ᠱᠠᠰᠲᠢᠷ ᠤᠨ ᠳᠡᠭᠡᠳᠦ ᠬᠣᠷᠢᠨ ᠳᠥᠷᠪᠡ
ᠲᠠᠬᠢᠯᠴᠢᠳ ᠢ ᠬᠤᠪᠢᠶᠠᠷᠢᠯᠠᠭᠰᠠᠨ ᠨᠢ
1 ᠠᠷᠣᠨ ᠤ ᠦᠷ᠎ᠡ ᠤᠳᠤᠮ ᠢ ᠬᠤᠪᠢᠶᠠᠷᠢᠯᠠᠪᠠᠯ᠂ ᠠᠷᠣᠨ ᠤ ᠬᠥᠪᠡᠭᠦᠳ᠄ ᠨᠠᠳᠠᠪ᠂ ᠠᠪᠢᠾᠦ᠋᠂ ᠡᠯᠧᠶᠠᠽᠠᠷ᠂ ᠢᠲ᠋ᠠᠮᠠᠷ᠃ 2 ᠭᠡᠪᠡᠴᠦ ᠨᠠᠳᠠᠪ᠂ ᠠᠪᠢᠾᠦ᠋ ᠬᠣᠶᠠᠷ ᠬᠥᠪᠡᠭᠦᠨ ᠦᠭᠡᠢ ᠪᠠᠷ ᠡᠴᠢᠭᠡ ᠡᠴᠡ ᠪᠡᠨ ᠡᠮᠦᠨ᠎ᠡ ᠥᠭᠡᠳᠡ ᠪᠣᠯᠣᠭᠰᠠᠨ ᠲᠤᠯᠠ ᠡᠯᠧᠶᠠᠽᠠᠷ᠂ ᠢᠲ᠋ᠠᠮᠠᠷ ᠲᠠᠬᠢᠯᠴᠢᠳ ᠪᠣᠯᠪᠠ᠃ 3 ᠳ᠋ᠠᠸᠢᠳ᠋ ᠪᠠᠷ ᠡᠯᠧᠶᠠᠽᠠᠷ ᠤᠨ ᠤᠳᠤᠮ ᠤᠨ ᠽᠠᠳᠣᠺ᠂ ᠢᠲ᠋ᠠᠮᠠᠷ ᠤᠨ ᠤᠳᠤᠮ ᠤᠨ ᠠᠾᠢᠮᠧᠯᠧᠺ ᠨᠠᠷ ᠢ ᠠᠷᠣᠨ ᠤ ᠤᠳᠤᠮ ᠲᠠᠢ ᠬᠠᠮᠲᠤ ᠠᠵᠢᠯ ᠤᠨ ᠬᠢᠨᠢ ᠡᠭᠦᠷᠭᠡ ᠶᠢᠨ ᠳᠠᠭᠠᠤ ᠬᠤᠪᠢᠶᠠᠪᠠ᠃ 4 ᠡᠯᠧᠶᠠᠽᠠᠷ ᠤᠨ ᠤᠳᠤᠮ ᠤᠨ ᠬᠢᠨ ᠢᠲ᠋ᠠᠮᠠᠷ ᠤᠨ ᠤᠳᠤᠮ ᠤᠨ ᠬᠢᠨ ᠡᠴᠡ ᠢᠯᠡᠭᠦᠦ ᠣᠯᠠᠨ ᠠᠬᠠᠯᠠᠭᠴᠢ ᠲᠠᠢ ᠪᠣᠯᠬᠣᠷ ᠡᠯᠧᠶᠠᠽᠠᠷ ᠤᠨ ᠦᠷ᠎ᠡ ᠤᠳᠤᠮ ᠢ ᠠᠷᠪᠠᠨ ᠵᠢᠷᠭᠤᠭᠠᠨ ᠠᠬᠠᠯᠠᠭᠴᠢ ᠲᠠᠢ᠂ ᠢᠲ᠋ᠠᠮᠠᠷ ᠤᠨ ᠦᠷ᠎ᠡ ᠤᠳᠤᠮ ᠢ ᠨᠠᠢ᠌ᠮᠠᠨ ᠠᠬᠠᠯᠠᠭᠴᠢ ᠲᠠᠢ ᠪᠣᠯᠭᠠᠨ ᠠᠩ᠋ᠬᠢᠯᠠᠪᠠ᠃ 5 ᠠᠷᠢᠭᠤᠨ ᠭᠠᠵᠠᠷ ᠲᠤ ᠪᠤᠷᠬᠠᠨ ᠳᠤ ᠦᠢᠯᠡᠴᠢᠯᠡᠳᠡᠭ᠌ ᠤᠳᠤᠷᠢᠳᠤᠭᠴᠢ ᠡᠯᠧᠶᠠᠽᠠᠷ ᠤᠨ ᠦᠷ᠎ᠡ ᠤᠳᠤᠮ ᠳᠤ ᠴᠤ᠂ ᠢᠲ᠋ᠠᠮᠠᠷ ᠤᠨ ᠦᠷ᠎ᠡ ᠤᠳᠤᠮ ᠳᠤ ᠴᠤ ᠣᠯᠠᠨ ᠪᠠᠢᠭᠰᠠᠨ ᠲᠤᠯᠠ ᠠᠯᠠᠭᠴᠢᠯᠠᠯ ᠦᠭᠡᠢ ᠰᠢᠪᠠᠭ᠎ᠠ ᠲᠠᠲᠠᠵᠤ᠂ ᠲᠡᠳᠡ ᠨᠠᠷ ᠢ ᠬᠤᠪᠢᠶᠠᠵᠠᠢ᠃ 6 ᠡᠯᠧᠶᠠᠽᠠᠷ ᠤᠨ ᠦᠷ᠎ᠡ ᠤᠳᠤᠮ ᠪᠠ ᠢᠲ᠋ᠠᠮᠠᠷ ᠤᠨ ᠦᠷ᠎ᠡ ᠤᠳᠤᠮ ᠡᠭᠡᠯᠵᠢᠯᠡᠨ ᠰᠢᠪᠠᠭ᠎ᠠ ᠲᠠᠲᠠᠵᠤ ᠪᠠᠢᠬᠤ ᠳᠤ᠂ ᠯᠧᠸᠢ ᠬᠥᠮᠦᠨ ᠨᠧᠲ᠋ᠠᠨᠧᠯ ᠤᠨ ᠬᠦᠦ ᠪᠢᠴᠢᠭᠡᠴᠢ ᠱᠧᠮᠠᠢᠶ᠎ᠠ ᠰᠢᠪᠠᠭ᠎ᠠ ᠲᠠᠲᠠᠭᠰᠠᠨ ᠳᠡᠰ ᠳ᠋ᠤᠭᠠᠷ ᠢᠶᠠᠷ ᠲᠡᠳᠡᠨ ᠦ ᠨᠡᠷ᠎ᠡ ᠶᠢ ᠬᠠᠭᠠᠨ᠂ ᠲᠦᠰᠢᠮᠡᠳ᠂ ᠲᠠᠬᠢᠯᠴᠢ ᠽᠠᠳᠣᠺ᠂ ᠠᠪᠢᠶᠠᠲ᠋ᠠᠷ ᠤᠨ ᠬᠦᠦ ᠠᠾᠢᠮᠧᠯᠧᠺ᠂ ᠲᠠᠬᠢᠯᠴᠢᠳ ᠪᠣᠯᠣᠨ ᠯᠧᠸᠢᠴᠦᠳ ᠦᠨ ᠤᠳᠤᠮ ᠤᠨ ᠠᠬᠠᠯᠠᠭᠴᠢᠳ ᠤᠨ ᠡᠮᠦᠨ᠎ᠡ ᠪᠢᠴᠢᠵᠦ ᠪᠠᠢᠯ᠎ᠠ᠃
7 ᠠᠩ᠋ᠬᠠᠨ ᠤ ᠰᠢᠪᠠᠭ᠎ᠠ ᠶᠧᠬᠣᠢᠶᠠᠷᠢᠪ ᠳᠡᠭᠡᠷ᠎ᠡ ᠢᠷᠡᠵᠦ᠂ ᠬᠣᠶᠠᠳᠠᠬᠢ ᠨᠢ ᠶᠧᠳᠠᠢᠶ᠎ᠠ᠂ 8 ᠭᠤᠷᠪᠠᠳᠠᠬᠢ ᠨᠢ ᠬᠠᠷᠢᠮ᠂ ᠳᠥᠷᠪᠡᠳᠡᠬᠢ ᠨᠢ ᠰᠧᠶᠣᠷᠢᠮ᠂ 9 ᠲᠠᠪᠤᠳᠠᠬᠢ ᠨᠢ ᠮᠠᠯᠺᠢᠶ᠎ᠠ᠂ ᠵᠢᠷᠭᠤᠳᠠᠬᠢ ᠨᠢ ᠮᠢᠶᠠᠮᠢᠨ᠂ 10 ᠳᠣᠯᠣᠳᠠᠬᠢ ᠨᠢ ᠬᠠᠺᠣᠽ᠂ ᠨᠠᠢ᠌ᠮᠠᠳᠠᠬᠢ ᠨᠢ ᠠᠪᠢᠶ᠎ᠠ᠂ 11 ᠶᠢᠰᠦᠳᠡᠬᠢ ᠨᠢ ᠶᠧᠱᠦ᠋ᠶ᠎ᠠ᠂ ᠠᠷᠪᠠᠳᠠᠬᠢ ᠨᠢ ᠱᠧᠺᠠᠨᠢᠶ᠎ᠠ᠂ 12 ᠠᠷᠪᠠᠨ ᠨᠢᠭᠡᠳᠡᠬᠢ ᠨᠢ ᠡᠯᠢᠶᠠᠱᠢᠪ᠂ ᠠᠷᠪᠠᠨ ᠬᠣᠶᠠᠳᠠᠬᠢ ᠨᠢ ᠶᠠᠺᠢᠮ᠂ 13 ᠠᠷᠪᠠᠨ ᠭᠤᠷᠪᠠᠳᠠᠬᠢ ᠨᠢ ᠾᠦᠫᠠ᠂ ᠠᠷᠪᠠᠨ ᠳᠥᠷᠪᠡᠳᠡᠬᠢ ᠨᠢ ᠶᠧᠱᠧᠪᠧᠶᠠᠪ᠂ 14 ᠠᠷᠪᠠᠨ ᠲᠠᠪᠤᠳᠠᠬᠢ ᠨᠢ ᠪᠢᠯᠭᠠ᠂ ᠠᠷᠪᠠᠨ ᠵᠢᠷᠭᠤᠳᠠᠬᠢ ᠨᠢ ᠢᠮᠧᠷ᠂ 15 ᠠᠷᠪᠠᠨ ᠳᠣᠯᠣᠳᠠᠬᠢ ᠨᠢ ᠾᠧᠽᠢᠷ᠂ ᠠᠷᠪᠠᠨ ᠨᠠᠢ᠌ᠮᠠᠳᠠᠬᠢ ᠨᠢ ᠬᠠᠫᠢᠽᠧᠽ᠂ 16 ᠠᠷᠪᠠ ᠶᠢᠰᠦᠳᠡᠬᠢ ᠨᠢ ᠫᠧᠲ᠋ᠠᠾᠢᠶᠠ᠂ ᠬᠣᠷᠢᠳᠠᠬᠢ ᠨᠢ ᠶᠡᠾᠧᠽᠺᠧᠯ᠂ 17 ᠬᠣᠷᠢᠨ ᠨᠢᠭᠡᠳᠡᠬᠢ ᠨᠢ ᠶᠠᠺᠢᠨ᠂ ᠬᠣᠷᠢᠨ ᠬᠣᠶᠠᠳᠠᠬᠢ ᠨᠢ ᠭᠠᠮᠦ᠋ᠯ᠂ 18 ᠬᠣᠷᠢᠨ ᠭᠤᠷᠪᠠᠳᠠᠬᠢ ᠨᠢ ᠳ᠋ᠧᠯᠠᠢᠶᠠ᠂ ᠬᠣᠷᠢᠨ ᠳᠥᠷᠪᠡᠳᠡᠬᠢ ᠨᠢ ᠮᠠᠽᠢᠶᠠ ᠳᠡᠭᠡᠷ᠎ᠡ ᠪᠠᠭᠤᠪᠠ᠃ 19 ᠡᠨᠡ ᠳᠡᠰ ᠳ᠋ᠤᠭᠠᠷ ᠢᠶᠠᠷ ᠲᠡᠳᠡ ᠶᠣᠬᠣᠸᠠ ᠶᠢᠨ ᠥᠷᠭᠥᠭᠡᠨ ᠳᠦ ᠣᠷᠣᠵᠤ᠂ ᠢᠰᠷᠧᠯ ᠤᠨ ᠪᠤᠷᠬᠠᠨ ᠶᠣᠬᠣᠸᠠ ᠶᠢᠨ ᠡᠪᠦᠭᠡ ᠡᠴᠢᠭᠡ ᠠᠷᠣᠨ ᠳᠤᠨᠢ ᠲᠤᠰᠢᠶᠠᠭᠰᠠᠨ ᠶᠣᠰᠣᠭᠠᠷ ᠦᠢᠯᠡᠴᠢᠯᠡᠵᠦ ᠪᠠᠢᠯ᠎ᠠ᠃
ᠪᠤᠰᠤᠳ ᠯᠧᠸᠢᠴᠦᠳ
20 ᠯᠧᠸᠢ ᠶᠢᠨ ᠪᠤᠰᠤᠳ ᠦᠷ᠎ᠡ ᠤᠳᠤᠮ᠄ ᠠᠮᠷᠠᠮ ᠤᠨ ᠬᠥᠪᠡᠭᠦᠳ ᠡᠴᠡ ᠱᠦᠪᠠᠶᠧᠯ᠂ ᠱᠦᠪᠠᠶᠧᠯ ᠤᠨ ᠬᠥᠪᠡᠭᠦᠳ ᠡᠴᠡ ᠶᠧᠳ᠋ᠧᠶᠠ᠂ 21 ᠷᠧᠬᠠᠪᠢᠶᠠ ᠠᠴᠠ᠂ ᠷᠧᠬᠠᠪᠢᠶᠠ ᠶᠢᠨ ᠬᠥᠪᠡᠭᠦᠳ ᠡᠴᠡ ᠠᠬᠠᠯᠠᠭᠴᠢ ᠢᠱᠢᠶ᠎ᠠ᠂ 22 ᠢᠽᠬᠠᠷᠴᠤᠳ ᠠᠴᠠ ᠱᠧᠯᠣᠮᠣᠲ᠂ ᠱᠧᠯᠣᠮᠣᠲ ᠤᠨ ᠬᠥᠪᠡᠭᠦᠳ ᠡᠴᠡ ᠶᠠᠬᠠᠲ᠂ 23 ᠾᠧᠪᠷᠣᠨ ᠤ ᠬᠥᠪᠡᠭᠦᠳ ᠡᠴᠡ ᠤᠤᠭᠠᠨ ᠨᠢ ᠶᠧᠷᠢᠶᠠ᠂ ᠤᠳᠠᠭᠠᠬᠢ ᠨᠢ ᠠᠮᠠᠷᠢᠶ᠎ᠠ᠂ ᠭᠤᠷᠪᠠᠳᠠᠬᠢ ᠨᠢ ᠶᠠᠬᠠᠽᠢᠶᠧᠯ᠂ ᠳᠥᠷᠪᠡᠳᠡᠬᠢ ᠨᠢ ᠶᠧᠺᠠᠮᠧᠶᠠᠮ᠂ 24 ᠦᠽᠢᠶᠧᠯ ᠤᠨ ᠬᠥᠪᠡᠭᠦᠳ ᠡᠴᠡ ᠮᠢᠺᠠ᠂ ᠮᠢᠺᠠ ᠶᠢᠨ ᠬᠥᠪᠡᠭᠦᠳ ᠡᠴᠡ ᠱᠠᠮᠢᠷ᠂ 25 ᠮᠢᠺᠠ ᠶᠢᠨ ᠳᠡᠭᠦᠦ ᠢᠱᠢᠶ᠎ᠠ᠂ ᠢᠱᠢᠶ᠎ᠠ ᠶᠢᠨ ᠬᠥᠪᠡᠭᠦᠳ ᠡᠴᠡ ᠽᠧᠺᠠᠷᠢᠶ᠎ᠠ᠂ 26 ᠮᠧᠷᠠᠷᠢ ᠶᠢᠨ ᠬᠥᠪᠡᠭᠦᠳ ᠡᠴᠡ ᠮᠠᠯᠢ ᠪᠣᠯᠣᠨ ᠮᠦᠱᠢ᠂ ᠶᠠᠽᠢᠶᠠ ᠶᠢᠨ ᠬᠥᠪᠡᠭᠦᠳ ᠡᠴᠡ ᠪᠧᠨᠣ᠋᠂ 27 ᠮᠧᠷᠠᠷᠢ ᠶᠢᠨ ᠬᠥᠪᠡᠭᠦᠨ ᠶᠠᠽᠢᠶᠠ ᠠᠴᠠ ᠪᠧᠨᠣ᠋᠂ ᠱᠣᠬᠠᠮ᠂ ᠽᠠᠺᠦ᠋ᠷ᠂ ᠢᠪᠷᠢ᠂ 28 ᠮᠠᠯᠢ ᠡᠴᠡ ᠡᠯᠧᠶᠠᠽᠠᠷ᠂ ᠲᠡᠭᠦᠨ ᠳᠦ ᠬᠥᠪᠡᠭᠦᠨ ᠦᠭᠡᠢ᠂ 29 ᠺᠢᠱ ᠡᠴᠡ ᠺᠢᠱ ᠤᠨ ᠬᠥᠪᠡᠭᠦᠨ ᠶᠧᠷᠠᠮᠧᠯ᠂ 30 ᠮᠦᠱᠢ ᠶᠢᠨ ᠬᠥᠪᠡᠭᠦᠳ᠄ ᠮᠠᠯᠢ᠂ ᠡᠳᠧᠷ᠂ ᠶᠧᠷᠢᠮᠣᠲ᠂ ᠡᠳᠡ ᠪᠣᠯ ᠤᠳᠤᠮ ᠤᠳᠤᠮ ᠢᠶᠠᠷ ᠢᠶᠠᠨ ᠠᠩ᠋ᠬᠢᠯᠠᠭᠳᠠᠭᠰᠠᠨ ᠯᠧᠸᠢ ᠶᠢᠨ ᠦᠷ᠎ᠡ ᠤᠳᠤᠮ ᠪᠢᠯᠡ᠃ 31 ᠡᠳᠡ ᠪᠠᠰᠠ ᠲᠡᠳᠡᠨ ᠦ ᠬᠠᠮᠢᠶᠠᠲᠠᠨ ᠠᠷᠣᠨ ᠤ ᠦᠷ᠎ᠡ ᠤᠳᠤᠮ ᠤᠨ ᠠᠳᠠᠯᠢ ᠳ᠋ᠠᠸᠢᠳ᠋ ᠬᠠᠭᠠᠨ᠂ ᠽᠠᠳᠣᠺ᠂ ᠠᠾᠢᠮᠧᠯᠧᠺ᠂ ᠲᠠᠬᠢᠯᠴᠢᠳ ᠪᠣᠯᠣᠨ ᠯᠧᠸᠢᠴᠦᠳ ᠦᠨ ᠤᠳᠤᠮ ᠤᠨ ᠠᠬᠠᠯᠠᠭᠴᠢᠳ ᠤᠨ ᠡᠮᠦᠨ᠎ᠡ ᠰᠢᠪᠠᠭ᠎ᠠ ᠲᠠᠲᠠᠵᠠᠢ᠃ ᠡᠭᠦᠨ ᠳᠦ ᠤᠤᠭᠠᠨ ᠤ ᠬᠢᠨᠢ ᠤᠳᠤᠮ ᠴᠤ᠂ ᠤᠳᠬᠤᠨ ᠤ ᠬᠢᠨᠢ ᠤᠳᠤᠮ ᠴᠤ ᠢᠯᠭᠠᠭ᠎ᠠ ᠦᠭᠡᠢ ᠪᠠᠢᠯ᠎ᠠ᠃