠮᠦᠨ᠎ᠡ ᠡᠴᠡ ᠵᠢᠭᠤᠲᠠᠵᠠᠭᠠᠪᠠ᠃ 15 ᠠᠷᠠᠮᠴᠤᠳ ᠤᠨ ᠵᠢᠭᠤᠲᠠᠬᠤ ᠶᠢ ᠬᠠᠷᠠᠭᠠᠳ ᠠᠮᠣᠨᠴᠤᠳ ᠴᠤ ᠶᠣᠶᠠᠪ ᠤᠨ ᠳᠡᠭᠦᠦ ᠠᠪᠢᠱᠠᠢ ᠶᠢᠨ ᠡᠮᠦᠨ᠎ᠡ ᠡᠴᠡ ᠵᠢᠭᠤᠲᠠᠨ᠂ ᠬᠣᠲᠠ ᠤᠷᠤᠭᠤ ᠪᠠᠨ ᠣᠷᠣᠵᠠᠢ᠃ ᠶᠣᠶᠠᠪ ᠶᠧᠷᠦ᠋ᠰᠠᠯᠧᠮ ᠳᠤ ᠪᠤᠴᠠᠪᠠ᠃

16 ᠠᠷᠠᠮᠴᠤᠳ ᠢᠰᠷᠧᠯ ᠳᠤ ᠢᠯᠠᠭᠳᠠᠭᠰᠠᠨ ᠢᠶᠠᠨ ᠦᠵᠡᠭᠡᠳ ᠡᠯᠴᠢᠳ ᠶᠠᠪᠤᠭᠤᠯᠵᠤ᠂ ᠮᠥᠷᠡᠨ 15  ᠤ ᠴᠢᠨᠠᠳᠤ ᠳᠤ ᠪᠠᠢᠭ᠎ᠠ ᠠᠷᠠᠮᠴᠤᠳ ᠢ ᠢᠷᠡᠭᠦᠯᠪᠡ᠃ ᠤᠳᠤᠷᠢᠳᠤᠭᠴᠢ ᠨᠢ ᠬᠠᠳᠠᠳᠧᠽᠧᠷ ᠤᠨ ᠴᠡᠷᠢᠭ ᠤᠨ ᠵᠠᠩᠵᠤᠨ ᠱᠣᠹᠠᠺ ᠪᠠᠢᠯ᠎ᠠ᠃ 17 ᠡᠨᠡ ᠨᠢ ᠳ᠋ᠠᠸᠢᠳ᠋ ᠲᠤ ᠳᠤᠭᠤᠯᠳᠠᠭᠰᠠᠨ ᠳᠤ᠂ ᠲᠡᠷᠡ ᠬᠠᠮᠤᠭ ᠢᠰᠷᠧᠯ ᠢ ᠴᠤᠭᠯᠠᠭᠤᠯᠵᠤ᠂ ᠶᠣᠷᠳᠠᠨ ᠢ ᠭᠠᠲᠤᠯᠤᠨ ᠲᠡᠳᠡᠨ ᠳᠡᠭᠡᠷ᠎ᠡ ᠢᠷᠡᠵᠦ᠂ ᠲᠡᠳᠡᠨ ᠦ ᠡᠰᠡᠷᠭᠦ ᠵᠢᠭᠰᠠᠭᠠᠪᠠ᠃ ᠳ᠋ᠠᠸᠢᠳ᠋ ᠠᠷᠠᠮᠴᠤᠳ ᠲᠠᠢ ᠲᠤᠯᠤᠯᠳᠤᠬᠤ ᠪᠠᠷ ᠵᠢᠭᠰᠠᠭᠠᠬᠤ ᠳᠤ᠂ ᠠᠷᠠᠮᠴᠤᠳ ᠲᠡᠳᠡᠨ ᠲᠡᠢ ᠲᠤᠯᠤᠯᠳᠤᠵᠤ ᠪᠠᠢᠭᠰᠠᠨ ᠢᠶᠠᠨ 18 ᠢᠰᠷᠧᠯ ᠤᠨ ᠡᠮᠦᠨ᠎ᠡ ᠡᠴᠡ ᠵᠢᠭᠤᠲᠠᠪᠠ᠃ ᠳ᠋ᠠᠸᠢᠳ᠋ ᠠᠷᠠᠮᠴᠤᠳ ᠤᠨ ᠳᠣᠯᠣᠭᠠᠨ ᠮᠢᠩ᠋ᠭᠠᠨ ᠲᠡᠷᠭᠡᠲᠦ ᠴᠡᠷᠢᠭ᠂ ᠳᠥᠷᠪᠡᠨ ᠲᠦᠮᠡᠨ ᠶᠠᠪᠠᠭᠠᠨ ᠴᠡᠷᠢᠭ ᠢ ᠤᠰᠠᠳᠬᠠᠵᠤ᠂ ᠴᠡᠷᠢᠭ ᠤᠨ ᠵᠠᠩᠵᠤᠨ ᠱᠣᠹᠠᠺ ᠢ ᠴᠤ ᠰᠥᠨᠥᠭᠡᠪᠡ᠃ 19 ᠬᠠᠳᠠᠳᠧᠽᠧᠷ ᠤᠨ ᠬᠠᠷᠢᠶᠠᠲᠤ ᠨᠠᠷ ᠢᠰᠷᠧᠯ ᠳᠤ ᠪᠤᠲᠠ ᠴᠣᠬᠢᠭᠳᠠᠭᠰᠠᠨ ᠢᠶᠠᠨ ᠬᠠᠷᠠᠭᠠᠳ᠂ ᠳ᠋ᠠᠸᠢᠳ᠋ ᠲᠠᠢ ᠨᠠᠢᠷᠠᠮᠳᠠᠯ ᠲᠣᠭᠲᠠᠭᠠᠨ ᠲᠡᠭᠦᠨ ᠦ ᠬᠠᠷᠢᠶᠠᠲᠤ ᠪᠣᠯᠪᠠ᠃ ᠢᠩᠭᠢᠭᠡᠳ ᠠᠷᠠᠮᠴᠤᠳ ᠠᠮᠣᠨᠴᠤᠳ ᠲᠤ ᠳᠠᠬᠢᠨ ᠲᠤᠰᠠᠯᠠᠬᠤ ᠳᠤᠷ᠎ᠠ ᠦᠭᠡᠢ ᠪᠣᠯᠵᠠᠢ᠃